ᠨᠠᠮᠤᠷ ᠤᠨ ᠵᠦᠰᠡ ᠳᠦᠪᠳᠡᠢ ᠶᠢᠨ ᠵᠢᠯᠠᠭ᠎ᠠ ᠶᠢ ᠤᠬᠢᠶᠠᠨ᠎ᠠ

ᠨᠠᠮᠣᠷ ᠤᠨ ᠵᠦᠰᠡ ᠮᠠᠠᠵᠣ ᠨᠣᠳᠣᠭ ᠲᠤ ᠰᠢᠪᠠᠷᠠᠨ᠎ᠠ

ᠨᠠᠳᠬᠣᠬᠣ ᠪᠠᠨ ᠪᠣᠯᠢᠭᠰᠠᠨ ᠮᠠᠨᠠᠨ

ᠠᠭᠣᠯᠠ ᠶᠢᠨ ᠣᠢ ᠡᠴᠡ ᠠᠢ᠌ᠯ ᠣᠷᠣᠭᠣ ᠨᠥᠷᠢᠨ᠎ᠡ

ᠬᠣᠨᠢᠨ ᠰᠥᠷᠥᠭ ᠲᠠᠯ᠎ᠠ ᠡᠴᠡ ᠪᠠᠨ

ᠠᠭᠣᠯᠠᠨ ᠬᠣᠷᠮᠣᠢ ᠵᠦᠭ ᠨᠡᠬᠥᠳᠡᠯᠯᠡᠨ᠎ᠡ

ᠬᠣᠨᠢᠴᠢᠨ ᠤ ᠲᠠᠭᠣ ᠨᠠᠮᠣᠷ ᠤᠨ ᠵᠦᠰᠡ ᠳᠤ ᠴᠢᠬᠢᠭ᠍ᠳᠦᠨ᠎ᠠ


ᠲᠥᠪᠳᠡᠢ ᠶᠢᠨ ᠭᠣᠣᠯ ᠨᠠᠮᠣᠭᠣᠬᠠᠨ ᠬᠢᠩᠰᠢᠨ᠎ᠠ

ᠲᠡᠣᠬᠡ ᠶᠢᠨ ᠲᠡᠷᠳᠡᠬᠡ ᠡᠴᠡ ᠣᠷᠣᠰᠴᠣ ᠡᠢᠷᠡᠭ᠍ᠰᠡᠨ

ᠣᠯᠠ ᠮᠦᠷ ᠲᠣᠷᠠᠢ᠌ᠨ᠎ᠠ

ᠲᠡᠷᠳᠡᠬᠡ ᠠᠯᠣᠰ ᠵᠢᠣᠠᠬᠥᠬᠥ ᠶᠡᠬᠡ ᠰᠠᠨᠠᠭ᠎ᠠ ᠶᠢ ᠨᠢ ᠴᠢᠩᠨᠠᠬᠣ ᠳᠤ

ᠲᠥᠪᠳᠡᠢ ᠶᠢᠨ ᠭᠣᠣᠯ ᠤᠨ ᠲᠠᠠᠵᠢᠨ ᠳᠤ

ᠲᠥᠷᠣᠬᠡ ᠬᠠᠷᠬᠢᠬᠣ ᠴᠢᠮᠡᠬᠡ ᠲᠣᠭᠣᠯᠳᠠᠨ᠎ᠠ

ᠴᠠᠭᠠᠨ ᠬᠣᠰᠣᠨ ᠠᠭᠣᠯᠠᠨ ᠳᠤ ᠬᠦᠷᠬᠥ ᠳᠤ ᠬᠠᠷᠢᠨ

ᠴᠠᠢ᠌ᠷᠠᠵᠣ ᠡᠬᠢᠯᠡᠭ᠍ᠰᠡᠨ ᠨᠠᠮᠣᠷ ᠤᠨ ᠡᠳᠣᠷ ᠤᠨ ᠠᠮᠢᠰᠬᠣᠬᠣ ᠴᠢᠮᠡᠬᠡ ᠮᠡᠳᠡᠭ᠍ᠳᠡᠨ᠎ᠡ


ᠨᠠᠮᠣᠷ ᠤᠨ ᠨᠠᠷᠠ ᠶᠢ ᠪᠦᠬᠥᠯᠢ ᠡᠳᠣᠷ ᠡᠷᠢᠬᠡᠥᠨ ᠣᠯᠣᠭᠰᠠᠨ ᠦᠭᠡᠶ

ᠨᠠᠭᠠᠰᠢ ᠴᠠᠭᠠᠰᠢ ᠰᠥᠯᠵᠢᠯᠳᠥᠭᠰᠡᠨ ᠮᠢᠨᠣ ᠬᠦᠯ ᠤᠨ ᠮᠦᠷ ᠢ

ᠨᠠᠮᠢᠷᠠᠭᠰᠠᠨ ᠲᠣᠷᠭᠠᠨ ᠮᠠᠨᠠᠨ ᠬᠡᠳᠥᠢ ᠳᠤ ᠣᠬᠢᠶᠠᠵᠣ ᠣᠷᠬᠢᠭᠰᠠᠨ ᠢ ᠮᠡᠳᠡᠭ᠍ᠰᠡᠨ ᠦᠭᠡᠶ


ᠵᠤᠬᠢᠶᠠᠭᠴᠢ ᠶᠢᠨ ᠬᠠᠶ‍ᠢᠭ᠄ ᠬᠢᠩᠭ᠋ᠠᠨ ᠠᠢ᠌ᠮᠠᠭ ᠤᠨ ᠡᠳᠣᠷ ᠤᠨ ᠰᠣᠨᠢᠨ ᠤ ᠬᠣᠷᠢᠶ᠎ᠠ

ᠵᠤᠬᠢᠶᠠᠭᠴᠢ᠄ ᠸ᠂ᠬᠠᠰ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 387
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁