ᠭᠠᠯᠠᠭᠤ ᠪᠤᠴᠠᠬᠤ ᠨᠠᠮᠤᠷ ᠤᠨ ᠰᠡᠬᠦᠯᠴᠢ


ᠭ· ᠡᠷᠳᠡᠨᠢᠪᠢᠯᠢᠭ᠌᠂ ᠰᠢᠯᠢ ᠶᠢᠨ ᠭᠣᠣᠯ ᠠᠢ᠌ᠮᠠᠭ ᠤᠨ ᠰᠢᠯᠣᠭᠣᠨ ᠬᠦᠬᠡ ᠬᠣᠰᠢᠭᠣᠨ ᠤ ᠪᠣᠱᠣᠣᠳᠠᠢ ᠰᠣᠮᠣᠨ ᠤ ᠨᠡᠬᠥᠳᠡᠬᠡᠢ ᠭᠠᠴᠠᠭᠠᠨ ᠤ ᠮᠠᠯᠴᠢᠨ ᠭᠠᠯᠳᠠᠠᠳᠣᠷᠵᠢ᠂ ᠶᠥᠮᠣᠩᠰᠦ ᠶᠢᠨ ᠬᠦᠪᠡᠬᠥᠨ ᠪᠣᠯᠵᠣ ᠮᠠᠠᠳᠣᠯᠠᠵᠠᠢ᠃ 1982 ᠣᠨ ᠳᠤ᠂ ᠦᠪᠥᠷ ᠮᠣᠩᠭ᠋ᠣᠯ ᠤᠨ ᠮᠣᠩᠭ᠋ᠣᠯ ᠬᠡᠯᠡ ᠪᠢᠴᠢᠭ᠌ ᠤᠨ ᠲᠣᠰᠬᠠᠢ ᠮᠡᠷᠬᠡᠵᠢᠯ ᠤᠨ ᠰᠣᠷᠭᠠᠭᠣᠯᠢ ᠡᠴᠡ ᠲᠡᠬᠥᠰᠴᠦ ᠠᠵᠢᠯ ᠤᠨ ᠭᠠᠷᠣᠭ᠎ᠠ ᠠᠪᠣᠭᠠᠳ᠂ ᠰᠡᠬᠥᠯᠡᠷ ᠨᠢ ᠬᠠᠣᠯᠢ ᠶᠢᠨ ᠣᠬᠠᠭᠠᠨ ᠰᠣᠷᠴᠣ᠂ ᠠᠵᠣ ᠠᠬᠣᠢ ᠶᠢᠨ ᠬᠠᠮᠢᠶᠠᠷᠣᠯᠳᠠ ᠶᠢᠨ ᠴᠢᠭ᠍ᠯᠠᠯ ᠶᠢᠡᠷ ᠰᠣᠳᠣᠯᠬᠣ ᠰᠣᠷᠣᠭᠴᠢ ᠲᠡᠬᠥᠰᠴᠡᠢ᠃

ᠨᠠᠶᠠᠭᠠᠳ ᠣᠨ ᠤ ᠡᠬᠢᠨ ᠡᠴᠡ ᠣᠷᠠᠨ ᠪᠦᠲᠦᠬᠡᠯ ᠶᠢᠡᠨ ᠨᠡᠢᠢᠳᠡᠯᠠᠬᠥᠯᠵᠦ᠂ 《ᠪᠠᠶᠠᠨ ᠵᠢᠷᠥᠬᠡ》᠂ 《 ᠬᠣᠯᠠ ᠶᠢᠨ ᠠᠭᠣᠯᠠ》᠂ 《 ᠡᠷᠬᠡ ᠴᠢᠯᠦᠬᠡ 》᠂ 《 ᠨᠠᠷᠠ ᠰᠠᠯᠬᠢ ᠨᠠᠪᠳᠠ ᠦᠵᠡᠭ᠍ᠳᠡᠬᠥ ᠨᠠᠷᠢᠨ ᠭᠣᠣᠯ 》᠂ 《 ᠴᠠᠭ ᠤᠨ ᠬᠣᠷ᠎ᠠ 》᠂ 《 ᠲᠠᠯᠠᠨ ᠬᠠᠷ᠎ᠠ》᠂ 《 ᠠᠯᠳᠠᠨ ᠰᠢᠷᠣᠢ 》᠂ 《 ᠨᠠᠮᠣᠷ ᠤᠨ ᠴᠠᠭ ᠲᠤ ᠨᠠᠢ᠌ᠷᠠᠭ ᠡᠢᠪᠢᠯᠬᠥ ᠣᠴᠢᠷ 》 ᠵᠠᠷᠬᠡ ᠣᠯᠠᠨ ᠰᠢᠯᠥᠭ ᠨᠢ ᠣᠯᠠᠨ ᠳᠤ ᠲᠠᠭᠠᠰᠢᠶᠠᠭᠳᠠᠵᠣ᠂ ᠵᠠᠷᠢᠮ ᠰᠢᠯᠥᠭ ᠨᠢ ᠬᠢᠳᠠᠳ ᠶᠢᠡᠷ ᠨᠡᠢᠢᠳᠡᠯᠡᠭ᠍ᠳᠡᠵᠡᠢ᠃ ᠣᠳᠣ ᠲᠠᠷᠠ 《 ᠣᠶᠠᠩᠭ᠎ᠠ ᠶᠢᠨ ᠬᠡᠷᠡᠯ 》 ᠬᠡᠮᠡᠬᠥ ᠰᠢᠯᠥᠭ ᠤᠨ ᠲᠡᠬᠥᠪᠥᠷᠢ ᠪᠠᠨ ᠬᠡᠪᠯᠠᠬᠥᠯᠵᠦ ᠪᠣᠢ᠃ ᠲᠠᠷᠠ ᠪᠠᠷ ᠣᠳᠣ ᠦᠪᠥᠷ ᠮᠣᠩᠭ᠋ᠣᠯ ᠤᠨ ᠦᠪᠡᠷᠳᠡᠬᠡᠨ ᠵᠠᠰᠠᠬᠣ ᠣᠷᠣᠨ ᠤ ᠦᠵᠡᠰᠬᠥᠯᠡᠨᠭ᠌ ᠤᠨ ᠣᠷᠳᠣᠨ ᠤ ᠱᠦᠵᠢ ᠶᠢᠨ ᠲᠣᠰᠢᠶᠠᠯ ᠳᠤ ᠠᠵᠢᠯᠯᠠᠵᠣ᠂ ᠲᠠᠳ᠋ ᠰᠣᠳᠣᠯᠣᠭᠴᠢ ᠶᠢᠨ ᠮᠡᠷᠬᠡᠵᠢᠯ ᠤᠨ ᠴᠣᠯᠠ ᠲᠡᠶ᠂ ᠦᠪᠥᠷ ᠮᠣᠩᠭ᠋ᠣᠯ ᠤᠨ ᠦᠪᠡᠷᠳᠡᠬᠡᠨ ᠵᠠᠰᠠᠬᠣ ᠣᠷᠣᠨ ᠤ ᠵᠤᠬᠢᠶᠠᠯᠴᠢᠳ ᠤᠨ ᠡᠪᠯᠠᠯ ᠤᠨ ᠬᠡᠰᠢᠬᠥᠨ ᠶᠣᠮ᠃


ᠮᠢᠨᠣ ᠡᠳᠣᠷ ᠤᠳ


ᠮᠢᠨᠣ ᠡᠳᠣᠷ ᠤᠳ

ᠨᠠᠮ ᠤᠨ ᠰᠣᠨᠢᠨ ᠣᠩᠰᠢᠨ ᠣᠩᠰᠢᠵᠣ

ᠮᠢᠩᠭ᠋ᠠᠨ ᠣᠴᠢᠷ ᠤᠨ ᠲᠣᠪᠴᠢ ᠨᠢ ᠨᠢᠬᠡ ᠬᠡᠵᠦ

ᠨᠠᠮᠠᠢᠢ ᠡᠷᠢᠵᠣ ᠡᠢᠷᠡᠵᠡᠬᠡᠨ ᠰᠢᠢᠳᠪᠥᠷᠢ ᠠᠪᠣᠨ᠎ᠠ ᠬᠡᠵᠦ

ᠴᠥᠷᠬᠡᠯᠡᠳᠡᠬᠥ ᠶᠢ ᠬᠦᠯᠢᠶᠡᠨ᠎ᠡ᠃


ᠮᠢᠨᠣ ᠡᠳᠣᠷ ᠤᠳ

ᠮᠣᠩᠭ᠋ᠣᠯ ᠣᠬᠠᠭᠠᠨ ᠤ ᠴᠢᠳᠠᠯ ᠶᠢᠡᠷ

ᠲᠡᠯᠠᠬᠡᠢ ᠶᠢ ᠲᠠᠨᠢᠭᠰᠠᠨ ᠠᠳᠠᠯ᠎ᠠ

ᠮᠣᠨᠣᠳᠠᠭ ᠦᠭᠡᠶ ᠶᠡᠬᠡ ᠲᠠᠯ᠎ᠠ ᠳᠠᠭᠠᠨ

ᠡᠵᠠᠨ ᠰᠠᠭᠣᠵᠣ ᠴᠢᠳᠠᠬᠣ ᠦᠭᠡᠶ

ᠠᠯᠭᠠᠰᠠᠨ ᠠᠯᠭᠠᠰᠠᠨ ᠥᠩᠬᠡᠷᠡᠨ᠎ᠡ᠃


ᠮᠢᠨᠣ ᠡᠳᠣᠷ ᠤᠳ

ᠮᠣᠢᠩᠬᠡ ᠵᠠᠭᠣᠨ ᠤ ᠬᠡᠯᠬᠢᠶᠡᠨ ᠳᠤ

ᠮᠢᠨᠣ ᠮᠣᠩᠭ᠋ᠣᠯ ᠶᠠᠰᠣᠳᠠᠳ

ᠶᠠᠭᠠᠬᠢᠬᠣ ᠳᠠᠭᠠᠨ ᠨᠢᠬᠡ ᠨᠢᠬᠡ ᠪᠠᠷ

ᠲᠣᠭᠣᠭ᠎ᠠ ᠰᠢᠨᠠᠭ᠎ᠠ ᠰᠠᠯᠭᠠᠴᠢᠬᠠᠵᠣ

ᠬᠣᠭᠣᠷᠣ ᠬᠣᠭᠣᠷᠣᠠᠳᠣ ᠪᠠᠨ ᠬᠡᠮᠡᠯᠢᠯᠲᠦᠬᠥ ᠶᠢ

ᠣᠢ᠌ᠯᠠᠭᠠᠵᠣ ᠶᠠᠳᠠᠨ ᠵᠤᠪᠠᠨ᠎ᠠ᠃


ᠮᠢᠨᠣ ᠡᠳᠣᠷ ᠤᠳ

ᠨᠠᠳᠠ ᠰᠢᠭ ᠰᠣᠨᠢᠨ ᠣᠩᠰᠢᠭᠰᠠᠨ ᠬᠦᠮᠥᠰ

ᠶᠠᠭᠣᠨ ᠳᠠᠭᠠᠨ

ᠨᠠᠷᠠ ᠰᠢᠭ ᠪᠣᠳᠣᠯᠭ᠎ᠠ ᠪᠠᠢ᠌ᠳᠠᠯ᠎ᠠ

ᠨᠠᠢ᠌ᠳᠠ ᠣᠯᠠᠨ ᠳᠠᠭᠠᠨ ᠬᠦᠷᠳᠡᠬᠡᠯ ᠦᠭ᠍ᠬᠥ ᠦᠭᠡᠶ

ᠬᠠᠷᠮᠠᠨ ᠳᠠᠭᠠᠨ ᠲᠠᠷᠣᠬᠣ ᠶᠢ ᠭᠠᠢ᠌ᠬᠠᠨ ᠭᠠᠢ᠌ᠬᠠᠨ ᠡᠮᠬᠡᠨᠢᠨ᠎ᠡ᠃


ᠮᠢᠨᠣ ᠡᠳᠣᠷ ᠤᠳ

ᠨᠠᠷᠠ ᠬᠡᠢ᠌ᠬᠥᠯᠥᠭᠰᠡᠨ ᠬᠡᠷᠡᠯ ᠲᠡᠶ ᠠᠳᠠᠯ᠎ᠠ

ᠨᠠᠳᠠ ᠲᠡᠶ ᠠᠳᠠᠯᠢ

ᠮᠣᠩᠭ᠋ᠣᠯ ᠲᠥᠷᠥᠭᠰᠡᠨ ᠬᠦᠪᠡᠭᠦᠳ ᠦᠬᠢᠥᠨ

ᠶᠠᠮᠠᠷ ᠣᠴᠢᠷ ᠲᠤ ᠶᠠᠷᠢᠬᠤ ᠬᠡᠯᠡ ᠪᠠᠨ ᠦᠬᠡᠷᠡᠴᠢᠯᠡᠮᠡᠨᠵᠢᠨ

ᠡᠢᠳᠡᠬᠥ ᠪᠣᠳᠠᠭ᠎ᠠ ᠪᠠᠨ ᠣᠯᠳᠠᠭ ᠲᠣᠬᠠᠢ ᠳᠤ ᠮᠣᠨᠣᠨ᠎ᠠ᠃


ᠮᠢᠨᠣ ᠡᠳᠣᠷ ᠤᠳ

ᠮᠠᠳᠠᠵᠣ ᠪᠠᠢ᠌ᠪᠠᠴᠣ ᠮᠡᠳᠡᠬᠥ ᠦᠭᠡᠶ ᠰᠢᠭ᠌

ᠲᠠᠯ᠎ᠠ ᠨᠢᠳᠣ ᠪᠠᠨ ᠲᠠᠷᠣᠵᠣ

ᠲᠡᠢᠢᠪᠥᠡᠭ ᠡᠡᠮᠣᠭᠤᠯᠡᠨᠭ᠌ ᠠᠯᠪᠠᠨ ᠳᠠᠭᠠᠨ ᠰᠠᠭᠣᠵᠣ

ᠲᠠᠷᠣᠭ᠎ᠠ ᠶᠢᠨ ᠶᠠᠩᠵᠣ ᠶᠠᠮᠠᠷ ᠪᠠᠢ᠌ᠳᠠᠭ ᠪᠢᠯᠠ ᠬᠡᠵᠦ

ᠲᠠᠯᠠᠭᠠᠷ ᠴᠠᠭ ᠨᠥᠭ᠍ᠴᠢᠬᠡᠵᠦ ᠪᠢᠯᠠᠭᠣᠷᠠᠨ᠎ᠠ᠃


ᠮᠢᠨᠣ ᠡᠳᠣᠷ ᠤᠳ

ᠮᠣᠢᠩᠬᠡ ᠪᠣᠰᠣ ᠪᠠᠨ ᠰᠠᠷᠠᠪᠠᠴᠣ

ᠮᠣᠩᠭ᠋ᠣᠯ ᠣᠬᠠᠭᠠᠨ ᠲᠡᠭ᠍ᠷᠢ ᠲᠣᠯᠬᠣ ᠪᠠᠨ ᠪᠣᠯᠢᠵᠣ

ᠮᠠᠢ᠌ᠵᠢᠬᠢ ᠡᠵᠢ ᠳᠤ ᠮᠢᠨᠢ ᠴᠤ

ᠲᠡᠬᠥᠬᠥ ᠠᠷᠭᠠᠯ ᠣᠯᠳᠠᠬᠣ ᠦᠭᠡᠶ ᠴᠠᠭ ᠲᠤ

ᠮᠠᠭᠣ ᠰᠠᠢ᠌ᠨ ᠬᠡᠳᠥᠨ ᠡᠠᠬ᠎ᠠ ᠲᠡᠬᠥᠤ ᠶᠢᠨ ᠶᠢᠡᠨ ᠲᠣᠬᠠᠢ

ᠲᠥᠮᠨ ᠰᠢᠷᠬᠠᠯᠠᠪᠠᠴᠣ

ᠡᠳᠣᠷ ᠬᠣᠨᠣᠭ ᠦᠳᠡᠬᠡᠷᠬᠥ ᠦᠭᠡᠶ

ᠥᠩᠬᠡᠷᠡᠵᠦ ᠬᠠᠩᠭ᠋ᠠᠢ᠌ᠷᠠᠵᠣ ᠣᠣᠠᠬᠣ ᠳᠤ

ᠦᠷᠤ ᠵᠢᠷᠥᠬᠡ ᠪᠣᠮ ᠣᠷᠠᠭᠳᠠᠵᠣ ᠰᠦᠨᠦᠨ᠎ᠡ᠃


ᠭᠠᠯᠠᠭᠣ ᠪᠣᠴᠠᠬᠣ ᠨᠠᠮᠣᠷ ᠤᠨ ᠰᠡᠬᠥᠯᠴᠢ


ᠪᠤᠴᠡᠬᠣ ᠭᠠᠯᠠᠭᠣᠳ ᠤᠨ ᠭᠠᠩᠭ᠋ᠠᠨᠠᠭ᠎ᠠ ᠶᠢ

ᠡᠵᠢ ᠨᠢᠯᠪᠣᠰᠣ ᠪᠠᠷ ᠶᠢᠡ ᠠᠷᠭᠠᠳᠠᠨ᠎ᠠ

ᠪᠣᠴᠠᠬᠣ ᠭᠠᠯᠠᠭᠣᠳ ᠤᠨ ᠲᠡᠪᠳᠡᠷᠢᠬᠡᠨ ᠳᠤ

ᠨᠠᠭᠣᠷ ᠰᠠᠳᠬᠢᠯ ᠡᠨᠠᠯᠣᠨ᠎ᠠ

ᠬᠦᠢᠳᠡᠨ ᠤ ᠲᠡᠮᠳᠡᠭ ᠮᠡᠳᠡᠭ᠍ᠳᠡᠯ᠎ᠡ ᠬᠡᠵᠦ

ᠠᠪᠣ ᠲᠠᠪᠠᠯ ᠶᠢᠡᠨ ᠲᠠᠪᠬᠣᠷᠯᠠᠨ᠎ᠠ

ᠬᠦᠢᠳᠡᠷᠠᠬᠥ ᠰᠠᠯᠬᠢᠨ ᠤ ᠰᠦᠷ ᠢ ᠠᠵᠢᠭᠠᠳ

ᠬᠠᠳᠠᠭᠣ ᠡᠪᠣᠯ ᠡᠢᠷᠡᠬᠥ ᠨᠢ ᠡ ᠬᠡᠵᠦ ᠰᠣᠪᠢᠨ᠎ᠠ᠃


ᠨᠠᠮᠣᠷ ᠤᠨ ᠲᠡᠭ᠍ᠷᠢ

ᠦᠨᠳᠥᠷ ᠲᠤ ᠴᠠᠯᠮᠠᠢ᠌ᠨ

ᠠᠯᠣᠰ ᠴᠠᠩᠬᠡᠷᠯᠡᠬᠥ ᠳᠤ

ᠨᠠᠭᠠᠳᠣ ᠵᠠᠭᠣᠨ ᠡᠴᠡ ᠬᠡᠲᠦ ᠠᠯᠣᠰ

ᠦᠵᠡᠭ᠍ᠳᠡᠬᠥ ᠮᠠᠳᠣ

ᠪᠣᠳᠣᠯ ᠰᠣᠠᠵᠢᠷᠠᠨ᠎ᠠ

ᠵᠤᠠᠵᠢᠨ ᠬᠡᠬᠡᠷᠡᠯᠡᠭ᠍ᠰᠡᠨ ᠠᠳᠣᠭᠣᠳ

ᠣᠰᠣᠨ ᠲᠠᠷᠭᠣ ᠪᠠᠨ ᠲᠣᠰᠣ ᠪᠠᠷ

ᠰᠣᠯᠢᠬᠤ ᠬᠡᠵᠦ

ᠰᠣᠯᠢ ᠶᠢᠨ ᠨᠠᠮᠠᠭ᠎ᠠ ᠬᠠᠵᠠᠯᠠᠨ

ᠬᠡᠳᠡᠰᠤ ᠰᠣᠢ᠌ᠬᠣ ᠳᠤ

ᠪᠣᠭᠣᠷᠣᠯᠳᠣᠭᠰᠠᠨ ᠡᠪᠠᠰᠣᠨ ᠲᠣᠯᠣᠭᠠᠢ ᠡᠴᠡ

ᠪᠣᠯᠪᠠᠰᠣᠷᠠᠭᠰᠠᠨ ᠣᠢᠷ᠎ᠡ

ᠭᠠᠵᠠᠷ ᠲᠤ ᠪᠠᠭᠣᠨ᠎ᠠ᠃


ᠵᠢᠯ ᠵᠢᠯ ᠤᠨ ᠨᠠᠮᠣᠷ

ᠡᠪᠣᠯ ᠣᠭᠳᠣᠬᠣ ᠬᠡᠵᠦ

ᠡᠨᠠ ᠣᠢᠶ᠎ᠡ ᠬᠦᠢᠳᠡᠷᠠᠬᠥ ᠳᠤ

ᠲᠠᠯ᠎ᠠ ᠴᠢᠯᠳᠠᠢ᠌ᠨ᠎ᠠ᠃

ᠲᠠᠨᠠᠨ ᠴᠠᠭᠠᠨ ᠮᠣᠩᠭ᠋ᠣᠯ ᠬᠡᠷ ᠴᠤ

ᠣᠳᠣᠷ ᠤᠨ ᠲᠠᠠᠵᠢᠨ ᠡᠴᠡ

ᠬᠣᠷᠢᠶᠠᠭᠳᠠᠵᠣ

ᠡᠪᠣᠯᠵᠢᠶ᠎ᠠ ᠵᠦᠭ᠌ ᠨᠡᠬᠥᠨ᠎ᠡ᠃

ᠲᠠᠯ᠎ᠠ ᠲᠡᠶ ᠭᠣᠪᠢ ᠲᠡᠶ

ᠨᠣᠳᠣᠭ

ᠪᠠᠶᠠᠨ ᠪᠠᠢ᠌ᠳᠠᠭ ᠤᠨ ᠣᠴᠢᠷ

ᠲᠠᠩᠰᠣᠭ ᠰᠠᠢ᠌ᠬᠠᠨ ᠪᠠᠢ᠌ᠭᠠᠯᠢ ᠶᠢᠨ

ᠲᠠᠯᠪᠢᠭᠣᠨ ᠠᠭᠠᠯᠢ ᠳᠤ

ᠲᠠᠪᠵᠢᠨ᠎ᠠ᠃


ᠨᠠᠮᠪᠠ ᠲᠡᠶ ᠭᠠᠩᠭ᠋ᠠᠨᠠᠯᠳᠣᠨ ᠵᠠᠯᠡᠯᠠᠬᠥ

ᠨᠠᠮᠣᠷ ᠤᠨ ᠰᠡᠬᠥᠯᠴᠢ ᠶᠢᠨ

ᠭᠠᠯᠠᠭᠣᠳ ᠤᠨ

ᠡᠨᠡᠯᠣᠬᠥᠨ ᠠᠶᠠᠰ

ᠡᠬᠡ ᠲᠡᠯᠠᠬᠡᠢ ᠶᠢ ᠪᠦᠯᠢᠶᠡᠰᠬᠡᠨ

ᠬᠣᠢ᠌ᠳᠣᠨ ᠬᠠᠪᠣᠷ ᠡᠢᠷᠡᠳᠡᠭ

ᠬᠣᠷᠸ᠎ᠠ ᠶᠢᠨ ᠵᠦᠢ

ᠡᠵᠢ ᠶᠢᠨ ᠰᠠᠳᠬᠢᠯ ᠳᠤ

ᠦᠯᠠᠳᠡᠬᠡᠬᠥ

ᠨᠠᠮᠣᠷ ᠪᠣᠯᠭᠠᠨ ᠤ

ᠰᠡᠬᠥᠯᠴᠢ ᠶᠢᠨ

ᠮᠣᠢᠩᠬᠡ ᠶᠢᠨ ᠬᠡᠯᠬᠢᠢ᠎ᠡ ᠪᠣᠯᠣᠨᠠᠮ ᠢ᠎ᠠ᠃


ᠭᠠᠷᠠᠬᠠᠨ ᠬᠠᠷ᠎ᠠ ᠨᠢᠳᠣ


ᠬᠠᠷᠠᠭᠠᠳ ᠪᠠᠢ᠌ᠶ᠎ᠠ ᠬᠡᠬᠥᠯᠡᠷ

ᠬᠠᠢ᠌ᠯᠴᠢᠬᠠᠮᠠᠷ ᠰᠠᠨᠠᠭᠳᠠᠨ᠎ᠠ

ᠬᠠᠨ ᠬᠣᠷᠸ᠎ᠠ ᠡᠪᠥᠬᠡᠷᠡᠭ᠍ᠰᠡᠨ ᠴᠤ

ᠬᠠᠷᠢᠨ ᠴᠢ ᠮᠢᠨᠢ ᠦᠳᠡᠯᠬᠥ ᠦᠭᠡᠶ ᠰᠢᠭ᠌ ᠥᠩᠰᠢᠨ᠎ᠡ᠂

ᠰᠡᠮᠬᠡᠨ ᠬᠠᠷᠠᠬᠣ ᠨᠢᠳᠣᠨ ᠡᠴᠡ

ᠴᠢᠮᠠᠢᠢ ᠰᠥᠷᠠᠬᠡᠢ ᠬᠠᠷᠠᠮᠨᠠᠨ᠎ᠠ

ᠰᠡᠷᠬᠥᠯᠡᠨᠭ᠌ ᠲᠠᠯ᠎ᠠ ᠳᠠᠭᠠᠨ ᠠᠮᠢᠯᠠᠳᠠᠭ

ᠬᠡᠬᠡᠷ᠎ᠡ ᠶᠢᠨ ᠠᠮᠢᠳᠣ ᠰᠠᠯᠬᠢ ᠰᠢᠭ

ᠰᠦᠪᠡᠭ᠍ᠴᠢ ᠲᠡᠶ ᠨᠢᠳᠣᠨ ᠳᠤ ᠴᠢᠨᠢ ᠡᠷᠬᠢᠯᠳᠣᠨ᠎ᠠ᠂

ᠮᠣᠩᠭ᠋ᠣᠯ ᠦᠬᠢᠥᠨ ᠲᠤ ᠯᠠ ᠪᠠᠢ᠌ᠳᠠᠭ

ᠡᠬᠡᠯᠢ ᠲᠡᠶ ᠬᠠᠷᠠᠴᠠᠨ ᠳᠤ ᠴᠢᠨᠢ

ᠡᠨᠠ ᠲᠡᠯᠠᠬᠡᠢ ᠲᠣᠯᠠᠭᠠᠴᠠᠨ᠎ᠠ

ᠰᠠᠭᠠᠯᠢ ᠲᠡᠶ ᠡᠩᠬᠡᠷ ᠲᠤ ᠦᠰᠥᠭᠰᠡᠨ

ᠰᠠᠢ᠌ᠬᠠᠨ ᠲᠠᠷᠠ ᠠᠭᠠᠯᠢᠨ ᠳᠤ ᠴᠢᠨᠢ

ᠰᠠᠷᠠ ᠬᠣᠨᠣᠭᠰᠢᠨ ᠡᠷᠬᠡᠯᠡᠨ᠎ᠡ

ᠪᠦᠬᠥᠯᠢ ᠪᠦᠳᠥᠨ ᠬᠣᠷᠸ᠎ᠠ ᠶᠢ

ᠪᠠᠶ᠎ᠠ ᠰᠠᠳᠬᠢᠯ ᠶᠢᠡᠷ ᠶᠢᠡᠨ ᠠᠷᠭᠠᠳᠠᠭᠰᠠᠨ

ᠴᠢᠨᠣ ᠠᠭᠠᠯᠢᠨ ᠳᠤ ᠡᠢᠨᠠᠭᠰᠢᠨ᠎ᠠ

ᠪᠦᠬᠥᠳᠡᠭ ᠦᠭᠡᠶ ᠮᠣᠩᠭ᠋ᠣᠯ ᠣᠬᠠᠭᠠᠨ ᠤ

ᠡᠬᠢ ᠦᠨᠳᠥᠰᠤ ᠶᠢᠨ ᠣᠠᠳᠣᠷᠣᠭ᠎ᠠ ᠶᠢ

ᠪᠢᠴᠢᠵᠣ ᠪᠠᠢ᠌ᠳᠠᠭ ᠲᠤ ᠬᠦᠷᠬᠢᠷᠡᠨ᠎ᠡ ᠁

ᠠᠭᠣᠯᠠ ᠣᠰᠣ ᠲᠡᠶ ᠪᠠᠨ ᠠᠳᠠᠯᠢ

ᠶᠠᠮᠠᠷᠬᠠᠨ ᠲᠣᠩᠭ᠋ᠠᠯᠠᠭ ᠨᠢᠳᠣ ᠪᠣᠢ

ᠬᠠᠢ᠌ᠷᠠᠳᠣ ᠮᠢᠨᠢ

ᠡᠬᠡᠰᠢᠭ᠌ ᠲᠠᠭᠣᠨ ᠤ ᠨᠣᠭᠣᠯᠣᠭᠠᠨ ᠳᠤ

ᠶᠠᠮᠠᠷᠬᠠᠨ ᠠᠮᠢᠳᠣ ᠴᠣᠯᠬᠢᠭ᠎ᠠ ᠪᠣᠢ

ᠣᠶᠠᠩ‍ᠭ᠎ᠠ ᠮᠢᠨᠢ

ᠣᠬᠠᠭ᠎ᠠ ᠰᠡᠬᠡᠬᠡ ᠶᠢ ᠲᠡᠯᠡᠭ᠍ᠰᠡᠨ

ᠶᠠᠮᠠᠷ ᠠᠭᠣᠳᠠᠮ ᠰᠠᠳᠬᠢᠯ ᠪᠣᠢ

ᠲᠠᠯ᠎ᠠ ᠮᠢᠨᠢ

ᠠᠮᠢᠳᠣᠷᠠᠬᠣ ᠶᠢᠨ ᠴᠠᠩᠬᠡᠷ ᠲᠠᠪᠠᠭᠠᠨ ᠳᠤ

ᠶᠠᠮᠠᠷᠬᠠᠨ ᠪᠠᠳᠣ ᠲᠣᠯᠭ᠎ᠠ ᠪᠣᠢ

ᠲᠠ ᠮᠢᠨᠢ

ᠠᠮᠢᠳᠣ ᠶᠢᠨ ᠡᠨᠠ ᠽᠠᠮᠪᠣᠳᠢᠪ ᠲᠤ

ᠠᠭᠳᠠ ᠶᠢᠨ ᠲᠣᠭᠣᠰᠣ ᠰᠣᠪᠣᠷᠠᠭᠠᠨ

ᠴᠢᠮ᠎ᠠ ᠲᠡᠶ ᠳᠠᠭᠠᠨ ᠲᠦᠬᠥᠷᠡᠨᠭ᠌ ᠬᠣᠷᠸ᠎ᠠ

ᠴᠠᠭᠠᠨ ᠲᠡᠭ᠍ᠷᠢ ᠶᠢᠨ ᠪᠠᠭᠠᠨ᠎ᠠ ᠶᠢ

ᠴᠠᠭ ᠤᠨ ᠡᠷᠬᠢᠨ ᠳᠤ ᠱᠣᠭᠣᠭᠰᠠᠨ

ᠠᠮᠢᠳᠣ ᠪᠦᠷᠢᠯᠦ᠎ᠡ ᠪᠠᠢ᠌ᠵᠣ ᠦᠦ ᠳ᠋‍ᠠ᠂

ᠭᠠᠷᠠᠬᠠᠨ ᠬᠠᠷ᠎ᠠ ᠨᠢᠳᠣ ᠪᠠᠷ ᠴᠢᠨᠢ

ᠴᠣᠭᠣ ᠰᠢᠷᠳᠡᠬᠥᠯᠬᠥ ᠳᠤ

ᠭᠠᠵᠠᠷ ᠤᠨ ᠬᠣᠯᠠ

ᠶᠠᠭᠣᠮ᠎ᠠ ᠦᠭᠡᠶ ᠰᠠᠨᠠᠭᠳᠠᠨ᠎ᠠ᠂

ᠭᠠᠩᠭ᠋ᠡᠨᠭ᠌ ᠬᠠᠷ᠎ᠠ ᠪᠠᠷ ᠶᠢᠠᠨ ᠲᠣᠪᠳᠣᠯᠣᠭᠣᠯᠬᠣ ᠳᠤ

ᠭᠠᠳᠠᠭᠠᠳᠣ ᠲᠠᠯᠠᠢ ᠶᠢᠨ ᠡᠷᠬᠢ ᠴᠤ

ᠡᠨᠡᠬᠥᠬᠡᠨ ᠳᠤ ᠬᠠᠷᠠᠭᠳᠠᠨ᠎ᠠ᠁

ᠬᠠᠷᠠᠭᠠᠳ ᠪᠠᠢ᠌ᠶ᠎ᠠ ᠬᠡᠬᠥᠯᠡᠷ ᠬᠠᠢ᠌ᠯᠴᠢᠬᠠᠮᠠᠷ ᠰᠠᠨᠠᠭᠳᠠᠨ᠎ᠠ᠂

ᠬᠠᠨ ᠬᠣᠷᠸ᠎ᠠ ᠡᠪᠥᠬᠡᠷᠡᠭ᠍ᠰᠡᠨ ᠴᠤ

ᠬᠠᠷᠢᠨ ᠴᠢ ᠮᠢᠨᠢ ᠦᠳᠡᠯᠬᠥ ᠦᠭᠡᠶ ᠰᠢᠭ᠌ ᠥᠩᠰᠢᠨ᠎ᠡ᠁


(ᠬ· ᠪᠦᠬᠡᠮᠡᠨᠳᠥᠯ᠎ᠡ ᠨᠠᠢ᠌ᠷᠠᠭᠣᠯᠪᠠ)

ᠵᠤᠬᠢᠶᠠᠭᠴᠢ ᠶᠢᠨ ᠬᠠᠶᠢᠭ᠄ ᠦᠪᠥᠷ ᠮᠣᠩᠭ᠋ᠣᠯ ᠤᠨ ᠦᠵᠡᠰᠬᠥᠯᠡᠨᠭ᠌ ᠤᠨ ᠣᠷᠳᠣᠨ


ᠵᠤᠬᠢᠶᠠᠭᠴᠢ᠄ ᠭ᠂ᠡᠷᠳᠡᠨᠢᠪᠯᠢᠭ᠌
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 686
ᠴᠠᠭ᠄ 2015 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁