ᠪᠠᠳᠠᠢ ᠵᠢᠨ ᠵᠢᠷᠠᠨ ᠡᠯᠡᠰᠦᠨ ᠴᠦᠯ ᠦᠨ ᠭᠦᠨ ᠳᠦ


ᠪᠠᠳᠠᠢ ᠵᠢᠨ ᠵᠢᠷᠠᠨ ᠡᠯᠡᠰᠦᠨ ᠴᠦᠯ ᠪᠤᠯ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠠᠯᠠᠱᠠ ᠠᠢᠢᠮᠠᠭ ᠲᠦ ᠪᠠᠢᠢᠵᠦ᠂4.7ᠲᠦᠮᠡᠨ ᠲᠡᠭᠰᠢ ᠲᠦᠷᠪᠡᠯᠵᠢᠨ ᠺᠢᠯᠤᠮᠸᠲ᠋ᠸᠷ ᠲᠠᠯᠠᠪᠠᠢ ᠲᠠᠢ᠂ᠲᠡᠯᠡᠬᠡᠢ ᠵᠢᠨ ᠲᠦᠷᠪᠡᠳᠦᠭᠡᠷ ᠶᠡᠬᠡ ᠡᠯᠡᠰᠦᠨ ᠴᠦᠯ ᠪᠤᠯᠬᠤ ᠶᠤᠮ᠃ᠪᠠᠢᠢᠭᠠᠯᠢ ᠵᠢᠨ ᠤᠷᠴᠢᠨ ᠲᠤᠭᠤᠷᠢᠨ ᠦ ᠨᠦᠭᠦᠴᠡᠯ ᠮᠠᠭᠤ ᠪᠠᠢᠢᠳᠠᠭ ᠡᠴᠡ ᠡᠨᠳᠡᠬᠢ ᠭᠠᠵᠠᠷ ᠨᠢ ᠬᠦᠮᠦᠰ ᠲᠦ ᠡᠷᠲᠡᠨ ᠡᠴᠡ ᠪᠠᠨ 《ᠦᠬᠦᠯ ᠦᠨ ᠲᠠᠯᠠᠢ》ᠭᠡᠵᠦ ᠨᠡᠷᠡᠯᠡᠭᠳᠡᠭᠰᠡᠭᠡᠷ ᠢᠷᠡᠵᠠᠢ᠃

ᠪᠠᠳᠠᠢ ᠵᠢᠨ ᠵᠢᠷᠠᠨ ᠡᠯᠡᠰᠦᠨ ᠴᠦᠯ ᠦᠨ ᠭᠦᠨ ᠳᠦ《ᠰᠦᠮ᠎ᠠ ᠵᠢᠨ ᠵᠢᠷᠠᠨ》ᠭᠡᠳᠡᠭ ᠨᠠᠭᠤᠷ ᠪᠤᠢ᠂ᠲᠡᠷᠡ ᠨᠠᠭᠤᠷ ᠦᠨ ᠬᠦᠪᠡᠭᠡᠨ ᠳᠦ ᠨᠢᠭᠡ ᠪᠦᠷᠢᠳᠦ ᠪᠠᠢᠢᠳᠠᠭ᠃ᠡᠨᠳᠡ ᠮᠦᠨ ᠴᠦ ᠠᠯᠠᠱᠠ ᠪᠠᠷᠠᠭᠤᠨ ᠬᠤᠰᠢᠭᠤᠨ ᠦ ᠬᠠᠮᠤᠭ ᠦᠨ ᠵᠠᠬ᠎ᠠ ᠬᠢᠵᠠᠭᠠᠷ ᠪᠤᠯᠬᠤ ᠪᠠᠳᠠᠢ ᠵᠢᠨ ᠵᠢᠷᠠᠨ ᠭᠠᠴᠠᠭᠠᠨ ᠦ ᠨᠠᠮ ᠦᠨ ᠡᠳᠦᠷ ᠪᠤᠯᠤᠨ ᠭᠠᠴᠠᠭᠠᠨ ᠵᠦᠪᠯᠡᠯ ᠦᠨ ᠭᠠᠵᠠᠷ ᠪᠠᠢᠢᠳᠠᠭ ᠶᠤᠮ᠃ᠡᠷᠬᠢᠨ ᠲᠤᠭᠤᠷᠢᠨ ᠨᠢ ᠡᠯᠡᠰᠦᠨ ᠲᠤᠪᠤ ᠪᠡᠷ ᠬᠦᠷᠢᠶᠡᠯᠡᠭᠳᠡᠭᠰᠡᠨ ᠡᠨᠡ ᠬᠦ ᠨᠠᠭᠤᠷ ᠨᠢ ᠵᠡᠭᠦᠨ ᠲᠠᠯ᠎ᠠ ᠪᠠ ᠡᠮᠦᠨ᠎ᠠ ᠲᠠᠯ᠎ᠠ ᠳᠦ ᠪᠠᠨ ᠵᠢᠭᠠᠬᠠᠨ ᠲᠡᠭᠰᠢ ᠭᠠᠵᠠᠷ ᠲᠠᠢ᠃

ᠤᠷᠤᠢ ᠨᠢ ᠪᠢᠳᠡ ᠮᠠᠯᠴᠢᠨ ᠬᠠᠰ ᠦᠨ ᠳᠦ ᠬᠤᠨᠤᠭᠯᠠᠪᠠ᠃ᠬᠠᠰ ᠦᠨ ᠬᠢᠨ ᠡᠪᠦᠬᠡ ᠲᠡᠭᠡᠳᠦᠰ ᠡᠴᠡ ᠪᠠᠨ ᠡᠨᠳᠡ ᠨᠤᠳᠤᠭᠯᠠᠭᠰᠠᠭᠠᠷ ᠢᠷᠡᠭᠰᠡᠨ ᠪᠦᠭᠡᠳ ᠤᠳᠤ ᠪᠤᠯᠬᠤ ᠳᠦ ᠪᠠᠷᠤᠭ ᠠᠷᠪᠠᠭᠠᠳ ᠦᠶ᠎ᠠ ᠤᠯᠠᠷᠢᠭᠰᠠᠨ ᠪᠠᠢᠢᠨ᠎ᠠ᠃ᠤᠳᠤ ᠰᠦᠮ᠎ᠠ ᠵᠢᠨ ᠵᠢᠷᠠᠨ ᠨᠠᠭᠤᠷ ᠦᠨ ᠡᠨᠳᠡ ᠪᠠᠢᠢᠩᠭ᠋ᠤ ᠨᠤᠳᠤᠭᠯᠠᠳᠠᠭ ᠨᠢ ᠵᠦᠪᠬᠡᠨ ᠲᠦᠷᠪᠡᠭᠡᠨ ᠡᠷᠦᠬᠡ ᠪᠤᠯᠵᠠᠢ᠃ᠬᠠᠰ ᠦᠨ ᠲᠡᠭᠦᠦ ᠬᠠᠰᠴᠢᠯᠠᠭᠤ ᠪᠤᠯ ᠪᠠᠳᠠᠢ ᠵᠢᠨ ᠵᠢᠷᠠᠨ ᠰᠦᠮ᠎ᠠ ᠵᠢ ᠰᠠᠬᠢᠵᠦ ᠰᠠᠭᠤᠭ᠎ᠠ ᠴᠤᠷᠢ ᠵᠢᠨ ᠭᠠᠭᠴᠠ ᠯᠠᠮᠠ ᠪᠤᠯᠬᠤ ᠶᠤᠮ᠃ᠲᠤᠷᠠᠳᠤᠭᠤᠰᠢᠲᠠᠢ ᠨᠢᠭᠡᠨ ᠤᠴᠢᠷ ᠬᠡᠪᠡᠯ᠂ᠬᠠᠰ ᠦᠨ ᠡᠴᠢᠬᠡ ᠰᠠᠮᠳᠠᠨ ᠮᠦᠨ ᠴᠦ ᠡᠨᠡ ᠰᠦᠮ᠎ᠠ ᠵᠢᠨ ᠯᠠᠮᠠ ᠪᠠᠢᠢᠭᠰᠠᠨ ᠪᠦᠭᠡᠳ ᠲᠡᠷᠡᠪᠡᠷ ᠪᠠᠰᠠ ᠡᠮᠴᠢ ᠪᠠᠢᠢᠭᠰᠠᠨ ᠲᠤᠯᠠ ᠡᠯᠡᠰᠦᠨ ᠴᠦᠯ ᠦᠨ ᠮᠠᠯᠴᠢᠳ ᠪᠤᠯᠤᠨ ᠶᠠᠪᠤᠭᠤᠯ ᠦᠨ ᠬᠦᠮᠦᠰ ᠲᠦ ᠡᠮᠴᠢᠯᠡᠵᠦ ᠡᠪᠡᠳᠴᠢᠨ ᠬᠠᠭᠤᠴᠢᠨ ᠦ ᠠᠷᠬᠠᠭ ᠡᠴᠡ ᠨᠢ ᠰᠠᠯᠭᠠᠳᠠᠭ ᠪᠠᠢᠢᠵᠠᠢ ᠭᠡᠨ᠎ᠠ᠃ᠡᠮᠦᠨᠡᠰᠢ ᠪᠠᠨ ᠬᠠᠷᠠᠭᠤᠯᠤᠨ ᠪᠠᠢᠭᠤᠯᠤᠭᠰᠠᠨ ᠡᠨᠡ ᠰᠦᠮ᠎ᠠ ᠨᠢ ᠨᠠᠭᠤᠷ ᠡᠴᠡ ᠬᠠᠮᠤᠭ ᠤᠢᠢᠷᠠᠬᠠᠨ ᠪᠠᠢᠢᠳᠠᠭ᠃ᠡᠨᠡ ᠰᠦᠮ᠎ᠠ ᠨᠢ ᠲᠦᠪᠡᠳ ᠤᠯᠠᠮᠵᠢᠯᠠᠯ ᠦᠨ ᠪᠤᠷᠬᠠᠨ ᠦ ᠰᠦᠮ᠎ᠠ ᠪᠤᠯᠬᠤ ᠪᠦᠬᠡᠳ ᠤᠳᠤ ᠨᠢᠭᠡᠨᠳᠡ ᠬᠤᠶᠠᠷ ᠵᠠᠭᠤ ᠭᠠᠷᠤᠢ ᠵᠢᠯ ᠦᠨ ᠲᠡᠥᠬᠡ ᠲᠠᠢ ᠪᠤᠯᠵᠠᠢ ᠂ᠪᠠᠳᠠᠢ ᠵᠢᠨ ᠵᠢᠷᠠᠨ ᠡᠯᠡᠰᠦᠨ ᠴᠦᠯ ᠳᠦ ᠪᠠᠢᠢᠳᠠᠭ ᠤᠴᠢᠷ ᠡᠴᠡ ᠪᠠᠳᠠᠢ ᠵᠢᠨ ᠵᠢᠷᠠᠨ ᠰᠦᠮ᠎ᠠ ᠬᠡᠳᠡᠭ᠃

ᠡᠯᠡᠰᠦᠨ ᠲᠤᠪᠤ ᠪᠡᠷ ᠬᠦᠷᠢᠶᠡᠯᠡᠭᠳᠡᠭᠰᠡᠨ ᠡᠨᠡ ᠬᠦ ᠨᠠᠭᠤᠷ ᠦᠨ ᠵᠢᠯ ᠦᠨ ᠲᠤᠨᠤᠳᠠᠰᠤᠨ ᠦ ᠬᠡᠮᠵᠢᠶ᠎ᠠ ᠵᠦᠪᠬᠡᠨ ᠬᠡᠳᠦᠨ ᠠᠷᠪᠠᠨ ᠮᠢᠯᠢᠮᠸᠲ᠋ᠸᠷ ᠪᠠᠢᠢᠵᠦ᠂ᠠᠭᠤᠷᠰᠢᠴᠠ ᠵᠢᠨ ᠬᠡᠮᠵᠢᠶ᠎ᠠ ᠨᠢ ᠲᠤᠨᠤᠳᠠᠰᠤᠨ ᠦ ᠬᠡᠮᠵᠢᠶ᠎ᠠ ᠡᠴᠡ ᠪᠠᠨ ᠬᠤᠯᠠ ᠶᠡᠬᠡ ᠪᠠᠢᠢᠳᠠᠭ᠂ᠲᠡᠭᠡᠭ᠍ᠰᠡᠨ ᠠᠳᠠᠯ᠎ᠠ ᠪᠠᠨ ᠡᠨᠡ ᠨᠠᠭᠤᠷ ᠨᠢ ᠬᠠᠳᠠᠵᠦ ᠰᠢᠷᠭᠢᠭ᠍ᠰᠡᠨ ᠦᠭᠡᠢ ᠮᠦᠷᠳᠡᠭᠡᠨ ᠡᠯᠡᠰᠦ ᠮᠠᠩᠬᠠᠨ ᠳᠦ ᠪᠤᠯᠠᠭᠳᠠᠭᠰᠠᠨ ᠦᠭᠡᠢ ᠪᠠᠢᠢᠳᠠᠭ ᠦᠨ ᠤᠴᠢᠷ ᠨᠢ ᠨᠠᠭᠤᠷ ᠦᠨ ᠬᠦᠪᠡᠬᠡᠨ ᠳᠦ ᠮᠠᠰᠢ ᠤᠯᠠᠨ ᠪᠤᠯᠠᠭ ᠪᠠᠢᠢᠳᠠᠭ ᠡᠴᠡ ᠪᠤᠯᠤᠭᠰᠠᠨ ᠶᠤᠮ᠃ᠤᠯᠠᠮᠵᠢᠯᠠᠯ ᠶᠠᠷᠢᠶᠠᠨ ᠳᠦ᠂ᠯᠠᠮᠠ ᠨᠠᠷ ᠨᠤᠮ ᠬᠤᠷᠠᠬᠤ ᠪᠦᠷᠢ ᠨᠠᠭᠤᠷ ᠦᠨ ᠬᠦᠪᠡᠭᠡᠨ ᠦ ᠨᠢᠳᠦᠨ ᠪᠤᠯᠠᠭ ᠡᠴᠡ ᠤᠰᠤ ᠠᠶᠠᠨᠳᠠᠭᠠᠨ ᠤᠷᠬᠢᠯᠤᠨ ᠭᠠᠷᠴᠦ ᠮᠠᠰᠢ ᠭᠤᠣ᠎ᠠ ᠦᠵᠡᠰᠭᠦᠯᠡᠩᠲᠡᠢ ᠬᠠᠷᠠᠭᠳᠠᠳᠠᠭ ᠲᠤᠯᠠ ᠬᠤᠵᠢᠮ ᠦᠨ ᠬᠦᠮᠦᠰ ᠡᠨᠡ ᠬᠦ ᠭᠠᠢᠢᠬᠠᠮᠰᠢᠭ᠌ᠲᠦ ᠪᠤᠯᠠᠭ ᠢ《ᠨᠤᠮ ᠳᠦ ᠰᠠᠭᠤᠬᠤ ᠪᠤᠯᠠᠭ》ᠭᠡᠵᠡᠢ᠃ ᠤᠷᠴᠢᠮ ᠦᠨ ᠵᠢᠯ ᠡᠴᠡ ᠵᠤᠬᠠᠴᠠᠭᠰᠠᠳ ᠠᠷᠪᠢᠳᠤᠭᠰᠠᠨ ᠡᠴᠡ ᠬᠠᠰ ᠦᠨ ᠬᠢᠨ ᠬᠡᠷ ᠬᠦᠷᠢᠶ᠎ᠠ ᠪᠠᠨ ᠶᠡᠬᠡᠳᠭᠡᠵᠦ ᠵᠢᠭᠤᠯᠴᠢᠯᠠᠯ ᠦᠨ ᠦᠢᠯᠡᠰ ᠡᠷᠬᠢᠯᠡᠨ ᠠᠷᠪᠠ ᠭᠠᠷᠤᠢ ᠲᠠᠰᠤᠯᠭ᠎ᠠ ᠬᠡᠷ ᠪᠠᠢᠢᠰᠢᠩ ᠪᠠ ᠨᠢᠭᠡ ᠬᠤᠭᠤᠯᠠᠨ ᠬᠡᠷ ᠲᠠᠢ ᠪᠤᠯᠤᠭᠰᠠᠨ ᠡᠴᠡ ᠨᠢᠭᠡ ᠯᠡ ᠤᠳᠠᠭ᠎ᠠ ᠳᠦ ᠵᠢᠷᠠᠭᠠᠳ ᠬᠦᠮᠦᠨ ᠢ ᠵᠤᠴᠢᠯᠠᠵᠦ ᠲᠡᠢᠢᠯᠳᠡᠭ᠃ᠨᠤᠳᠤᠭ ᠦᠨ ᠡᠮᠴᠢ ᠠᠨ ᠹᠦ᠋ ᠵᠢᠦ ᠵᠢᠨ ᠡᠷᠡᠭᠦᠯ ᠬᠠᠮᠠᠭᠠᠯᠠᠯ ᠦᠨ ᠡᠮᠴᠢᠯᠡᠭᠡᠨ ᠦ ᠭᠠᠵᠠᠷ ᠨᠢ ᠴᠦ ᠡᠨᠳᠡ ᠪᠠᠢᠢᠳᠠᠭ᠃ᠠᠨ ᠹᠦ᠋ ᠵᠢᠦ1976 ᠤᠨ ᠡᠴᠡ ᠨᠤᠲᠤᠭ ᠦᠨ ᠡᠮᠴᠢ ᠵᠢᠨ ᠠᠵᠢᠯ ᠬᠢᠵᠦ᠂1984 ᠤᠨ ᠳᠦ ᠬᠦᠳᠡᠬᠡ ᠲᠤᠰᠬᠤᠨ ᠦ ᠡᠮᠴᠢ ᠵᠢᠨ ᠬᠢᠷᠢ ᠬᠡᠮ ᠦᠨ ᠦᠨᠠᠮᠯᠡᠯ ᠭᠠᠷᠳᠠᠭᠰᠠᠨ ᠪᠠᠢᠢᠨ᠎ᠠ᠂ᠲᠠᠪᠢ ᠶᠢᠰᠦᠲᠠᠢ ᠲᠡᠷᠡᠪᠡᠷ ᠡᠨᠳᠡ ᠨᠢᠭᠡᠨᠳᠡ 36ᠵᠢᠯ ᠠᠵᠢᠯᠯᠠᠵᠠᠢ᠃2001 ᠤᠨ ᠳᠦ ᠨᠢᠭᠡ ᠭᠠᠳᠠᠭᠠᠳᠦ ᠵᠢᠨ ᠮᠡᠷᠭᠡᠵᠢᠯᠲᠡᠨ ᠪᠠᠳᠠᠢ ᠵᠢᠨ ᠵᠢᠷᠠᠨ ᠡᠯᠡᠰᠦᠨ ᠴᠦᠯ ᠳᠦ ᠪᠠᠢᠢᠴᠠᠭᠠᠯᠲᠠ ᠬᠢᠬᠦ ᠳᠦ ᠪᠠᠨ ᠰᠠᠨᠠᠮᠰᠠᠷ ᠦᠭᠡᠢ ᠨᠢᠷᠤᠭᠤ ᠪᠠᠨ ᠬᠡᠮᠳᠦᠬᠡᠬᠡᠳ ᠬᠦᠳᠡᠯᠵᠦ ᠴᠢᠳᠠᠬᠤ ᠦᠭᠡᠢ ᠪᠤᠯᠤᠭᠰᠠᠨ ᠳᠦ ᠠᠨ ᠹᠦ᠋ ᠵᠢᠦ ᠵᠡᠭᠦᠦ ᠲᠦᠭᠡᠨᠡᠯᠭᠡ᠂ᠶᠠᠰᠦ ᠪᠠᠷᠢᠬᠤ᠂ᠰᠤᠷᠤᠭᠤᠯ ᠲᠠᠯᠪᠢᠬᠤ᠂ᠢᠯᠢᠵᠦ ᠨᠤᠬᠤᠯᠠᠬᠤ ᠵᠡᠷᠭᠡ ᠠᠷᠭ᠎ᠠ ᠪᠡᠷ ᠡᠮᠴᠢᠯᠡᠵᠡᠢ᠃ᠮᠠᠷᠭᠠᠰᠢ ᠨᠢ ᠦᠨᠦᠬᠢ ᠮᠡᠷᠭᠡᠵᠢᠯᠲᠡᠨ ᠪᠠᠷᠤᠭ ᠪᠦᠷᠢᠮᠦᠰᠦᠨ ᠡᠳᠡᠭᠡᠷᠡᠵᠦ᠂《ᠦᠨᠡᠬᠡᠷ ᠭᠠᠢᠢᠬᠠᠮᠰᠢᠭᠲᠠᠢ》ᠭᠡᠵᠦ ᠠᠮᠠ ᠬᠠᠮᠬᠢᠯ ᠦᠭᠡᠢ ᠮᠠᠭᠲᠠᠵᠦ ᠪᠠᠢᠢᠭᠰᠠᠨ ᠭᠡᠨ᠎ᠠ᠃2005 ᠤᠨ ᠳᠦ ᠭᠠᠴᠠᠭᠠᠨ ᠳᠦ ᠨᠢ ᠤᠯᠠᠭᠠᠨ ᠨᠤᠤᠨ ᠲᠡᠯᠭᠡᠷᠡᠭᠰᠡᠨ ᠳᠦ ᠠᠮ ᠹᠦ᠋ ᠵᠢᠦ ᠲᠦᠯ ᠲᠤᠰᠬᠤ ᠠᠵᠢᠯ ᠵᠢᠡᠨ ᠲᠠᠯᠪᠢᠵᠦ ᠪᠠᠢᠢᠭᠠᠳ ᠡᠪᠡᠳᠴᠢᠯᠡᠭᠰᠡᠨ ᠬᠡᠥᠬᠡᠳ ᠦᠳ ᠢ ᠡᠮᠨᠡᠯᠭᠡ ᠳᠦ ᠪᠠᠨ ᠠᠪᠴᠢᠷᠠᠨ ᠲᠤᠰᠠᠭᠠᠷᠯᠠᠨ ᠵᠠᠰᠠᠵᠦ᠂ᠢᠳᠡᠵᠦ ᠡᠮᠦᠰᠬᠦ ᠡᠴᠡ ᠨᠢ ᠡᠬᠢᠯᠡᠨ ᠬᠠᠷᠠᠵᠦ ᠬᠠᠷᠭᠠᠯᠵᠠᠨ᠂ᠬᠡᠥᠬᠡᠳ ᠦᠳ ᠢ ᠡᠪᠡᠳᠴᠢᠨ ᠦ ᠠᠶᠤᠯ ᠡᠴᠡ ᠭᠡᠯᠳᠦᠷᠢᠬᠦᠯᠵᠡᠢ᠃2009 ᠤᠨ ᠳᠦ ᠠᠨ ᠹᠦ᠋ ᠵᠢᠦ《ᠪᠦᠬᠦ ᠤᠯᠤᠰ ᠦᠨ ᠬᠦᠳᠡᠭᠡ ᠲᠤᠰᠬᠤᠨ ᠦ ᠰᠢᠯᠢᠳᠡᠭ ᠡᠮᠴᠢ》ᠪᠡᠷ ᠰᠤᠩᠭ᠋ᠤᠭᠳᠠᠵᠠᠢ᠃

ᠪᠠᠳᠠᠢ ᠵᠢᠨ ᠵᠢᠷᠠᠨ ᠰᠦᠮ᠎ᠠ ᠡᠴᠡ ᠠᠶᠠᠷᠯᠠᠬᠤ ᠡᠴᠡ ᠤᠷᠢᠳᠦ ᠰᠦᠨᠢ᠂ᠲᠡᠷᠭᠡᠯ ᠰᠠᠷᠠᠨ ᠡᠯᠡᠰᠦᠨ ᠦ ᠱᠤᠪᠬᠤ ᠳᠦ ᠲᠤᠨᠤᠷᠠᠨ ᠬᠡᠷᠡᠯᠳᠦᠵᠦ᠂ᠤᠭᠳᠠᠷᠭᠤᠢ ᠲᠦᠭᠦᠷᠡᠩ ᠤᠳᠤᠳ ᠠᠨᠢᠪᠠᠯᠵᠠᠨ᠂ᠪᠠᠳᠠᠢ ᠵᠢᠨ ᠵᠢᠷᠠᠨ ᠰᠦᠮ᠎ᠠ ᠰᠠᠷᠠᠨ ᠦ ᠮᠦᠩᠭᠦᠨ ᠲᠤᠶᠠᠭᠠᠨ ᠳᠦ ᠨᠠᠭᠤᠷ ᠦᠨ ᠤᠰᠤᠨ᠎ᠠ ᠪᠦᠷᠳᠤᠢᠢᠵᠦ ᠪᠠᠢᠢᠯ᠎ᠠ᠃《ᠶᠠᠮᠠᠷ ᠵᠢᠷᠤᠭ ᠦᠨ ᠮᠠᠰᠢᠨ ᠠᠪᠤᠪᠠᠯ ᠰᠠᠢᠢᠨ ᠪᠤᠢ?ᠪᠢ ᠴᠦ ᠨᠢᠭᠡ ᠵᠢ ᠠᠪᠬᠤ ᠰᠠᠨᠠᠭ᠎ᠠ ᠲᠠᠢ ᠂ᠭᠤᠶᠤ ᠦᠵᠡᠮᠵᠢ ᠲᠠᠭᠠᠷᠠᠯᠳᠤᠪᠠᠯ ᠵᠢᠷᠤᠭ ᠠᠪᠴᠦ ᠲᠤᠷᠠᠰᠬᠠᠯ ᠦᠯᠡᠳᠡᠭᠡᠬᠦ ᠪᠠᠰᠠ ᠰᠠᠢᠢᠬᠠᠨ ᠶᠤᠮᠰᠠᠨ》ᠭᠡᠵᠦ ᠬᠠᠰ ᠦᠨ ᠬᠡᠯᠡᠭᠰᠡᠨ ᠢ ᠪᠢ ᠬᠡᠨᠡᠳᠲᠡ ᠰᠠᠨᠠᠯ᠎ᠠ᠃(ᠤᠶᠤᠨᠪᠢᠯᠢᠭ᠌ ᠤᠷᠴᠢᠭᠤᠯᠪᠠ)


ᠰᠦᠮ᠎ᠠ ᠵᠢᠨ ᠵᠢᠷᠠᠨ ᠨᠠᠭᠤᠷ ᠦᠨ ᠬᠦᠪᠡᠭᠡᠨ ᠳᠦ ᠨᠤᠳᠤᠭᠯᠠᠵᠦ ᠪᠠᠢᠢᠭ᠎ᠠ ᠲᠦᠷᠪᠡᠨ ᠠᠢᠢᠯ

ᠭᠠᠴᠠᠭᠠᠨ ᠦ ᠨᠠᠮ ᠦᠨ ᠡᠭᠦᠷ ᠪᠠ ᠭᠠᠴᠠᠭᠠᠨ ᠦ ᠵᠦᠪᠯᠡᠯ ᠦᠨ ᠪᠠᠢᠢᠭ᠎ᠠ ᠭᠠᠵᠠᠷ

ᠬᠠᠰ ᠦᠨ ᠬᠢᠨ ᠦ ᠬᠦᠮᠦᠷᠭᠡ

ᠨᠠᠷᠠᠨ ᠦ ᠡᠨ᠋ᠸᠷᠬᠢ ᠪᠡᠷ ᠴᠠᠬᠢᠯᠭᠠᠨ ᠭᠠᠷᠭᠠᠬᠤ ᠰᠢᠰᠲ᠋ᠸᠮ᠂ᠷᠠᠳᠢᠤ᠋ ᠲᠸᠯᠸᠢᠰ ᠦ ᠲᠤᠰᠬᠤᠨ ᠪᠤᠯᠭᠠᠨ ᠳᠦ ᠬᠦᠷᠭᠡᠬᠦ ᠢᠨᠵᠸᠨ᠋ᠸᠷᠢᠩ ᠡᠨᠳᠡᠬᠢ ᠬᠦᠮᠦᠰ ᠲᠦ ᠰᠢᠨ᠎ᠠ ᠠᠮᠢᠳᠤᠷᠠᠯ ᠡᠳ᠋ᠯᠡᠭᠦᠯᠪᠡ

ᠡᠯᠡᠰᠦᠨ ᠴᠦᠯ ᠦᠨ ᠬᠦᠨ ᠳᠦ ᠬᠡᠷᠡᠭᠯᠡᠬᠡᠳ ᠪᠠᠷᠠᠰᠢ ᠦᠭᠡᠢ ᠴᠡᠪᠡᠷ ᠤᠰᠤ  ᠲᠠᠢ ᠪᠠᠢᠢᠳᠠᠭ

ᠬᠠᠰ ᠡᠬᠡᠨᠡᠷ ᠤᠷᠭᠤᠮᠠᠯ ᠲᠠᠢ ᠪᠠᠨ ᠬᠤᠭᠤᠯᠠ ᠬᠢᠵᠦ ᠪᠠᠢᠢᠭ᠎ᠠ ᠨᠢ

ᠭᠠᠷ ᠤᠲᠠᠰᠤᠨ ᠦ ᠲᠤᠭᠯᠠᠭᠠᠨ ᠨᠢ ᠬᠠᠰ ᠦᠨ ᠬᠢᠨ ᠦ ᠦᠳᠡᠰᠢ ᠵᠢᠨ ᠵᠤᠭ᠎ᠠ ᠪᠤᠯᠳᠠᠭ

ᠠᠢᠢᠯ ᠪᠤᠯᠭᠠᠨ ᠳᠦ ᠲᠡᠮᠡᠭᠡ ᠲᠠᠢ ᠪᠠᠢᠢᠳᠠᠭ

ᠵᠤᠭᠠᠴᠠᠭᠰᠠᠳ ᠲᠦ ᠲᠡᠮᠡᠭᠡ ᠤᠨᠤᠭᠤᠯᠤᠨ ᠡᠯᠡᠰᠦᠨ ᠴᠦᠯ ᠵᠢᠡᠷ ᠵᠤᠭᠠᠴᠠᠭᠤᠯᠬᠤ ᠪᠡᠯᠡᠳᠬᠡᠯ ᠬᠢᠵᠦ ᠪᠠᠢᠢᠭ᠎ᠠ ᠨᠢ

ᠰᠦᠮ᠎ᠠ ᠵᠢᠨ ᠵᠢᠷᠠᠨ ᠨᠠᠭᠤᠷ ᠲᠦ ᠢᠷᠡᠭᠰᠡᠨ ᠵᠤᠭᠠᠴᠠᠭᠰᠠᠳ ᠰᠦᠮ᠎ᠠ ᠳᠦ ᠤᠴᠢᠵᠦ ᠮᠦᠷᠭᠦᠯ ᠬᠢᠳᠡᠭ

ᠡᠨᠳᠡ ᠢᠳᠡᠰᠢᠨ ᠨᠤᠭᠤᠭ᠎ᠠ ᠲᠠᠷᠢᠵᠦ ᠪᠠᠢᠢᠳᠠᠭ

ᠪᠠᠳᠠᠢ ᠵᠢᠨ ᠵᠢᠷᠠᠨ ᠰᠦᠮ᠎ᠠ

ᠨᠤᠳᠤᠭ ᠦᠨ ᠡᠮᠴᠢ ᠠᠨ ᠹᠦ᠋ ᠵᠢᠦ ᠦᠷᠭᠦᠯᠵᠢ ᠡᠮ ᠡᠮᠨᠡᠯᠭᠡ ᠵᠢᠨ ᠨᠤᠮ ᠰᠤᠳᠤᠯᠵᠦ ᠰᠠᠭᠤᠳᠠᠭ

ᠬᠠᠰ ᠦᠨ ᠬᠢᠨ ᠦ ᠵᠢᠭᠤᠯᠴᠢᠯᠠᠯ ᠦᠨ ᠦᠢᠯᠡᠰ ᠵᠤᠭᠠᠴᠠᠭᠰᠠᠳ ᠲᠦ ᠶᠡᠬᠡ ᠲᠠᠭᠠᠯᠠᠭᠳᠠᠳᠠᠭ


ᠵᠤᠬᠢᠶᠠᠭᠴᠢ᠄ ᠢᠦᠢ ᠳᠠ ᠷᠦᠢ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 604
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁