ᠲᠡᠭᠡᠳᠦ ᠮᠤᠩᠭ᠋ᠤᠯᠴᠤᠳ ᠦᠨ ᠤᠪᠤᠭᠠᠨ ᠲᠠᠬᠢᠯᠭ᠎ᠠ

ᠭᠠᠵᠠᠷ ᠵᠦᠢ ᠪᠠ ᠲᠡᠥᠬᠡ ᠵᠢᠨ ᠰᠢᠯᠲᠠᠭᠠᠨ ᠡᠴᠡ ᠪᠤᠯᠵᠦ᠂ᠬᠦᠬᠡᠨᠠᠭᠤᠷ ᠦᠨ ᠬᠠᠢᠰᠢ ᠵᠸᠥ ᠳᠦ ᠠᠵᠦ ᠲᠦᠷᠦᠳᠡᠭ ᠲᠡᠭᠡᠳᠦ ᠮᠤᠩᠭᠤᠯᠴᠤᠳ ᠦᠨ ᠵᠠᠷᠢᠮ ᠵᠠᠩ ᠦᠢᠯᠡ ᠨᠢ ᠪᠤᠰᠤᠳ ᠨᠤᠲᠤᠭ ᠦᠨ ᠮᠤᠩᠭᠤᠯᠴᠤᠳ ᠡᠴᠡ ᠵᠢᠭᠠᠬᠠᠨ ᠢᠯᠭᠠᠭ᠎ᠠ ᠲᠠᠢ ᠪᠠᠢᠳᠠᠭ᠃2013 ᠤᠨ ᠦ 7ᠰᠠᠷ᠎ᠠ ᠳᠦ᠂ᠪᠢᠳᠡ ᠬᠠᠢᠰᠢ ᠵᠢᠨ ᠮᠤᠩᠭᠤᠯ ᠦᠨᠳᠦᠰᠦᠲᠡᠨ ᠦ ᠦᠪᠡᠷᠲᠡᠭᠡᠨ ᠵᠠᠰᠠᠬᠤ ᠵᠸᠥ ᠵᠢᠨ ᠤᠯᠠᠭᠠᠨ ᠰᠢᠶᠠᠨ ᠦ ᠬᠦᠬᠡ ᠪᠠᠯᠭᠠᠰᠤᠨ ᠦ ᠤᠪᠤᠭᠠᠨ ᠲᠠᠬᠢᠯᠭ᠎ᠠ ᠳᠦ ᠤᠷᠤᠯᠴᠠᠭᠠᠳ ᠴᠠᠢ ᠵᠠᠢ ᠵᠢᠨ ᠬᠤᠪᠢ ᠳᠦ ᠪᠦᠷ ᠦᠪᠡᠷᠮᠢᠴᠠ ᠤᠨᠴᠠᠭᠠᠢ ᠲᠦᠷᠦᠭᠳᠡᠯ ᠲᠠᠢ ᠪᠤᠯᠤᠭᠰᠠᠨ ᠪᠢᠯᠡ᠃

ᠤᠯᠠᠨᠭᠠᠨ ᠰᠢᠶᠠᠨ ᠦ ᠲᠦᠪ ᠡᠴᠡ ᠬᠡᠳᠦᠨ ᠠᠷᠪᠠᠨ ᠺᠢᠯᠤᠮᠸᠲ᠋ᠸᠷ ᠵᠠᠢᠲᠠᠢ《ᠨᠡᠭᠦᠳᠡᠯᠴᠢᠳ ᠦᠨ ᠰᠢᠨ᠎ᠠ ᠭᠠᠴᠠᠭ᠎ᠠ》ᠵᠢᠨ ᠤᠢᠷᠠᠬᠠᠨ ᠪᠠᠢᠭ᠎ᠠ ᠡᠨᠡ ᠤᠪᠤᠭ᠎ᠠ ᠨᠢ ᠪᠠᠷᠤᠭ ᠲᠦᠷᠪᠡᠨ ᠵᠠᠭᠤᠨ ᠵᠢᠯ ᠦᠨ ᠲᠡᠥᠬᠡ ᠲᠠᠢ ᠠᠵᠠᠢ᠃ᠬᠡᠷ ᠦᠨ ᠬᠡᠯᠪᠡᠷᠢᠲᠠᠢ ᠨᠢᠬᠡ ᠯᠤᠩᠳᠠ᠂ᠨᠢᠬᠡ ᠤᠪᠤᠭ᠎ᠠ᠂ᠭᠤᠷᠪᠠᠨ ᠰᠠᠩ ᠦᠨ ᠶᠠᠨᠳᠠᠷ ᠡᠴᠡ ᠪᠦᠷᠢᠯᠳᠦᠭᠰᠡᠨ ᠵᠢᠡᠷ ᠵᠢᠡᠨ ᠦᠪᠦᠷ ᠮᠤᠩᠭᠤᠯ ᠦᠨ ᠤᠪᠤᠭᠠᠳ ᠡᠴᠡ ᠤᠨᠴᠠᠯᠢᠭᠳᠠᠨ᠎ᠠ᠃

ᠦᠷᠯᠦᠬᠡ ᠡᠷᠲᠡ᠂ᠤᠪᠤᠭᠠᠨ ᠦ《ᠵᠠᠩᠵᠤᠨ》(ᠡᠨᠡ ᠤᠳᠠᠭᠠᠨ ᠦ ᠤᠪᠤᠭᠠᠨ ᠲᠠᠬᠢᠯᠭ᠎ᠠ ᠵᠢᠨ ᠡᠷᠬᠢᠯᠡᠭᠴᠢ)᠂ᠯᠠᠮᠠ ᠨᠠᠷ᠂ᠠᠬᠠᠮᠠᠭ ᠬᠦᠮᠦᠰ ᠤᠪᠤᠭᠠᠨ ᠳᠦ ᠨᠠᠷᠠᠰᠤᠨ ᠮᠦᠴᠢᠷ ᠨᠠᠮᠠᠭ᠎ᠠ ᠬᠠᠳᠬᠤᠵᠦ᠂ᠰᠠᠩ ᠦᠨ ᠶᠠᠨᠳᠠᠷ ᠲᠦ ᠬᠦᠵᠢ ᠲᠡᠷᠢᠬᠦᠳᠡᠨ ᠢ ᠤᠭᠤᠬᠢᠭᠤᠯᠬᠤ ᠪᠦᠬᠡᠳ ᠠᠯᠲᠠᠨ ᠰᠢᠷᠭᠠᠯ ᠬᠠᠳᠠᠭ ᠵᠢᠡᠨ ᠯᠤᠩᠳᠠ ᠳᠦ ᠡᠯᠬᠦᠨ᠎ᠠ᠃ᠲᠠᠷᠠᠭ᠎ᠠ ᠨᠢ ᠤᠪᠤᠭ᠎ᠠ ᠲᠠᠬᠢᠬᠤ ᠬᠦᠮᠦᠰ ᠦᠪᠡᠷ ᠦᠪᠡᠷ ᠦᠨ ᠬᠠᠳᠠᠭ ᠵᠢᠡᠨ ᠯᠤᠩᠳᠠ ᠳᠦ ᠡᠷᠬᠦᠵᠦ᠂ᠨᠠᠷᠠᠰᠤᠨ ᠦ ᠮᠦᠴᠢᠷ ᠨᠠᠮᠠᠭ᠎ᠠ᠂ᠬᠦᠵᠢ ᠠᠷᠴᠠ ᠪᠠᠨ ᠤᠭᠤᠬᠢᠭᠤᠯᠤᠭᠠᠳ᠂ᠴᠠᠭᠠᠨ ᠢᠳᠡᠬᠡ᠂ᠠᠷᠢᠬᠢ᠂ᠪᠤᠭᠤᠷᠰᠤᠭ ᠲᠡᠷᠢᠬᠦᠲᠡᠢ ᠢᠳᠡᠬᠡᠨ ᠦ ᠲᠡᠭᠡᠵᠢ ᠪᠠᠨ ᠤᠪᠤᠭᠠᠨ ᠳᠦ ᠡᠷᠬᠦᠨ᠎ᠠ᠃ᠢᠳᠡᠭᠡᠨ ᠦ ᠲᠡᠭᠡᠵᠢ ᠪᠤᠶᠤ ᠬᠠᠳᠠᠭ ᠵᠢᠡᠨ ᠡᠷᠬᠦᠬᠦ ᠪᠤᠯᠭᠠᠨ ᠳᠦ ᠤᠪᠤᠭ᠎ᠠ ᠪᠠ ᠰᠠᠩ ᠦᠨ ᠶᠠᠨᠳᠠᠷ ᠢ ᠨᠠᠷᠠᠨ ᠡᠷᠬᠢᠯᠲᠡ ᠪᠡᠷ ᠭᠤᠷᠪᠠᠨᠳᠠ ᠡᠷᠬᠢᠵᠦ ᠰᠠᠢᠨ ᠰᠠᠢᠬᠠᠨ ᠵᠢᠡᠨ ᠲᠠᠭᠠᠳᠬᠠᠨ᠎ᠠ᠃

ᠰᠠᠩ ᠦᠨ ᠶᠠᠨᠳᠠᠷ ᠲᠦ ᠤᠭᠤᠬᠢᠯᠠᠬᠤ ᠨᠠᠷᠠᠰᠤᠨ ᠦ ᠮᠦᠴᠢᠷ ᠨᠠᠮᠠᠭ᠎ᠠ ᠪᠠ ᠠᠷᠴᠠ ᠬᠦᠵᠢ ᠵᠢᠨ ᠰᠤᠭᠳᠤᠷᠠᠭᠤᠯᠤᠮ᠎ᠠ ᠰᠠᠢᠬᠠᠨ ᠦᠨᠦᠷ ᠰᠡᠩᠬᠢᠨᠡᠬᠦ ᠪᠡᠷ ᠲᠠᠬᠢᠯᠭ᠎ᠠ ᠵᠢᠨ ᠠᠭᠤᠷ ᠠᠮᠢᠰᠬᠤᠯ ᠵᠢᠡᠷ ᠪᠢᠯᠬᠠᠨ᠎ᠠ᠃ᠦᠪᠦᠷ ᠮᠤᠩᠭᠤᠯ ᠵᠡᠷᠬᠡ ᠨᠤᠲᠤᠭ ᠦᠨ ᠤᠪᠤᠭᠠᠨ ᠲᠠᠬᠢᠯᠭ᠎ᠠ ᠳᠦ ᠴᠡᠩᠬᠡᠷ ᠬᠠᠳᠠᠭ᠂ᠴᠠᠭᠠᠨ ᠬᠠᠳᠠᠭ ᠬᠡᠷᠡᠭᠯᠡᠳᠡᠭ ᠪᠤᠯ ᠡᠨᠳᠡ ᠬᠠᠷᠢᠨ ᠰᠢᠷ᠎ᠠ ᠬᠠᠳᠠᠭ ᠬᠡᠷᠡᠭᠯᠡᠳᠡᠭ ᠤᠴᠢᠷ᠂ᠱᠠᠰᠢᠨ ᠦ ᠦᠩᠬᠡ ᠦᠨᠦᠷ ᠨᠢ ᠨᠡᠩ ᠴᠦ ᠦᠨᠢᠷ ᠦᠳᠬᠡᠨ᠂ᠬᠦᠮᠦᠰ ᠠᠮᠠ ᠠᠮᠠᠨ ᠳᠦ ᠪᠠᠨ《ᠯᠾᠬᠠᠷᠵᠠᠯᠤᠤ》(ᠪᠤᠷᠬᠠᠨ ᠮᠠᠨ ᠳᠦ ᠬᠡᠰᠢᠭ ᠪᠤᠶᠠᠨ ᠬᠠᠢᠷᠠᠯᠠᠭᠠᠰᠠᠢ ᠬᠡᠮᠡᠬᠦ ᠤᠳᠬ᠎ᠠ ᠲᠠᠢ ᠲᠦᠪᠡᠳ ᠦᠬᠡ)ᠬᠡᠮᠡᠨ ᠤᠩᠰᠢᠵᠠᠭᠠᠨ᠎ᠠ᠃ᠰᠠᠩ ᠦᠨ ᠶᠠᠨᠳᠠᠷ ᠲᠦ ᠡᠷᠭᠦᠭᠰᠡᠨ ᠲᠠᠬᠢᠯᠭ᠎ᠠ ᠵᠢᠨ ᠵᠦᠢᠯ ᠳᠦ ᠬᠡᠢᠢᠮᠤᠷᠢ ᠴᠦ ᠪᠤᠢ᠃ᠲᠠᠪᠤᠨ ᠦᠩᠬᠡ ᠵᠢᠨ ᠬᠡᠢᠢᠮᠤᠷᠢ ᠠᠩᠬᠢᠯᠤᠮᠠᠯ ᠤᠳᠤᠭᠠᠨ ᠦ ᠠᠶ᠎ᠠ ᠪᠡᠷ ᠨᠠᠮᠢᠷᠠᠨ ᠮᠠᠨᠳᠤᠭᠠᠳ ᠬᠦᠮᠦᠰ ᠦᠨ ᠰᠠᠢᠬᠠᠨ ᠬᠦᠰᠡᠯ ᠮᠦᠷᠦᠬᠡᠳᠦᠯ ᠢ ᠮᠦᠩᠬᠡ ᠬᠦᠬᠡ ᠲᠡᠭᠷᠢ ᠳᠦ ᠠᠪᠴᠦ ᠤᠳᠤᠨ᠎ᠠ᠁ᠬᠦᠮᠦᠰ ᠤᠪᠤᠭ᠎ᠠ ᠪᠠᠨ ᠵᠦᠪ ᠭᠤᠷᠪᠠ ᠡᠷᠬᠢᠵᠦ᠂ᠵᠠᠷᠢᠮ ᠨᠢ ᠤᠪᠤᠭᠠᠨ ᠳᠦ ᠪᠠᠨ ᠰᠦᠬᠦᠳᠡᠨ ᠮᠦᠷᠬᠦᠵᠦ᠂ᠮᠦᠩᠬᠡ ᠲᠡᠭᠷᠢ ᠡᠴᠡ ᠢᠪᠡᠬᠡᠯ ᠬᠠᠯᠠᠮᠵᠢ ᠭᠤᠶᠤᠨ᠎ᠠ᠃

ᠯᠠᠮᠠ ᠨᠠᠷ《ᠠᠭᠤᠯᠠ ᠵᠢᠨ ᠰᠠᠬᠢᠭᠤᠯᠤᠭᠰᠠᠨ ᠦ ᠮᠠᠭᠲᠠᠭᠠᠯ》ᠵᠡᠷᠭᠡ ᠨᠤᠮ ᠢ ᠲᠠᠰᠤᠷᠠᠯ ᠦᠭᠡᠢ ᠤᠩᠰᠢᠨ᠎ᠠ᠃ᠴᠢᠩ ᠰᠦᠰᠦᠭᠲᠦ ᠬᠦᠮᠦᠰ ᠵᠠᠯᠭᠠᠭ᠎ᠠ ᠵᠠᠯᠭᠠᠭ᠎ᠠ ᠪᠡᠷ ᠢᠷᠡᠵᠦ ᠲᠠᠬᠢᠯᠭ᠎ᠠ ᠮᠦᠷᠬᠦᠯ ᠬᠢᠬᠡᠳ᠂ᠲᠠᠷᠠᠭ᠎ᠠ ᠨᠢ ᠤᠨᠤᠭᠰᠠᠨ ᠮᠤᠷᠢ ᠪᠠᠨ ᠬᠦᠳᠦᠯᠵᠦ ᠤᠪᠤᠭ᠎ᠠ ᠵᠢ ᠭᠤᠷᠪᠠᠨᠳᠠ ᠡᠷᠬᠢᠵᠦ ᠬᠠᠢᠷᠠᠲᠠᠢ ᠬᠦᠯᠦᠭ ᠲᠦ ᠪᠠᠨ ᠴᠦ ᠤᠪᠤᠭᠠᠨ ᠦ ᠬᠡᠰᠢᠭ ᠢᠪᠡᠬᠡᠯ ᠦᠨ ᠠᠮᠢᠰᠬᠤᠭ᠎ᠠ ᠬᠦᠷᠳᠡᠭᠡᠳᠡᠭ᠃ᠲᠡᠭᠡᠭᠰᠡᠨ ᠦ ᠲᠠᠷᠠᠭ᠎ᠠ ᠲᠠᠬᠢᠯᠭ᠎ᠠ ᠵᠢᠨ ᠡᠳ᠋ ᠵᠢᠠᠨ ᠠᠪᠴᠦ ᠬᠠᠷᠢᠨ᠎ᠠ᠃ᠨᠢᠭᠡᠨᠳᠡ ᠮᠦᠩᠬᠡ ᠲᠡᠭᠷᠢ ᠵᠢᠨ ᠡᠨᠡᠷᠢᠯ ᠬᠦᠷᠳᠡᠭᠡᠯ ᠢ ᠰᠢᠩᠬᠡᠬᠡᠭᠰᠡᠨ ᠲᠡᠳᠡᠭᠡᠷ ᠪᠤᠶᠠᠨ ᠦ ᠢᠳᠡᠬᠡᠨ ᠢ ᠬᠤᠪᠢᠶᠠᠯᠴᠠᠨ ᠡᠳ᠋ᠯᠡᠪᠡᠯ ᠠᠵᠠ ᠵᠢᠷᠭᠠᠯ ᠲᠠᠢ ᠪᠤᠯᠳᠠᠭ ᠠᠵᠠᠢ᠃ᠬᠠᠮᠤᠭ ᠦᠨ ᠰᠡᠬᠦᠯ ᠳᠦ ᠮᠤᠷᠢ ᠤᠷᠤᠯᠳᠤᠭᠤᠯᠪᠠ᠃

ᠬᠦᠮᠦᠰ ᠪᠠᠶᠠᠷ ᠦᠨ ᠡᠳᠦᠷ ᠦᠨ ᠭᠤᠶᠤᠯᠠᠯ ᠵᠢᠡᠷ ᠵᠢᠡᠨ ᠭᠤᠶᠤᠭᠰᠠᠨ ᠪᠦᠬᠡᠳ ᠮᠤᠷᠢ ᠪᠠᠨ ᠴᠦ ᠤᠯᠠᠭᠠᠨ ᠨᠤᠭᠤᠭᠠᠨ ᠵᠢᠡᠷ ᠵᠠᠰᠠᠵᠦ ᠴᠢᠮᠡᠭᠯᠡᠵᠡᠢ᠃ᠪᠠᠷᠤᠭ ᠯᠡ ᠨᠦᠬᠦᠴᠡᠯ ᠬᠢᠵᠠᠭᠠᠷ ᠲᠠᠢ ᠡᠴᠡ ᠪᠤᠯᠤᠭᠰᠠᠨ ᠪᠠᠢᠵᠦ ᠮᠡᠳᠡᠨ᠎ᠠ᠂ᠨᠠᠭᠠᠳᠤᠮ ᠳᠦ ᠰᠤᠷ ᠬᠠᠷᠪᠤᠬᠤ᠂ᠪᠦᠬᠡ ᠪᠠᠷᠢᠯᠳᠤᠬᠤ ᠤᠷᠤᠯᠳᠤᠭᠠᠨ ᠪᠠᠢᠭ᠎ᠠ ᠦᠭᠡᠢ ᠮᠦᠷᠲᠡᠭᠡᠨ ᠠᠷᠠᠯᠵᠢᠶ᠎ᠠ ᠬᠤᠳᠠᠯᠳᠤᠭ᠎ᠠ ᠵᠢᠨ ᠬᠡᠯᠡᠯᠴᠡᠬᠡᠷ ᠵᠡᠷᠬᠡ ᠴᠦ ᠪᠠᠢᠭᠰᠠᠨ ᠦᠭᠡᠢ᠁ᠬᠡᠳᠦᠢ ᠡᠢᠮᠦ ᠪᠤᠯᠪᠠᠴᠦ ᠲᠠᠶᠠᠭᠠᠷ ᠵᠢᠡᠨ ᠬᠦᠬᠡᠷᠦᠯᠳᠦᠨ ᠬᠦᠶᠦᠯᠳᠦᠬᠡᠳ᠂ᠠᠭᠤᠯᠠ ᠵᠢᠨ ᠬᠦᠳᠦᠯ ᠵᠢᠡᠷ ᠠᠮᠢᠵᠢᠷᠠᠯ ᠪᠠᠶᠠᠰᠤᠯ ᠦᠨ ᠠᠮᠢᠰᠬᠤᠯ ᠪᠠᠶᠠᠰᠤᠯ ᠦᠨ ᠠᠮᠢᠰᠬᠤᠯ ᠲᠦᠬᠦᠷᠡᠩ ᠪᠠᠢᠯ᠎ᠠ᠃


ᠤᠯᠠᠭᠠᠨ ᠰᠢᠶᠠᠨ ᠦ ᠤᠪᠤᠭᠠᠨ ᠲᠠᠬᠢᠯᠭ᠎ᠠ

ᠲᠠᠬᠢᠯᠭ᠎ᠠ ᠵᠢ ᠯᠠᠮᠠ ᠡᠷᠬᠢᠯᠡᠳᠡᠭ

ᠬᠦᠬᠡ ᠰᠦᠮ᠎ᠠ ᠵᠢᠨ ᠠᠷᠠᠳᠴᠢᠯᠠᠭᠰᠠᠨ ᠬᠠᠮᠢᠶᠠᠷᠤᠯᠲᠠ ᠵᠢᠨ ᠵᠦᠪᠯᠡᠯ ᠦᠨ ᠡᠷᠬᠢᠯᠡᠭᠴᠢ ᠳ᠋ᠸᠴᠢᠨ ᠠᠷᠪᠠ ᠰᠢᠬᠠᠮ ᠵᠢᠯ ᠤᠪᠤᠭᠠᠨ ᠲᠠᠬᠢᠯᠭ᠎ᠠ ᠡᠷᠬᠢᠯᠡᠵᠡᠢ

ᠡᠨᠡ ᠤᠳᠠᠭ᠎ᠠ ᠵᠢᠨ ᠤᠪᠤᠭᠠᠨ ᠲᠠᠬᠢᠯᠭ᠎ᠠ ᠵᠢ ᠵᠤᠬᠢᠶᠠᠨ ᠪᠠᠢᠭᠤᠯᠤᠭᠴᠢ ᠵᠢ ᠨᠤᠲᠤᠭ ᠦᠨ ᠬᠢᠨ《ᠤᠪᠤᠭᠠᠨ ᠦ ᠵᠠᠩᠵᠤᠨ》ᠭᠡᠳᠡᠭ ᠪᠠᠢᠢᠵᠠᠢᠯᠤᠩᠳᠠ ᠳᠦ ᠬᠠᠳᠠᠭ ᠡᠷᠭᠦᠨ᠎ᠠ

ᠤᠳᠠᠭ᠎ᠠ ᠪᠦᠷᠢ ᠵᠢᠨ ᠤᠪᠤᠭᠠᠨ ᠲᠠᠬᠢᠯᠭ᠎ᠠ ᠳᠦ ᠨᠤᠲᠤᠭ ᠦᠨ ᠪᠤᠭᠤᠷᠤᠯᠴᠤᠳ ᠰᠠᠩ ᠦᠨ ᠶᠠᠨᠳᠠᠷ ᠲᠦ ᠬᠦᠵᠢ ᠠᠰᠠᠭᠠᠵᠦ ᠲᠠᠬᠢᠯᠭ᠎ᠠ ᠡᠬᠢᠯᠡᠬᠦᠯᠳᠡᠭ

ᠬᠡᠢᠢᠮᠤᠷᠢ ᠰᠠᠴᠤᠨ᠎ᠠ

ᠵᠠᠯᠠᠭᠤᠴᠤᠳ ᠤᠪᠤᠭᠠᠨ ᠲᠠᠬᠢᠯᠭ᠎ᠠ ᠳᠦ ᠤᠷᠤᠯᠴᠠᠬᠤ ᠲᠤᠷᠠᠲᠠᠢ

ᠴᠢᠩ ᠰᠦᠰᠦᠭᠲᠦ ᠮᠠᠯᠴᠢᠨ

ᠪᠤᠶᠠᠨ ᠦ ᠢᠳᠡᠬᠡᠨ ᠢ ᠬᠤᠪᠢᠶᠠᠯᠴᠠᠨ᠎ᠠ

ᠲᠠᠬᠢᠯᠭ᠎ᠠ ᠵᠢᠨ ᠲᠠᠷᠠᠭ᠎ᠠ ᠮᠤᠷᠢ ᠤᠷᠤᠯᠳᠤᠭᠤᠯᠪᠠ
ᠵᠤᠬᠢᠶᠠᠭᠴᠢ᠄ ᠪᠠᠶᠠᠷ ᠢᠩᠭᠡᠷ ᠦᠨᠡᠨᠴᠢ ᠬᠠᠰᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 736
ᠴᠠᠭ᠄ 2015 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁