ᠴᠠᠬᠠᠷ ᠰᠤᠶᠤᠯ ᠬᠦᠭᠵᠢᠯᠲᠡ ᠵᠢ ᠠᠬᠢᠭᠤᠯᠤᠨ᠎ᠠ

ᠦᠪᠦᠷ ᠮᠤᠩᠭ᠋ᠤᠯ ᠦᠨ ᠴᠠᠬᠠᠷ ᠪᠠᠷᠠᠭᠤᠨ ᠭᠠᠷᠤᠨ ᠬᠤᠢᠢᠳᠦ ᠬᠤᠰᠢᠭᠤ ᠪᠤᠯ ᠴᠠᠬᠠᠷ ᠮᠤᠩᠭ᠋ᠤᠯᠴᠤᠳ ᠦᠨ ᠤᠷᠤᠰᠢᠨ ᠠᠮᠢᠳᠤᠷᠠᠳᠠᠭ ᠭᠠᠵᠠᠷ ᠦᠨ ᠨᠢᠬᠡ ᠪᠤᠯᠬᠤ ᠪᠡᠷ ᠪᠠᠷᠠᠬᠤ ᠦᠬᠡᠢ ᠪᠠᠰᠠ ᠴᠦ ᠤᠯᠠᠭᠠᠨᠴᠠᠪ ᠬᠤᠳᠠ ᠵᠢᠨ ᠴᠠᠬᠠᠷ ᠭᠤᠷᠪᠠᠨ ᠬᠤᠰᠢᠭᠤᠨ ᠦ ᠲᠤᠳᠤᠷᠠᠬᠢ ᠮᠤᠩᠭ᠋ᠤᠯ ᠬᠦᠮᠦᠨ ᠬᠠᠮᠤᠭ ᠡᠴᠡ ᠲᠦᠪᠯᠡᠷᠡᠭᠰᠡᠨ ᠭᠠᠵᠠᠷ ᠪᠤᠯᠬᠤ ᠶᠤᠮ᠃ᠦᠶ᠎ᠠ ᠦᠶ᠎ᠠ ᠵᠢᠨ ᠴᠠᠬᠠᠷᠴᠤᠳ ᠡᠨᠡ ᠨᠤᠲᠤᠭ ᠲᠦ  ᠦᠪᠡᠷᠮᠢᠴᠠ ᠤᠨᠴᠠᠯᠢᠭ ᠪᠦᠬᠦᠢ ᠡᠯᠪᠡᠭ᠌ ᠪᠠᠶᠠᠯᠢᠭ ᠬᠡᠷᠡᠯ ᠰᠠᠴᠤᠷᠠᠩᠭ᠋ᠤᠢ ᠲᠡᠥᠭᠡ ᠰᠤᠶᠤᠯ ᠢ ᠡᠭᠦᠳᠦᠨ ᠪᠦᠳᠦᠭᠡᠭᠰᠡᠨ ᠠᠵᠠᠢ᠃ᠤᠷᠴᠢᠮ ᠦᠨ ᠵᠢᠯ ᠦᠳ ᠲᠦ᠂ᠴᠠᠬᠠᠷ ᠬᠤᠢᠢᠲᠦ ᠬᠤᠰᠢᠭᠤ ᠬᠦᠨ ᠵᠤᠵᠠᠭᠠᠨ ᠲᠡᠥᠬᠡ ᠰᠤᠶᠤᠯ ᠳᠦ ᠪᠠᠨ ᠲᠦᠰᠢᠭᠯᠡᠨ᠂ᠰᠤᠶᠤᠯ ᠵᠢᠡᠷ ᠬᠤᠳᠠ ᠪᠠᠯᠭᠠᠰᠦ ᠪᠠᠨ ᠪᠦᠳᠦᠭᠡᠨ ᠪᠠᠢᠢᠭᠤᠯᠵᠦ᠂ᠤᠳᠤ《ᠰᠤᠶᠤᠯ ᠦᠨ ᠬᠦᠴᠦᠨ ᠵᠢᠡᠷ ᠬᠦᠭᠵᠢᠯᠲᠡ ᠵᠢ ᠠᠬᠢᠭᠤᠯᠬᠤ》ᠰᠡᠳᠭᠢᠴᠡ ᠨᠢ ᠨᠢᠭᠡᠭᠲᠠ ᠪᠦᠬᠦ ᠬᠤᠰᠢᠭᠤᠨ ᠦ ᠬᠠᠮᠳᠦ ᠵᠢᠨ ᠲᠠᠨᠢᠯᠲᠠ ᠪᠤᠯᠵᠠᠢ᠃ᠲᠡᠳᠡ《ᠰᠤᠶᠤᠯ ᠦᠨ ᠬᠦᠴᠦᠷᠭᠡᠭ᠌ ᠬᠤᠰᠢᠭᠤ ᠵᠢ ᠪᠠᠢᠢᠭᠤᠯᠬᠤ》ᠪᠠᠢᠢᠯᠳᠤᠬᠤ ᠪᠤᠳᠤᠯᠭ᠎ᠠ ᠵᠢ ᠬᠡᠷᠡᠭᠵᠢᠬᠦᠯᠵᠦ᠂ᠰᠤᠶᠤᠯ ᠵᠢᠡᠷ ᠤᠳᠤᠷᠢᠳᠤᠮᠵᠢ ᠪᠤᠯᠭᠠᠨ᠂ᠰᠤᠶᠤᠯ ᠵᠢᠡᠷ ᠲᠤᠯᠭᠠᠭᠤᠷᠢ ᠪᠤᠯᠭᠠᠵᠦ᠂ᠰᠤᠶᠤᠯ ᠦᠨ ᠨᠢᠭᠲᠠᠷᠠᠭᠤᠯᠬᠤ ᠬᠦᠴᠦᠨ᠂ᠲᠦᠯᠬᠢᠬᠦ ᠬᠦᠴᠦᠨ ᠪᠠ ᠰᠢᠨ᠎ᠠ ᠵᠢ ᠡᠭᠦᠳᠬᠦ ᠬᠦᠴᠦᠨ ᠢ ᠪᠠᠳᠠᠷᠠᠭᠤᠯᠤᠨ᠂ᠬᠤᠰᠢᠭᠤ ᠤᠷᠤᠨ ᠦ ᠪᠠᠨ ᠠᠵᠦ ᠠᠬᠤᠢ ᠨᠡᠢᠢᠭᠡᠮ ᠦᠨ ᠨᠡᠩ ᠰᠠᠢᠢᠨ ᠨᠡᠩ ᠲᠦᠷᠭᠡᠨ ᠬᠦᠭᠵᠢᠯᠲᠡ ᠵᠢ ᠲᠦᠯᠬᠢᠨ ᠠᠬᠢᠭᠤᠯᠬᠤ ᠰᠠᠷᠠᠭᠤᠯ ᠵᠠᠮ ᠢ ᠡᠷᠢᠯᠬᠢᠯᠡᠵᠦ ᠪᠠᠢᠢᠭ᠎ᠠ ᠶᠤᠮ᠃

2008 ᠤᠨ ᠳᠦ ᠴᠠᠬᠠᠷ ᠰᠤᠶᠤᠯ ᠦᠨ ᠰᠤᠳᠤᠯᠭᠠᠨ ᠦ ᠠᠬᠢᠭᠤᠯᠬᠤ ᠨᠡᠢᠢᠭᠡᠮᠯᠢᠭ᠌ ᠪᠠᠢᠢᠭᠤᠯᠤᠭᠳᠠᠬᠤ ᠵᠠᠪᠰᠢᠶᠠᠨ ᠵᠢᠡᠷ ᠪᠦᠬᠦ ᠬᠤᠰᠢᠭᠤᠨ ᠦ ᠬᠠᠭᠤᠴᠢ ᠦᠯᠡᠳᠡᠭᠳᠡᠯ ᠦᠨ ᠬᠠᠮᠠᠭᠠᠯᠠᠭᠴᠢ᠂ᠰᠤᠶᠤᠯ ᠦᠨ ᠰᠤᠳᠤᠯᠭᠠᠨ ᠦ ᠵᠢᠳᠬᠦᠯᠳᠡᠨ᠂ᠵᠤᠬᠢᠶᠠᠯᠴᠢ ᠡᠷᠳᠡᠮᠲᠡᠨ ᠮᠡᠷᠬᠡᠳ ᠵᠡᠷᠬᠡ ᠦᠨᠳᠦᠰᠦᠲᠡᠨ ᠦ ᠰᠤᠶᠤᠯ ᠦᠨ ᠴᠢᠳᠠᠪᠤᠷᠢᠳᠠᠨ ᠢᠳᠡᠪᠬᠢᠲᠡᠢ ᠬᠦᠳᠡᠯᠦᠯᠴᠡᠨ᠂ᠴᠠᠬᠠᠷ ᠰᠤᠶᠤᠯ ᠵᠢᠡᠨ ᠤᠯᠠᠮ ᠴᠢᠨᠠᠭᠰᠢᠲᠠ ᠠᠭᠤᠳᠠᠯᠤᠨ ᠢᠯᠡᠷᠡᠬᠦᠯᠵᠦ᠂ᠴᠠᠬᠠᠷ ᠰᠤᠶᠤᠯ ᠢ ᠰᠢᠨ᠎ᠠ ᠪᠡᠷ ᠡᠭᠦᠳᠴᠦ ᠬᠦᠭᠵᠢᠬᠦᠯᠬᠦ ᠪᠡᠷ ᠮᠡᠷᠡᠢᠢᠵᠡᠭᠡᠪᠡ᠃ᠬᠡᠳᠦᠬᠡᠨ ᠵᠢᠯ ᠦᠨ ᠬᠤᠭᠤᠷᠤᠨᠲᠦ᠂400ᠰᠢᠬᠠᠮ ᠲᠦᠮᠡᠨ ᠦᠰᠦᠭ ᠪᠦᠬᠦᠢ14ᠪᠤᠳᠢ ᠲᠡᠥᠬᠡ ᠰᠤᠶᠤᠯ ᠦᠨ ᠲᠤᠰᠬᠠᠢ ᠪᠦᠳᠦᠬᠡᠯ ᠲᠤᠭᠤᠷᠪᠢᠪᠠ᠂ᠢᠯᠠᠩᠭ᠋ᠤᠶ᠎ᠠ5 ᠵᠢᠯ ᠦᠨ ᠬᠤᠭᠤᠴᠠᠭ᠎ᠠ ᠵᠠᠷᠤᠴᠠᠭᠤᠯᠵᠦ ᠪᠢᠴᠢᠭᠰᠡᠨ150ᠲᠦᠮᠡᠨ ᠦᠰᠦᠭ ᠪᠦᠬᠦᠢ《ᠴᠠᠬᠠᠷ ᠦᠨ ᠲᠡᠥᠬᠡ》 ᠨᠢ ᠮᠠᠨ ᠦ ᠤᠯᠤᠰ ᠦᠨ ᠴᠦᠬᠡᠨ ᠲᠤᠭᠠᠳᠦ ᠦᠨᠳᠦᠰᠦᠲᠡᠨ ᠦ ᠠᠢᠢᠮᠠᠭ ᠤᠭᠰᠠᠭᠠᠨ ᠦ ᠲᠡᠥᠬᠡ ᠵᠢᠨ ᠰᠤᠳᠤᠯᠭᠠᠨ ᠦ ᠬᠦᠷᠢᠶᠡᠨ ᠳᠡᠬᠢ ᠲᠤᠷᠪᠢᠯᠢᠭ ᠪᠦᠳᠦᠭᠡᠯ ᠪᠤᠯᠤᠭᠰᠠᠨ ᠶᠤᠮ᠃ᠬᠤᠳᠠ ᠵᠢᠨ ᠲᠡᠰ ᠦᠨ ᠪᠤᠳᠠᠰ ᠦᠨ ᠪᠤᠰᠤ ᠰᠤᠶᠤᠯ ᠦᠨ ᠦᠪ ᠢ36ᠵᠦᠢᠯ ᠠᠪᠤᠷᠠᠨ ᠬᠠᠮᠠᠭᠠᠯᠠᠵᠦ᠂ᠪᠤᠳᠠᠰ ᠦᠨ ᠰᠤᠶᠤᠯ ᠦᠨ ᠦᠪ ᠢ180ᠵᠦᠢᠯ ᠠᠭᠤᠳᠠᠯᠯᠠᠨ ᠬᠠᠮᠠᠭᠠᠯᠠᠪᠠ᠃ᠴᠠᠬᠠᠷ ᠰᠤᠷᠪᠤᠯᠵᠢ ᠪᠢᠴᠢᠭ᠌ ᠦᠨ ᠤᠷᠳᠤᠨ᠂ᠴᠠᠬᠠᠷ ᠰᠤᠶᠤᠯ ᠦᠨ ᠤᠷᠳᠤᠨ᠂ᠴᠠᠬᠠᠷ ᠰᠤᠶᠤᠯ ᠤᠷᠠᠯᠢᠭ ᠦᠨ ᠦᠵᠡᠭᠦᠯᠤᠯᠬᠡ ᠵᠢᠨ ᠲᠦᠪ ᠵᠡᠷᠭᠡ ᠵᠢ ᠪᠠᠢᠢᠭᠤᠯᠤᠨ᠂ᠴᠠᠬᠠᠷ ᠰᠤᠶᠤᠯ ᠵᠢᠡᠨ ᠬᠠᠮᠠᠭᠠᠯᠠᠨ ᠤᠯᠠᠮᠵᠢᠯᠠᠵᠦ᠂ᠴᠠᠬᠠᠷ ᠰᠤᠶᠤᠯ ᠦᠨ ᠲᠡᠥᠬᠡᠨ ᠤᠯᠪᠠᠭ᠎ᠠ ᠵᠢ ᠵᠠᠯᠭᠠᠮᠵᠢᠯᠠᠨ᠂ᠴᠠᠬᠠᠷ ᠰᠤᠶᠤᠯ ᠦᠨ ᠰᠤᠳᠤᠯᠭᠠᠨ ᠦ ᠰᠠᠭᠤᠷᠢᠨ ᠭᠠᠵᠠᠷ ᠢ ᠪᠠᠢᠢᠭᠤᠯᠬᠤ ᠳᠦ ᠪᠠᠳᠦ ᠰᠠᠭᠤᠷᠢ ᠲᠠᠯᠪᠢᠪᠠ᠃ᠡᠬᠦᠪᠡᠷ ᠪᠠᠷᠠᠬᠤ ᠦᠭᠡᠢ ᠪᠠᠰᠠ10ᠭᠠᠷᠤᠢ ᠤᠯᠤᠰ ᠦᠨ 30 ᠭᠠᠷᠤᠢ ᠭᠠᠵᠠᠷ ᠤᠷᠤᠨ ᠲᠠᠢ ᠰᠤᠳᠤᠯᠭᠠᠨ ᠦ ᠰᠤᠯᠢᠯᠴᠠᠭ᠎ᠠ ᠬᠠᠮᠳᠤᠷᠠᠯᠴᠠᠭᠠᠨ ᠦ ᠲᠤᠭᠳᠠᠴᠠ ᠪᠠᠢᠢᠭᠤᠯᠵᠠᠢ᠃ᠡᠳᠡᠬᠡᠷ ᠠᠷᠭ᠎ᠠ ᠬᠡᠮᠵᠢᠶ᠎ᠠ ᠨᠢ ᠴᠠᠬᠠᠷ ᠰᠤᠶᠤᠯ ᠦᠨ ᠨᠢᠭᠲᠠᠷᠠᠭᠤᠯᠬᠤ ᠬᠦᠴᠦᠨ ᠬᠢᠬᠡᠳ ᠤᠷᠢᠶᠠᠯᠠᠬᠤ ᠬᠦᠴᠦᠨ  ᠢ ᠲᠦᠢᠯ ᠦᠨ ᠶᠡᠬᠡ ᠪᠡᠷ ᠨᠡᠮᠡᠭᠳᠡᠭᠦᠯᠦᠭᠰᠡᠨ ᠶᠤᠮ᠃

2009ᠤᠨ ᠡᠴᠡ ᠡᠬᠢᠯᠠᠨ᠂ᠴᠠᠬᠠᠷ ᠬᠤᠢᠢᠲᠦ ᠬᠤᠰᠢᠭᠤ ᠴᠠᠬᠠᠷ ᠰᠤᠶᠤᠯ ᠢ ᠲᠤᠰᠬᠠᠬᠤ ᠪᠡᠷ ᠭᠤᠤᠯ ᠰᠡᠳᠦᠪ ᠪᠤᠯᠭᠠᠭᠰᠠᠨ ᠴᠠᠭᠠᠨ ᠰᠠᠷ᠎ᠠ ᠵᠢᠨ ᠦᠳᠡᠰᠢᠯᠡᠬᠡ ᠵᠢ 4 ᠵᠢᠯ ᠲᠠᠷᠠᠭᠠᠯᠠᠨ ᠡᠷᠬᠢᠯᠡᠪᠡ᠃2010ᠤᠨ ᠳᠦ ᠠᠩᠬᠠᠳᠠᠭᠴᠢ ᠴᠠᠬᠠᠷ ᠰᠤᠶᠤᠯ ᠤᠷᠠᠯᠢᠭ ᠦᠨ ᠨᠠᠢᠢᠷ ᠢ ᠠᠮᠵᠢᠯᠲᠠᠲᠠᠢ ᠡᠷᠬᠢᠯᠡᠭᠰᠡᠨ ᠪᠦᠬᠡᠳ ᠴᠠᠬᠠᠷ ᠴᠠᠭᠠᠨ ᠢᠳᠡᠬᠡ᠂ᠴᠠᠬᠠᠷ ᠮᠤᠩᠭ᠋ᠤᠯ ᠢᠳᠡᠭᠡᠨ ᠤᠮᠳᠠᠭᠠᠨ ᠦ ᠦᠢᠯᠡᠰ ᠦᠨ ᠦᠵᠡᠭᠦᠯᠦᠯᠬᠡ ᠵᠢᠨ ᠤᠷᠤᠯᠳᠤᠭᠠᠨ ᠪᠤᠯᠤᠨ ᠪᠤᠯᠪᠠᠰᠤᠷᠠᠭᠤᠯᠤᠯ ᠵᠡᠷᠭᠡ ᠠᠵᠢᠯᠯᠠᠭ᠎ᠠ ᠵᠢ ᠦᠷᠨᠢᠭᠦᠯᠪᠠ᠂ᠡᠳᠡᠬᠡᠷ ᠰᠤᠶᠤᠯ ᠦᠨ ᠠᠵᠢᠯᠯᠠᠭ᠎ᠠ ᠨᠢ《ᠨᠢᠬᠡ ᠤᠳᠠᠭ᠎ᠠ ᠵᠢᠨ ᠨᠠᠢᠢᠷ ᠨᠠᠭᠠᠳᠤᠨ ᠵᠢᠡᠷ ᠨᠢᠭᠡ ᠤᠷᠤᠨ ᠦ ᠠᠵᠦ ᠦᠢᠯᠡᠰ ᠢ ᠲᠠᠢᠢᠴᠢᠯᠠᠨ ᠤᠷᠤᠨ ᠨᠤᠲᠤᠭ ᠦᠨ ᠠᠵᠦ ᠠᠬᠤᠢ ᠳᠦ ᠦᠢᠯᠡᠴᠢᠯᠡᠬᠦ》 ᠵᠢᠨ ᠠᠰᠢᠭ ᠲᠤᠰᠠ ᠵᠢ ᠬᠤᠰᠢᠭᠤ ᠤᠯᠠᠨ ᠳᠦ ᠪᠠᠨ ᠬᠦᠷᠳᠡᠭᠡᠵᠡᠢ᠃ᠴᠠᠬᠠᠷ ᠬᠤᠢᠢᠲᠦ ᠬᠤᠰᠢᠭᠤᠨ ᠦ ᠤᠯᠠᠭᠠᠨᠮᠤᠢᠴᠢᠷ ᠡᠴᠡ ᠵᠤᠬᠢᠶᠠᠨ ᠪᠦᠳᠦᠭᠡᠵᠦ ᠲᠤᠭᠯᠠᠭᠰᠠᠨ ᠵᠠᠩ ᠦᠢᠯᠡ ᠵᠢᠨ ᠲᠠᠭᠤᠯᠠᠯᠲᠦ ᠵᠦᠴᠦᠬᠡ《ᠴᠠᠬᠠᠷ ᠬᠤᠷᠢᠮ》 ᠨᠢ ᠲᠠᠯ᠎᠎ᠠ ᠨᠤᠲᠤᠭ ᠦᠨ ᠰᠤᠶᠤᠯ ᠦᠨ ᠰᠤᠳᠤᠨ ᠪᠦᠳᠦᠬᠡᠯ ᠬᠡᠮᠡᠨ ᠠᠯᠳᠠᠷᠰᠢᠪᠠ᠃ᠴᠠᠬᠠᠷ ᠰᠤᠶᠤᠯ ᠦᠨ ᠦᠨᠡᠳᠦ ᠦᠪ᠂ᠲᠠᠯ᠎ᠠ ᠨᠤᠲᠤᠭ ᠦᠨ ᠰᠤᠶᠤᠯ ᠦᠨ ᠭᠠᠢᠢᠬᠠᠮᠰᠢᠭᠲᠦ ᠡᠷᠳᠡᠨᠢ ᠬᠡᠮᠡᠭᠳᠡᠭᠰᠡᠨ800ᠰᠢᠬᠠᠮ ᠵᠢᠯ ᠦᠨ ᠲᠡᠥᠬᠡ ᠲᠠᠢ ᠤᠯᠠᠮᠵᠢᠯᠠᠯᠲᠦ ᠭᠠᠷ ᠤᠷᠠᠯᠠᠯ ᠪᠤᠯᠬᠤ ᠰᠤᠷ ᠬᠠᠳᠬᠤᠮᠠᠯ ᠢ ᠬᠤᠰᠢᠭᠤᠨ ᠡᠴᠡ ᠭᠤᠤᠯᠳᠠᠯᠭ᠎ᠠ ᠲᠠᠢ ᠲᠡᠳᠭᠦᠨ ᠲᠡᠮᠵᠢᠵᠦ ᠤᠯᠠᠮᠵᠢᠯᠠᠨ ᠲᠡᠯᠭᠡᠷᠡᠬᠦᠯᠵᠦ ᠪᠤᠢ᠃ᠴᠠᠬᠠᠷ ᠠᠢᠢᠮᠠᠭ ᠲᠦ ᠯᠡ ᠤᠯᠠᠮᠵᠢᠯᠠᠭᠳᠠᠵᠦ ᠢᠷᠡᠭᠰᠡᠨ ᠤᠷᠳᠤᠨ ᠦ ᠲᠠᠭᠤᠤ ᠬᠦᠭᠵᠢᠮ ᠦᠨ《ᠠᠰᠠᠷ 》ᠤᠷᠠᠯᠢᠬ ᠨᠢ ᠡᠳᠦᠷ ᠢᠷᠡᠬᠦᠶ᠎ᠠ ᠬᠦᠭᠵᠢᠨ ᠪᠠᠳᠠᠷᠠᠵᠦ᠂2011 ᠤᠨ ᠳᠦ ᠰᠤᠶᠤᠯ ᠦᠨ ᠶᠠᠮᠤᠨ ᠡᠴᠡ ᠴᠠᠬᠠᠷ ᠬᠤᠢᠢᠲᠦ ᠬᠤᠰᠢᠭᠤ ᠵᠢ《ᠲᠤᠮᠳᠠᠳᠦ ᠤᠯᠤᠰ᠂ᠠᠰᠠᠷ ᠲᠠᠭᠤᠤ ᠬᠦᠭᠵᠢᠮ ᠦᠨ ᠦᠯᠦᠬᠡᠢ》ᠬᠡᠮᠡᠨ ᠨᠡᠷᠡᠯᠡᠪᠡ᠃ᠴᠠᠭᠠᠨ ᠢᠳᠡᠭᠡ᠂ᠮᠤᠩᠭ᠋ᠤᠯ ᠢᠳᠡᠬᠡᠨ ᠤᠮᠳᠠᠭᠠᠨ ᠂ᠬᠤᠪᠴᠠᠰᠦ ᠵᠠᠰᠠᠯ ᠮᠡᠳᠦ ᠵᠢᠨ ᠠᠯᠢ ᠤᠯᠠᠨ ᠰᠤᠶᠤᠯ ᠦᠨ ᠲᠦᠷᠦᠯ ᠵᠦᠢᠯ ᠲᠠᠢ ᠬᠠᠷᠭᠠᠯᠵᠠᠭᠰᠠᠨ 16ᠨᠡᠢᠢᠭᠡᠮᠯᠢᠭ᠌ ᠪᠠᠢᠢᠭᠤᠯᠤᠭᠰᠠᠨ ᠵᠢᠡᠷ ᠪᠠᠷᠠᠬᠤ ᠦᠭᠡᠢ ᠨᠡᠢᠢᠭᠡᠮᠯᠢᠭ᠌ ᠵᠢᠡᠷ ᠬᠦᠭᠵᠢᠬᠦᠯᠬᠦ ᠵᠠᠭᠪᠤᠷ ᠢ ᠰᠦᠪᠡᠭᠴᠢᠯᠡᠨ ᠭᠠᠷᠭᠠᠵᠦ᠂ᠡᠯ᠎ᠠ ᠠᠵᠢᠯ ᠲᠦᠷᠦᠯ ᠦᠨ ᠡᠷᠴᠢᠮᠵᠢᠬᠦ᠂ᠨᠡᠷᠡᠲᠦ ᠲᠡᠮᠳᠡᠭᠴᠢᠯᠡᠬᠦ᠂ᠠᠵᠦ ᠦᠢᠯᠡᠰᠴᠢᠯᠡᠬᠦ ᠵᠢ ᠠᠬᠢᠭᠤᠯᠬᠤ ᠵᠢᠨ ᠬᠦᠮᠦᠨ ᠳᠦ ᠠᠵᠢᠯ ᠤᠯᠭᠤᠵᠠᠢ᠃

ᠰᠢᠯᠢᠳᠡᠭ ᠰᠤᠶᠤᠯ ᠢ ᠠᠷᠠᠳ ᠦᠨ ᠠᠮᠢᠳᠤᠷᠠᠯ ᠳᠦ ᠠᠭᠤᠰᠬᠠᠨ ᠠᠷᠠᠳ ᠤᠯᠠᠨ ᠦ ᠬᠦᠷᠢᠶᠡᠯᠡᠯ ᠢ ᠤᠯᠵᠦ᠂ᠦᠨᠳᠦᠰᠦᠲᠡᠨ ᠦ ᠪᠠᠨ ᠰᠤᠶᠤᠯ ᠢ ᠬᠤᠳᠠ ᠪᠠᠯᠭᠠᠰᠦᠨ ᠦ ᠪᠦᠳᠦᠬᠡᠨ ᠪᠠᠢᠢᠭᠤᠯᠤᠯᠲᠠ ᠳᠦ ᠨᠡᠪᠴᠢᠭᠦᠯᠦᠨ ᠲᠡᠯᠡᠬᠡᠢ ᠨᠡᠢᠢᠲᠡ ᠵᠢᠨ ᠠᠩᠬᠠᠷᠤᠯ ᠢ ᠲᠠᠲᠠᠨ᠎ᠠ.ᠢᠩᠬᠢᠭᠰᠡᠨ ᠵᠢᠡᠷ ᠬᠤᠳᠠ ᠵᠢᠨ ᠪᠦᠳᠦᠬᠡᠨ ᠪᠠᠢᠢᠭᠤᠯᠤᠯᠲᠠ ᠵᠢᠨ ᠲᠤᠮᠳᠠ ᠴᠠᠬᠠᠷ ᠰᠤᠶᠤᠯ ᠦᠨ ᠤᠨᠴᠠᠯᠢᠭ ᠭᠠᠵᠠᠷ ᠰᠠᠢ ᠦᠭᠡᠢ ᠬᠠᠷᠠᠭᠳᠠᠬᠤ ᠪᠤᠯᠵᠠᠢ᠃ᠨᠢᠭᠡᠨᠲᠡ ᠪᠠᠢᠢᠭᠤᠯᠤᠭᠰᠠᠨ ᠬᠤᠨᠢᠨᠳᠠᠯᠠᠢ ᠠᠮᠦ ᠠᠬᠤ ᠵᠢᠨ ᠬᠦᠷᠢᠶᠡᠯᠡᠩ᠂ᠴᠠᠬᠠᠷ ᠲᠠᠯᠠᠪᠠᠢ᠂ᠵᠤᠯᠠᠨ ᠲᠠᠯᠠᠪᠠᠢ᠂ᠬᠤᠪᠢᠯᠭᠠᠨ ᠬᠦᠯᠦᠭ ᠵᠡᠷᠬᠡ ᠬᠦᠳᠡᠯᠬᠡᠬᠡᠨ ᠦ ᠲᠠᠯᠠᠪᠤᠷ ᠪᠠ ᠦᠵᠡᠮᠵᠢ ᠰᠤᠭᠤᠮᠠᠯ᠂ᠢᠯᠠᠩᠭ᠋ᠤᠶ᠎ᠠ ᠶᠡᠬᠡ ᠬᠡᠮᠵᠢᠶᠡᠨ ᠦ ᠪᠡᠯᠡ ᠮᠦᠩᠬᠦ ᠵᠠᠷᠤᠴᠠᠭᠤᠯᠵᠦ ᠪᠠᠢᠢᠭᠤᠯᠤᠭᠰᠠᠨ ᠴᠠᠬᠠᠷ ᠦᠨ ᠦᠨᠳᠦᠰᠦᠲᠡᠨ ᠦ ᠵᠠᠩ ᠵᠠᠩᠰᠢᠯ ᠦᠨ ᠬᠦᠷᠢᠶᠡᠯᠡᠩ ᠵᠡᠷᠬᠡ ᠵᠢ ᠴᠠᠬᠠᠷ ᠰᠤᠶᠤᠯ ᠦᠨ ᠰᠢᠨ᠎ᠠ ᠡᠬᠦᠳᠬᠦ ᠬᠦᠴᠦᠨ ᠦ ᠪᠡᠯᠬᠡ ᠲᠡᠮᠳᠡᠭ ᠮᠦᠨ ᠭᠡᠬᠦ ᠳᠦ ᠮᠠᠷᠭᠤᠰᠢ ᠦᠭᠡᠢ ᠶᠤᠮ᠃

ᠬᠦᠭᠵᠢᠯᠲᠡ ᠪᠤᠯ ᠠᠤᠭ᠎ᠠ ᠦᠢᠯᠡᠰ ᠦᠨ ᠤᠷᠢᠳᠠᠯ ᠮᠦᠨ  ᠭᠡᠬᠦ ᠳᠦ ᠰᠤᠶᠤᠯ ᠨᠢ ᠬᠠᠷᠢᠨ ᠬᠦᠭᠵᠢᠯᠲᠡ ᠵᠢᠨ ᠦᠨᠳᠦᠰᠦ ᠪᠤᠯᠳᠠᠭ ᠠᠵᠠᠢ᠃ᠴᠠᠬᠠᠷᠴᠤᠳ ᠮᠠᠨᠢ᠂ᠨᠠᠮ ᠦᠨ ᠠᠷᠪᠠᠨ ᠨᠠᠢᠮᠠᠳᠤᠭᠠᠷ ᠶᠡᠬᠡ ᠬᠤᠷᠠᠯ ᠡᠴᠡ ᠲᠤᠷᠠᠳᠤᠭᠰᠠᠨ《ᠰᠤᠶᠤᠯ ᠦᠨ ᠵᠦᠬᠡᠯᠡᠨ ᠪᠤᠳᠠᠳᠤ ᠬᠦᠴᠦᠨ ᠵᠢᠡᠷ ᠬᠦᠭᠵᠢᠯᠲᠡ ᠵᠢᠨ ᠴᠢᠩᠭ᠋᠎ᠠ ᠪᠤᠳᠠᠳᠤ ᠬᠦᠴᠦᠨ ᠢ ᠨᠡᠮᠡᠭᠳᠡᠬᠦᠯᠬᠦ》ᠬᠢᠬᠡᠳ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ《8337》ᠵᠢᠨ ᠲᠦᠯᠦᠪᠯᠡᠬᠡ ᠳᠦ ᠲᠤᠷᠠᠳᠤᠭᠰᠠᠨ ᠦᠪᠦᠷ ᠮᠤᠩᠭ᠋ᠤᠯ ᠵᠢᠡᠨ《ᠲᠠᠯ᠎ᠠ ᠨᠤᠲᠤᠭ ᠦᠨ ᠰᠤᠶᠤᠯ ᠢ ᠬᠠᠷᠠᠭᠤᠯᠤᠭᠰᠠᠨ ᠤᠮᠠᠷᠠᠲᠦ ᠬᠢᠵᠠᠭᠠᠷ ᠦᠨ ᠦᠪᠡᠷᠮᠢᠴᠡ ᠤᠨᠴᠠᠯᠢᠭ ᠪᠦᠬᠦᠢ ᠵᠤᠭᠠᠴᠠᠯ ᠰᠡᠯᠡᠭᠦᠴᠡᠯ ᠦᠨ ᠰᠠᠭᠤᠷᠢᠨ ᠭᠠᠵᠠᠷ ᠪᠤᠯᠭᠠᠨ ᠪᠦᠳᠦᠬᠡᠨ ᠪᠠᠢᠢᠭᠤᠯᠬᠤ》ᠬᠠᠷᠠᠯᠲᠠ ᠵᠢ ᠴᠢᠷᠮᠠᠢᠢᠨ ᠪᠡᠶᠡᠯᠡᠬᠦᠯᠬᠦ ᠪᠡᠷ ᠢᠳᠡᠭᠡᠯ ᠲᠦᠭᠦᠷᠡᠩ ᠲᠡᠮᠡᠴᠡᠵᠡᠭᠡᠵᠦ ᠪᠠᠢᠢᠨ᠎ᠠ᠃

ᠴᠠᠬᠠᠷ ᠰᠤᠶᠤᠯ ᠦᠨ ᠰᠤᠳᠤᠯᠤᠨ ᠠᠬᠢᠭᠤᠯᠬᠤ ᠨᠡᠢᠢᠬᠡᠮᠯᠢᠭ᠌

ᠪᠦᠬᠦ ᠤᠯᠤᠰ ᠦᠨ ᠠᠷᠠᠳ ᠦᠨ ᠲᠦᠯᠦᠭᠡᠯᠡᠭᠴᠢᠳ ᠦᠨ  ᠶᠡᠬᠡ ᠬᠤᠷᠠᠯ ᠦᠨ ᠪᠠᠢᠢᠩᠭ᠋ᠤ ᠵᠢᠨ ᠬᠤᠷᠢᠶᠠᠨ ᠦ ᠤᠤᠯ ᠦᠨ ᠲᠡᠳ᠋ ᠬᠤᠷᠢᠶᠠᠨ ᠲᠠᠷᠤᠭ᠎ᠠ ᠪᠦᠬᠡ(ᠵᠡᠭᠦᠨ ᠡᠴᠡ 3)ᠨᠡᠢᠢᠬᠡᠮᠯᠢᠭ᠌ ᠦᠨ ᠲᠦᠯᠦᠭᠡᠯᠡᠭᠴᠢ ᠵᠢ ᠬᠦᠯᠢᠶᠡᠨ ᠠᠪᠴᠦ ᠠᠭᠤᠯᠵᠠᠵᠦ ᠪᠠᠢᠢᠭ᠎ᠠ ᠨᠢ

2010ᠤᠨ ᠳᠦ᠂ᠴᠠᠬᠠᠷ ᠴᠠᠭᠠᠨ ᠢᠳᠡᠬᠡᠨ ᠦ ᠠᠵᠦ ᠦᠢᠯᠡᠰ ᠦᠨ ᠨᠡᠢᠢᠭᠡᠮᠯᠢᠭ᠌ ᠪᠠᠢᠢᠭᠤᠯᠤᠭᠳᠠᠭᠰᠠᠨ ᠪᠦᠬᠡᠳ ᠠᠩᠬᠠᠳᠠᠭᠴᠢ ᠤᠳᠠᠭᠠᠨ ᠦ ᠦᠵᠡᠭᠦᠯᠦᠯᠬᠡ ᠵᠢᠨ ᠤᠷᠤᠯᠳᠤᠭᠠᠨ ᠡᠷᠬᠢᠯᠡᠪᠡ


2010 ᠤᠨ ᠳᠦ᠂ᠴᠠᠬᠠᠷ ᠮᠤᠩᠭ᠋ᠤᠯ ᠢᠳᠡᠬᠡᠨ ᠤᠮᠳᠠᠭᠠᠨ ᠦ ᠦᠢᠯᠡᠰ ᠦᠨ ᠨᠡᠢᠢᠭᠡᠮᠯᠢᠭ᠌ ᠪᠠᠢᠢᠭᠤᠯᠤᠭᠳᠠᠭᠰᠠᠨ ᠪᠦᠬᠡᠳ ᠠᠩᠠᠳᠠᠭᠴᠢ ᠤᠳᠠᠭᠠᠨ ᠦ ᠴᠠᠬᠠᠷ ᠰᠤᠶᠤᠯ ᠤᠷᠠᠯᠢᠭ ᠦᠨ ᠨᠡᠢᠢᠷ ᠲᠡᠭᠡᠷ᠎ᠠ ᠰᠢᠯᠭᠠᠷᠠᠭᠤᠯᠤᠯᠲᠠ ᠬᠢᠪᠡ

ᠴᠠᠬᠠᠷ ᠦᠨ ᠦᠨᠳᠦᠰᠦᠲᠡᠨ ᠦ ᠬᠤᠪᠴᠠᠰᠦ ᠵᠠᠰᠠᠯ ᠦᠨ ᠨᠡᠢᠢᠭᠡᠮᠯᠢᠭ᠌ ᠦᠨ ᠲᠤᠭᠯᠠᠯᠲᠠ

ᠮᠢᠩᠭ᠋ᠠᠨ ᠬᠦᠮᠦᠨ ᠦ《ᠠᠰᠠᠷ》ᠬᠦᠭᠵᠢᠮ ᠦᠨ ᠲᠤᠭᠯᠠᠯᠲᠠ

ᠲᠠᠢᠢᠰᠠᠨ  ᠵᠦᠴᠦᠬᠡ《ᠴᠠᠬᠠᠷ ᠬᠤᠷᠢᠮ》ᠨᠢ ᠤᠯᠠᠨᠲᠠ ᠱᠠᠩᠨᠠᠯ ᠲᠤᠰᠴᠠᠢ

ᠴᠠᠬᠠᠷ ᠰᠤᠶᠤᠯ ᠤᠷᠠᠯᠢᠭ ᠦᠨ ᠦᠵᠡᠬᠦᠯᠦᠯᠭᠡ ᠵᠢᠨ ᠲᠦᠪ

ᠴᠠᠬᠠᠷ ᠠᠭᠤᠳᠠᠮ ᠲᠠᠯᠠᠪᠠᠢ

ᠰᠤᠷ ᠬᠠᠳᠬᠤᠮᠠᠯ  ᠦᠨ ᠵᠠᠯᠭᠠᠮᠵᠢᠯᠠᠭᠴᠢ ᠤᠷᠠᠯᠠᠵᠦ ᠪᠠᠢᠢᠭ᠎ᠠ ᠨᠢ

ᠴᠠᠬᠠᠷ ᠰᠤᠷᠪᠤᠯᠵᠢ ᠪᠢᠴᠢᠭ᠌ ᠦᠨ ᠤᠷᠳᠤᠨ

《ᠴᠠᠬᠠᠷ ᠦᠨ ᠲᠡᠥᠬᠡ》

ᠴᠠᠬᠠᠷ ᠰᠤᠶᠤᠯ ᠦᠨ ᠤᠷᠳᠤᠨ

2012 ᠤᠨ ᠳᠦ᠂ᠴᠠᠬᠠᠷ ᠮᠤᠷᠢᠨ ᠦ ᠦᠢᠯᠡᠰ ᠦᠨ ᠨᠡᠢᠢᠭᠡᠮᠯᠢᠭ᠌ ᠪᠠᠢᠢᠭᠤᠯᠤᠭᠳᠠᠪᠠ




ᠵᠤᠬᠢᠶᠠᠭᠴᠢ᠄ ᠴᠠᠬᠠᠷ ᠰᠤᠶᠤᠯ ᠦᠨ ᠰᠤᠳᠤᠯᠭᠠᠨ ᠦ ᠠᠬᠢᠭᠤᠯᠬᠤ ᠨᠡᠢᠢᠭᠡᠮᠯᠢᠭ᠌
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 376
ᠴᠠᠭ᠄ 2015 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁