ᠰᠤᠶᠤᠯ ᠠᠵᠦ ᠠᠬᠤᠢ ᠤᠶᠠᠯᠳᠤᠵᠦ ᠰᠠᠷᠠᠭᠤᠯ ᠢᠷᠡᠭᠡᠳᠦᠢ ᠵᠢ ᠴᠤᠭᠴᠠᠯᠠᠨ᠎ᠠ

ᠪᠡᠭᠡᠵᠢᠩ ᠦᠨ ᠲᠦᠩᠯᠢᠶᠤᠤ ᠵᠢᠨ ᠠᠵᠦ ᠠᠬᠤᠢᠢᠯᠠᠯ ᠬᠤᠳᠠᠯᠳᠤᠭᠠᠴᠢᠳ ᠦᠨ ᠡᠪᠯᠡᠯ ᠪᠠᠢᠢᠭᠤᠯᠤᠭᠳᠠᠭᠰᠠᠨ ᠭᠤᠷᠪᠠᠨ ᠵᠢᠯ ᠦᠨ ᠤᠢ ᠵᠢᠴᠢ ᠰᠤᠶᠤᠯ ᠦᠨ ᠨᠡᠢᠢᠭᠡᠮᠯᠢᠭ᠌ ᠪᠠᠢᠭᠤᠯᠤᠭᠳᠠᠭᠰᠠᠨ ᠶᠡᠬᠡ ᠬᠤᠷᠠᠯ 2013 ᠤᠨ ᠦ 1ᠰᠠᠷ᠎ᠠ ᠵᠢᠨ 12 ᠦᠨ ᠡᠳᠦᠷ ᠪᠡᠭᠡᠵᠢᠩ ᠦᠨ ᠠᠯᠳᠠᠷᠲᠦ ᠮᠤᠩᠭ᠋ᠤᠯ ᠬᠤᠭᠤᠯᠠᠨ ᠬᠡᠷ ᠪᠠᠶᠠᠨ ᠬᠤᠷᠣ᠎ᠠ ᠳᠦ ᠬᠤᠷᠠᠯᠳᠤᠯ᠎ᠠ᠃ᠲᠦᠩᠯᠢᠶᠤᠤ ᠡᠴᠡ ᠬᠦᠷᠦᠯᠴᠡᠨ ᠢᠷᠡᠭᠰᠡᠨ ᠬᠤᠯᠪᠤᠭᠳᠠᠯ ᠪᠦᠬᠦᠢ ᠬᠠᠷᠢᠭᠤᠴᠠᠯᠭᠠᠲᠠᠨ ᠪᠤᠯᠤᠨ ᠬᠤᠳᠠᠯᠳᠤᠭᠠᠴᠢᠳ ᠦᠨ ᠡᠪᠯᠡᠯ ᠦᠨ ᠡᠪᠯᠡᠯ ᠦᠨ ᠲᠠᠷᠤᠭ᠎ᠠ ᠪᠠ ᠲᠡᠳ᠋ ᠡᠪᠯᠡᠯ ᠦᠨ ᠲᠠᠷᠤᠭ᠎ᠠ ᠵᠢᠴᠢ ᠡᠪᠯᠡᠯ ᠦᠨ ᠬᠡᠰᠢᠭᠦᠨ ᠵᠡᠷᠬᠡ ᠪᠡᠭᠡᠵᠢᠩ ᠳᠦ ᠪᠠᠢᠢᠭ᠎ᠠ ᠬᠤᠶᠠᠷ ᠵᠠᠭᠤ ᠭᠠᠷᠤᠢ ᠬᠤᠯᠪᠤᠭᠳᠠᠯ ᠪᠦᠬᠦᠢ ᠬᠦᠮᠦᠰ ᠶᠡᠬᠡ ᠬᠤᠷᠠᠯ ᠳᠦ ᠤᠷᠤᠯᠴᠠᠵᠠᠢ᠃ᠬᠤᠷᠠᠯ ᠲᠡᠭᠡᠷ᠎ᠠ ᠤᠷᠠᠯᠢᠭᠴᠢᠳ ᠪᠢᠴᠢᠯᠭᠡ ᠵᠢᠷᠤᠭ ᠦᠨ ᠪᠦᠳᠦᠭᠡᠯ ᠵᠢᠡᠨ ᠲᠡᠯᠬᠡᠨ ᠦᠵᠡᠬᠦᠯᠵᠦ᠂ᠲᠠᠭᠤᠯᠠᠨ ᠪᠦᠵᠢᠭᠯᠡᠵᠡᠭᠡᠵᠦ᠂ᠬᠦᠷ ᠬᠦᠭᠵᠢᠶᠡᠨᠲᠡᠢ ᠪᠡᠷ ᠰᠠᠨᠠᠯ ᠵᠢᠡᠨ ᠰᠤᠯᠢᠯᠴᠠᠭᠠᠳ᠂ᠬᠦᠨ ᠵᠤᠵᠠᠭᠠᠨ ᠨᠤᠲᠤᠭᠴᠢ ᠰᠡᠳᠭᠢᠯᠭᠡ ᠪᠠ ᠬᠤᠳᠠᠯᠳᠤᠭ᠎ᠠ ᠰᠤᠶᠤᠯ ᠪᠠᠷᠢᠯᠳᠤᠭᠰᠠᠨ ᠰᠠᠢᠢᠨ ᠰᠠᠢᠢᠬᠠᠨ ᠬᠡᠳᠦ ᠵᠢᠨ ᠲᠦᠯᠦᠪ ᠢ ᠢᠯᠡᠷᠡᠭᠦᠯᠵᠡᠢ᠃

ᠬᠤᠳᠠᠯᠳᠤᠭᠠᠴᠢᠳ ᠦᠨ ᠡᠪᠯᠡᠯ ᠦᠨ ᠲᠡᠳ᠋ ᠡᠪᠯᠡᠯ ᠦᠨ ᠲᠠᠷᠤᠭ᠎ᠠ᠂ᠪᠠᠶᠠᠨ ᠬᠤᠷᠣ᠎ᠠ ᠮᠤᠩᠭ᠋ᠤᠯ ᠬᠤᠭᠤᠯᠠᠨ ᠦ ᠪᠦᠯᠦᠭᠯᠡᠯ ᠦᠨ ᠬᠡᠷᠡᠭ ᠮᠡᠳᠡᠭᠴᠢ᠂ ᠮᠤᠩᠭ᠋ᠤᠯ ᠦᠨᠳᠦᠰᠦᠲᠡᠨ ᠦ ᠠᠯᠳᠠᠷᠲᠦ ᠠᠵᠦ ᠠᠬᠤᠢᠢᠯᠠᠯᠲᠠᠨ ᠮᠠ ᠴᠢᠤᠸᠠᠨ ᠰᠢ ᠶᠡᠬᠡ ᠬᠤᠳᠠᠯ ᠳᠦ ᠮᠤᠩᠭ᠋ᠤᠯ ᠬᠤᠪᠴᠠᠰᠦ ᠪᠡᠯᠡᠭᠯᠡᠨ ᠬᠦᠷᠭᠡᠭᠰᠡᠨ ᠪᠦᠬᠡᠳ ᠤᠷᠠᠯᠢᠭ ᠦᠨ ᠪᠦᠯᠬᠦᠮ ᠵᠢᠡᠨ ᠲᠠᠭᠠᠭᠤᠯᠤᠨ ᠲᠠᠭᠤᠤ ᠪᠦᠵᠢᠭ ᠪᠠ ᠬᠤᠪᠴᠠᠰᠦ ᠵᠠᠰᠠᠯ  ᠦᠨ ᠲᠤᠭᠯᠠᠯᠲᠠ ᠭᠠᠷᠭᠠᠵᠦ ᠤᠯᠠᠨ ᠳᠦ ᠰᠤᠨᠢᠷᠬᠠᠭᠤᠯᠵᠠᠢ᠃ᠶᠡᠬᠡ ᠬᠤᠷᠠᠯ ᠡᠴᠡ ᠪᠠᠰᠠ ᠲᠤᠰ ᠡᠪᠯᠡᠯ ᠦᠨ ᠵᠦᠪᠯᠡᠭᠴᠢ᠂ᠡᠪᠯᠡᠯ ᠦᠨ ᠲᠠᠷᠤᠭ᠎ᠠ ᠵᠢᠴᠢ ᠬᠦᠬᠢᠭᠦᠯᠦᠭᠳᠡᠭᠰᠡᠨ ᠬᠦᠮᠦᠰ ᠲᠦ ᠤᠷᠢᠯᠭ᠎ᠠ ᠵᠢᠨ ᠪᠢᠴᠢᠭ ᠪᠠ ᠱᠠᠩᠨᠠᠯ ᠦᠨ ᠬᠤᠨᠳᠠᠭ᠎ᠠ  ᠭᠠᠷᠳᠠᠭᠤᠯᠪᠠ᠃ᠬᠤᠳᠠᠯᠳᠤᠭᠠᠴᠢᠳ ᠦᠨ ᠡᠪᠯᠡᠯ ᠨᠢ ᠬᠤᠳᠠᠯᠳᠤᠭᠠᠨ ᠦ ᠬᠢᠨ ᠦ ᠲᠠᠪᠠᠭᠤᠯᠢᠭ ᠵᠢᠡᠨ ᠪᠠᠳᠠᠷᠠᠭᠤᠯᠤᠨ᠂ᠰᠤᠶᠤᠯ ᠦᠨ ᠡᠯᠸᠮᠸᠨ᠋ᠲ ᠢ ᠰᠢᠩᠬᠡᠬᠡᠨ ᠠᠪᠤᠭᠰᠠᠨ ᠵᠢᠡᠷ ᠲᠠᠪᠠᠭᠤᠯᠢᠭ ᠲᠠᠯ᠎ᠠ ᠪᠡᠷ ᠵᠢᠡᠨ ᠬᠠᠷᠢᠯᠴᠠᠨ ᠨᠦᠬᠦᠪᠦᠷᠢᠯᠡᠨ᠂ᠯᠤᠳᠤ ᠶᠡᠬᠡ ᠴᠢᠳᠠᠪᠬᠢ ᠲᠠᠢ ᠪᠤᠯᠵᠠᠢ᠂ᠲᠡᠷᠡ ᠪᠡᠷ ᠬᠦᠭᠵᠢᠯᠳᠡ ᠵᠢᠨ ᠬᠡᠳᠦ ᠵᠢᠨ ᠲᠦᠯᠦᠭ ᠨᠡᠩ ᠰᠠᠷᠠᠭᠤᠯ ᠠᠭᠤᠳᠠᠮ ᠪᠤᠯᠬᠤ ᠨᠢ ᠯᠠᠪᠲᠠᠢ ᠶᠤᠮ᠃(ᠰᠢᠥᠸᠠᠢ ᠮᠸᠢ ᠤᠷᠴᠢᠭᠤᠯᠪᠠ)


ᠪᠡᠭᠡᠵᠢᠩ ᠦᠨ ᠲᠦᠩᠯᠢᠶᠤᠤ ᠵᠢᠨ ᠬᠤᠳᠠᠯᠳᠤᠭᠠᠴᠢᠳ ᠦᠨ ᠡᠪᠯᠡᠯ ᠦᠨ ᠰᠤᠶᠤᠯ ᠦᠨ ᠨᠡᠢᠢᠭᠡᠮᠯᠢᠭ᠌ ᠪᠠᠢᠢᠭᠤᠯᠤᠭᠳᠠᠭᠰᠠᠨ ᠦ ᠫᠠᠢᠢᠰᠠ ᠡᠯᠬᠦᠬᠦ ᠶᠤᠰᠤᠯᠠᠯ

ᠬᠤᠷᠴᠢᠨ ᠮᠤᠩᠭ᠋ᠤᠯ ᠬᠤᠪᠴᠠᠰᠦᠲᠠᠢ ᠬᠡᠥᠬᠡᠨᠴᠤᠳ

ᠵᠤᠬᠢᠶᠠᠯᠴᠢᠳ ᠦᠨ ᠴᠤᠭᠯᠠᠭᠠᠨ

ᠬᠤᠷᠠᠯ ᠲᠡᠭᠡᠷ᠎ᠠ ᠲᠡᠯᠭᠡᠨ ᠦᠵᠡᠬᠦᠯᠦᠭᠰᠡᠨ ᠪᠦᠳᠦᠭᠡᠯ ᠦᠳ

ᠡᠪᠯᠡᠯ ᠦᠨ ᠰᠦᠯᠳᠡ ᠲᠠᠭᠤᠤ ᠪᠠᠨ ᠲᠠᠭᠤᠯᠠᠨ᠎ᠠ

ᠲᠡᠳ᠋ ᠡᠪᠯᠡᠯ ᠦᠨ ᠲᠠᠷᠤᠭ᠎ᠠ ᠮᠠ ᠴᠢᠤᠸᠠᠨ ᠰᠥ ᠰᠤᠶᠤᠯ ᠦᠨ ᠨᠡᠢᠢᠭᠡᠮᠯᠢᠭ᠌ ᠲᠦ ᠮᠤᠩᠭ᠋ᠤᠯ ᠬᠤᠪᠴᠠᠰᠦ ᠪᠡᠯᠡᠭᠯᠡᠪᠡ

ᠪᠠᠶᠠᠨ ᠬᠤᠷᠣ᠎ᠠ ᠤᠷᠠᠯᠢᠭ ᠦᠨ ᠪᠦᠯᠬᠦᠮ ᠦᠨ ᠲᠤᠭᠯᠠᠯᠲᠠ

ᠡᠪᠯᠡᠯ ᠦᠨ ᠬᠡᠰᠢᠭᠦᠳ ᠦᠨ ᠬᠤᠪᠴᠠᠰᠦ ᠵᠠᠰᠠᠯ ᠦᠨ ᠦᠵᠡᠬᠦᠯᠦᠯᠭᠡ



ᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 341
ᠴᠠᠭ᠄ 2015 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁