ᠠᠮᠢ ᠠᠬᠤᠢ ᠵᠢᠨ ᠬᠠᠷᠠᠭ᠎ᠠ ᠪᠡᠷ ᠮᠠᠯᠴᠢᠳ ᠢ ᠨᠡᠭᠦᠯᠭᠡᠭᠰᠡᠨ ᠰᠢᠨ᠎ᠠ ᠦᠯᠢᠬᠡᠷ ᠬᠡᠪ
ᠦᠪᠦᠷ ᠮᠤᠩᠭ᠋ᠤᠯ ᠦᠨ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ ᠦ ᠵᠢᠷᠦᠬᠡ ᠮᠠᠯᠵᠢᠯ ᠦᠨ ᠲᠠᠯᠠᠪᠠᠢ ᠵᠢᠨ ᠨᠠᠷᠠᠳ ᠢ ᠨᠡᠭᠦᠯᠭᠡᠭᠰᠡᠨ ᠠᠵᠢᠯᠯᠠᠭ᠎ᠠ ᠵᠢ ᠲᠡᠮᠳᠡᠭᠯᠡᠪᠡ

ᠵᠢᠷᠦᠬᠡ ᠮᠠᠯᠵᠢᠯ ᠦᠨ ᠲᠠᠯᠠᠪᠠᠢ1948ᠤᠨᠳ ᠦ ᠪᠠᠢᠢᠭᠤᠯᠤᠭᠳᠠᠪᠠ᠂ᠲᠡᠷᠡ ᠨᠢ ᠬᠤᠷᠴᠢᠨ ᠦ ᠲᠠᠯ᠎ᠠ ᠨᠤᠲᠤᠭ ᠦᠨ ᠦᠷᠦᠴᠡᠨ ᠳᠦ ᠪᠠᠢᠢᠷᠢᠯᠠᠵᠦ᠂ᠮᠠᠨ ᠦ ᠤᠯᠤᠰ ᠦᠨ ᠤᠮᠠᠷᠠᠲᠦ ᠵᠢᠨ ᠨᠡᠢᠢᠳᠡᠯᠢᠭ ᠬᠠᠭᠠᠰ ᠬᠠᠭᠤᠷᠠᠠᠢ ᠠᠭᠤᠷ ᠠᠮᠢᠰᠬᠤᠯ ᠳᠦ ᠬᠠᠷᠢᠶᠠᠯᠠᠭᠳᠠᠨ᠎ᠠ᠃ᠶᠡᠷᠦᠩᠬᠡᠢ ᠲᠠᠯᠠᠪᠠᠢ ᠨᠢ 1336.5ᠲᠡᠭᠰᠢ ᠲᠦᠷᠪᠡᠯᠵᠢᠨ ᠺᠢᠯᠤᠮᠸᠲ᠋ᠸᠷ ᠪᠠᠢᠢᠵᠦ᠂16 ᠬᠤᠪᠢᠶᠠᠷᠢ ᠮᠠᠯᠵᠢᠯ ᠦᠨ ᠲᠠᠯᠠᠪᠠᠢ ᠲᠠᠢ᠂ᠪᠦᠬᠦ ᠬᠦᠮᠦᠨ ᠠᠮᠠ ᠨᠢ 1.6ᠲᠦᠮᠡ ᠪᠤᠢ᠂ᠡᠭᠦᠨ ᠦ ᠲᠤᠳᠤᠷ᠎ᠠᠠ ᠮᠤᠩᠭ᠋ᠤᠯ ᠦᠨᠳᠦᠰᠦᠲᠡᠨ 93% ᠵᠢ ᠡᠵᠡᠯᠡᠵᠦ ᠂ᠪᠦᠬᠦ ᠬᠤᠰᠢᠭᠤᠨ ᠦ ᠮᠤᠩᠭ᠋ᠤᠯ ᠬᠦᠮᠦᠨ ᠬᠠᠮᠤᠭ ᠦᠨ ᠨᠢᠭᠲᠠᠷᠠᠭᠰᠠᠨ ᠤᠷᠤᠨ ᠦ ᠨᠢᠭᠡ ᠨᠢ ᠪᠤᠯᠤᠨ᠎ᠠ᠃

2009ᠤᠨ ᠡᠴᠡ ᠨᠠᠰᠢ᠂ᠵᠢᠷᠦᠬᠡ ᠲᠠᠯ᠎ᠠ ᠨᠤᠲᠤᠭ ᠦᠨ ᠠᠮᠢ ᠠᠬᠤᠢ ᠵᠢᠨ ᠠᠮᠤᠷ ᠲᠦᠪᠰᠢᠨ ᠢ ᠬᠠᠮᠠᠭᠠᠯᠨ᠂ᠮᠠᠯᠴᠢᠨ ᠲᠠᠷᠢᠶᠠᠴᠢᠨ ᠦ ᠤᠷᠤᠰᠢᠨ ᠰᠠᠭᠤᠬᠤ ᠨᠦᠬᠦᠴᠡᠯ ᠢ ᠰᠠᠢᠢᠵᠢᠷᠠᠭᠤᠯᠬᠤ ᠵᠢᠨ ᠲᠦᠯᠦᠬᠡ᠂ᠤᠨᠳᠤᠤ ᠭᠠᠵᠠᠷ ᠲᠦ ᠨᠡᠭᠦᠯᠭᠡᠵᠦ᠂ᠠᠷᠠᠳ ᠢ ᠨᠡᠭᠦᠯᠭᠡᠨ ᠪᠠᠯᠭᠠᠰᠦ ᠵᠢ ᠦᠷᠦᠭᠡᠳᠭᠡᠬᠦ᠂ᠠᠮᠢ ᠠᠬᠤᠢ ᠵᠢᠨ ᠬᠠᠷᠠᠭ᠎ᠠ ᠪᠡᠷ ᠠᠷᠠᠳ ᠢ ᠨᠡᠭᠦᠯᠭᠡᠬᠦ ᠵᠢ ᠡᠮᠬᠢᠯᠡᠨ ᠨᠡᠢᠢᠯᠡᠬᠦᠯᠬᠦ ᠠᠷᠭ᠎ᠠ ᠪᠤᠳᠤᠯᠭ᠎ᠠ ᠵᠢ ᠬᠡᠷᠡᠭᠵᠢᠬᠦᠯᠵᠦ᠂《ᠠᠮᠢᠳᠤᠷᠠᠬᠤ ᠪᠠ ᠦᠢᠯᠡᠳᠪᠦᠷᠢᠯᠡᠬᠦ ᠤᠷᠴᠢᠨ ᠢ ᠨᠢᠭᠡ ᠴᠤᠭᠴᠠᠵᠢᠭᠤᠯᠬᠤ᠂ᠨᠢᠭᠡᠳᠦᠯᠲᠡᠢ ᠲᠦᠯᠦᠪᠵᠢᠬᠦᠯᠦᠨ ᠨᠢᠬᠡᠳᠦᠯᠲᠡᠢ ᠪᠠᠷᠢᠵᠦ ᠪᠠᠢᠢᠭᠤᠯᠬᠤ᠂ᠨᠢᠭᠡᠳᠦᠯᠲᠡᠢ ᠰᠢᠯᠭᠠᠨ ᠠᠪᠬᠤ》ᠠᠷᠭ᠎ᠠ ᠵᠢ ᠠᠪᠤᠭᠠᠳ ᠠᠮᠢ ᠠᠬᠤᠢ ᠵᠢᠨ ᠨᠡᠭᠦᠳᠡᠯ ᠠᠷᠠᠳ ᠦᠨ ᠲᠤᠰᠬᠤᠨ ᠢ ᠪᠦᠳᠦᠭᠡᠨ ᠪᠠᠢᠢᠭᠤᠯᠪᠠ᠃

ᠪᠠᠶᠠᠨ ᠵᠢᠢᠷᠦᠬᠡ ᠠᠮᠢ ᠠᠬᠤᠢ ᠵᠢᠨ ᠨᠡᠭᠦᠳᠡᠯᠴᠢᠨ ᠠᠷᠠᠳ ᠦᠨ ᠵᠠᠩ ᠦᠢᠯᠡ ᠵᠢᠨ ᠲᠤᠰᠬᠤᠨ ᠨᠢ ᠵᠢᠷᠦᠬᠡ ᠮᠠᠯᠵᠢᠯ ᠦᠨ ᠲᠠᠯᠠᠪᠠᠢ ᠵᠢᠨ ᠬᠤᠢᠢᠳᠦ ᠬᠡᠰᠡᠭ ᠲᠦ ᠪᠠᠢᠢᠷᠢᠯᠠᠵᠦ᠂2009 ᠤᠨ ᠳᠦ ᠪᠠᠢᠢᠭᠤᠯᠤᠭᠳᠠᠵᠠᠢ᠃ᠲᠤᠰ ᠲᠤᠰᠬᠤᠨ ᠳᠦ 5ᠵᠡᠭᠡᠯᠢ3ᠭᠤᠳᠤᠮᠵᠢ ᠲᠠᠢ᠂100ᠡᠷᠦᠬᠡ ᠲᠠᠢ᠃ᠨᠢᠭᠡᠳᠦᠯᠲᠡᠢ ᠬᠦᠷᠢᠶ᠎ᠠ ᠬᠠᠰᠢᠶ᠎ᠠ᠂ᠨᠠᠮᠤᠭ ᠬᠡᠢ ᠵᠢᠨ ᠴᠦᠬᠦᠷᠦᠮ᠂ᠲᠦᠭᠡᠭᠡᠯ ᠤᠰᠤ᠂ᠴᠠᠬᠢᠯᠭᠠᠨ᠂ᠤᠳᠠᠰᠤᠲᠦ ᠲᠸᠯᠸᠢᠰ ᠪᠠ ᠵᠠᠮ ᠦᠨ ᠳᠸᠩ ᠵᠡᠷᠭᠡ ᠪᠤᠢ;ᠭᠠᠴᠠᠭᠠᠨ ᠦ ᠪᠠᠷᠢᠮᠵᠢᠶᠠᠵᠢᠯᠠᠭᠰᠠᠨ ᠭᠠᠴᠠᠭᠠᠨ ᠦ ᠠᠯᠪᠠᠨ ᠬᠡᠷ᠂ᠲᠦᠯᠦᠪᠯᠡᠬᠡᠲᠦ ᠦᠷᠡᠵᠢᠯ ᠦᠨ ᠦᠢᠯᠡᠴᠢᠯᠡᠭᠡᠨ ᠦ  ᠲᠠᠰᠤᠭ᠂ᠰᠤᠶᠤᠯ ᠦᠨ ᠠᠵᠢᠯᠯᠠᠭᠠᠨ ᠦ ᠦᠷᠦᠬᠡ ᠵᠡᠷᠬᠡ ᠤᠯᠠᠨ ᠨᠡᠢᠢᠲᠡ ᠵᠢᠨ ᠦᠢᠯᠡᠴᠢᠯᠡᠭᠡᠨ ᠦ ᠲᠦᠭᠦᠭᠡᠷᠦᠮᠵᠢ ᠲᠠᠢ;ᠡᠷᠦᠬᠡ ᠪᠦᠷᠢ ᠳᠦ6  ᠲᠡᠭᠰᠢ ᠲᠦᠷᠪᠡᠯᠵᠢᠨ ᠮᠸᠲ᠋ᠸᠷ ᠦᠨ ᠬᠠᠰᠢᠶ᠎ᠠ ᠰᠡᠷᠠᠪᠴᠢ ᠲᠠᠢ;ᠲᠠᠪᠤᠨ ᠡᠷᠦᠬᠡ ᠪᠦᠷᠢ ᠨᠢᠬᠡ ᠡᠪᠡᠰᠦ ᠪᠤᠷᠳᠤᠭ᠎ᠠ ᠪᠤᠯᠪᠠᠰᠤᠷᠠᠭᠤᠯᠬᠤ ᠮᠸᠬᠠᠨᠢᠭ ᠲᠠᠢ;ᠡᠷᠦᠬᠡ ᠪᠤᠯᠭᠠᠨ ᠲᠠᠪᠤᠨ ᠴᠡᠪᠡᠷ ᠡᠬᠦᠯᠳᠡᠷ ᠦᠨ ᠬᠡᠬᠡᠯᠢ ᠵᠢᠨ ᠦᠨᠢᠶ᠎ᠠ ᠬᠤᠳᠠᠯᠳᠤᠨ ᠠᠪᠬᠤ ᠵᠢ ᠵᠠᠰᠠᠭ ᠦᠨ ᠤᠷᠳᠤᠨ ᠡᠴᠡ ᠲᠡᠳᠭᠦᠪᠡ᠃ᠲᠤᠰᠬᠤᠨ ᠢ ᠲᠤᠭᠤᠷᠢᠵᠦ ᠲᠤᠷᠤᠭ ᠮᠤᠳᠤ ᠪᠠ ᠪᠤᠳᠠ ᠮᠤᠳᠤ ᠵᠢ ᠤᠶᠠᠯᠳᠤᠭᠤᠯᠤᠭᠰᠠᠨ ᠬᠠᠯᠠᠬᠠᠪᠴᠢ ᠤᠢ ᠵᠢ ᠤᠢᠢᠵᠢᠭᠤᠯᠵᠦ᠂ᠵᠡᠬᠡᠯᠢ ᠭᠤᠳᠤᠮᠵᠢ ᠵᠢᠨ ᠬᠤᠶᠠᠷ ᠲᠠᠯ᠎ᠠ ᠵᠢ ᠴᠦᠨ ᠨᠤᠭᠤᠭᠠᠷᠠᠭᠤᠯᠤᠭᠰᠠᠨ ᠪᠠᠢᠢᠨ᠎ᠠ᠃ ᠲᠤᠰᠬᠤᠨ ᠦ ᠠᠷᠠᠳ ᠦᠨ ᠤᠷᠤᠯᠭ᠎ᠠ ᠵᠢ ᠨᠡᠮᠡᠭᠲᠡᠯ ᠢ ᠠᠬᠢᠭᠤᠯᠬᠤ ᠵᠢᠨ ᠲᠦᠯᠦᠬᠡ᠂ᠲᠦᠷᠦ ᠵᠢᠨ ᠪᠤᠳᠤᠯᠭ᠎ᠠ ᠵᠢᠨ ᠲᠡᠮᠵᠢᠬᠡ ᠦᠵᠡᠬᠦᠯᠬᠦ᠂ᠠᠵᠦ ᠦᠢᠯᠡᠰ ᠵᠢᠡᠷ ᠲᠤᠯᠭᠠᠭᠤᠷᠢᠯᠠᠭᠤᠯᠬᠤ ᠵᠡᠷᠬᠡ ᠤᠷᠤᠯᠭ᠎ᠠ ᠵᠢ ᠨᠡᠮᠡᠭᠳᠡᠬᠦᠯᠬᠦ ᠠᠷᠭ᠎ᠠ ᠬᠡᠮᠵᠢᠶ᠎ᠠ ᠬᠡᠷᠡᠭᠵᠢᠬᠦᠯᠵᠦ᠂ᠨᠡᠭᠦᠵᠦ ᠢᠷᠡᠭᠰᠡᠨ ᠮᠠᠯᠴᠢᠨ ᠦ ᠤᠷᠤᠯᠭ᠎ᠠ ᠵᠢᠨ  ᠪᠦᠬᠦ ᠬᠤᠰᠢᠭᠤᠨ ᠦ ᠮᠠᠯᠴᠢᠨ ᠦ ᠬᠦᠮᠦᠨ ᠪᠦᠷᠢ ᠵᠢᠨ ᠲᠤᠮᠳᠠᠴᠢ ᠤᠷᠤᠯᠭ᠎ᠠ ᠡᠴᠡ ᠲᠤᠤᠷ᠎ᠠ ᠦᠭᠡᠢ ᠪᠠᠢᠢᠬᠤ ᠵᠢ ᠪᠠᠳᠤᠯᠠᠵᠠᠢ᠃ᠨᠡᠭᠦᠵᠦ ᠢᠷᠡᠭᠰᠡᠨ ᠮᠠᠯᠴᠢᠨ ᠳᠦ ᠡᠯ᠎ᠠ ᠵᠦᠢᠯ ᠦᠨ ᠲᠦᠷᠦ ᠵᠢᠨ ᠪᠤᠳᠤᠯᠭ᠎ᠠ ᠵᠢ ᠦᠷᠭᠦᠯᠵᠢᠯᠡᠨ ᠡᠳ᠋ᠯᠡᠬᠦᠯᠵᠦ᠂ᠬᠤᠳᠠ ᠬᠦᠳᠡᠭᠡ ᠵᠢᠨ ᠰᠠᠭᠤᠭᠠᠯᠢ ᠠᠷᠠᠳ ᠦᠨ ᠨᠠᠭᠠᠳᠦ ᠵᠠᠬ᠎ᠠ ᠵᠢᠨ ᠠᠮᠢᠳᠤᠷᠠᠯ ᠦᠨ ᠪᠠᠳᠤᠯᠠᠭ᠎ᠠ ᠵᠢᠨ ᠬᠠᠷᠭᠠᠯᠵᠠᠯ ᠢ ᠴᠦ ᠬᠦᠷᠳᠡᠭᠡᠨᠵᠦ᠂ᠡᠷᠦᠬᠡ ᠪᠦᠬᠦᠨ ᠳᠦ ᠤᠢ ᠮᠤᠳᠤ ᠡᠪᠡᠰᠦ ᠪᠡᠯᠴᠢᠬᠡᠷ ᠢ ᠬᠠᠮᠢᠶᠠᠷᠴᠦ ᠠᠷᠠᠴᠢᠯᠠᠬᠤ ᠠᠵᠢᠯᠲᠠᠨ1ᠬᠦᠮᠦᠨ ᠲᠤᠬᠢᠷᠠᠭᠤᠯᠤᠨ ᠦᠭᠴᠦ᠂ᠵᠢᠯ ᠪᠦᠷᠢ4000ᠲᠦᠭᠦᠷᠢᠭ᠌ ᠦᠨ ᠴᠠᠯᠢᠩ ᠤᠯᠭᠤᠵᠦ ᠪᠠᠢᠢᠨ᠎ᠠ᠃ᠬᠠᠰᠢᠶᠠᠯᠠᠨ ᠮᠠᠯ ᠲᠡᠵᠢᠭᠡᠬᠦ ᠦᠢᠯᠡᠰ ᠵᠢᠡᠷ ᠤᠳᠤᠷᠢᠳᠤᠮᠵᠢ ᠠᠵᠦ ᠦᠢᠯᠡᠰ ᠪᠤᠯᠭᠠᠵᠦ᠃ᠵᠠᠯᠭᠠᠮᠵᠢ ᠠᠵᠦ ᠦᠢᠯᠡᠰ ᠢ ᠢᠳᠡᠪᠬᠢᠲᠡᠢ ᠪᠤᠢᠢᠵᠢᠭᠤᠯᠤᠨ ᠬᠦᠭᠵᠢᠬᠦᠯᠪᠠ᠃

ᠨᠡᠭᠦᠵᠦ ᠭᠠᠷᠤᠭᠰᠠᠨ ᠬᠡᠷ ᠤᠷᠤᠨ ᠦ ᠡᠯᠡᠰᠦᠷᠭᠡᠭᠵᠢᠭᠰᠡᠨ ᠪᠠ ᠠᠮᠢ ᠠᠬᠤᠢ ᠮᠠᠭᠤᠳᠠᠭᠰᠠᠨ ᠪᠡᠯᠴᠢᠬᠡᠷ ᠢᠯᠡᠳᠳᠡ ᠰᠠᠢᠢᠵᠢᠷᠠᠵᠦ ᠴᠢᠳᠠᠭᠰᠠᠨ ᠮᠦᠷᠳᠡᠬᠡᠨ ᠪᠦᠳᠦᠬᠡᠨ ᠪᠠᠢᠢᠭᠤᠯᠬᠤ ᠵᠦᠢᠯᠡᠰ ᠦᠨ ᠭᠠᠵᠠᠷ ᠤᠷᠤᠨ ᠦ ᠮᠠᠯᠴᠢᠨ ᠲᠠᠷᠢᠶᠠᠴᠢᠨ ᠢ ᠨᠡᠭᠦᠵᠦ ᠴᠢᠳᠠᠬᠤ᠂ᠠᠮᠤᠷ ᠲᠤᠭᠳᠠᠭᠤᠨ ᠤᠷᠤᠰᠢᠨ ᠰᠠᠭᠤᠬᠤ᠂ᠪᠤᠴᠠᠬᠤ ᠦᠭᠡᠢ᠂ᠪᠠᠶᠠᠵᠢᠭᠤᠯᠬᠤ ᠬᠡᠰᠡᠨ ᠬᠠᠷᠠᠯᠲᠠ ᠳᠦ ᠪᠠᠨ ᠬᠦᠷᠴᠦ ᠴᠢᠳᠠᠪᠠ᠃

ᠵᠢᠷᠦᠬᠡ ᠮᠠᠯᠵᠢᠯ ᠦᠨ ᠲᠠᠯᠠᠪᠠᠢ ᠵᠢᠨ ᠨᠤᠷᠠᠬᠤ ᠠᠶᠤᠯᠲᠠᠢ ᠬᠡᠷ ᠪᠠᠢᠢᠰᠢᠩ ᠢ ᠦᠬᠡᠷᠡᠴᠢᠯᠡᠭᠰᠡᠨ ᠦᠷᠦᠭᠡᠨᠲᠠᠯ᠎ᠠ ᠰᠢᠨ᠎ᠠ ᠲᠤᠰᠬᠤᠨ ᠨᠢ ᠪᠠᠶᠠᠨ ᠵᠢᠷᠦᠬᠡ ᠵᠢᠨ ᠡᠮᠦᠨ᠎ᠠ ᠬᠡᠰᠡᠭ ᠲᠦ ᠪᠠᠢᠢᠷᠢᠯᠠᠵᠦ᠂800 ᠮᠦ ᠭᠠᠵᠠᠷ ᠡᠵᠡᠯᠡᠨ᠂ᠨᠡᠢᠢᠲᠡ226ᠡᠷᠦᠬᠡ ᠲᠠᠢ ᠂ᠪᠦᠬᠦ ᠴᠤᠭᠴᠠ ᠵᠢᠨ ᠪᠠᠢᠢᠷᠢᠰᠢᠯ ᠨᠢ7ᠵᠡᠭᠡᠯᠢ3ᠭᠤᠳᠤᠮᠵᠢ ᠲᠠᠢ᠃ᠲᠡᠷᠡ ᠨᠢ ᠵᠢᠷᠦᠬᠡ ᠮᠠᠯᠵᠢᠯ ᠦᠨ ᠲᠠᠯᠠᠪᠠᠢ ᠵᠢᠨ ᠠᠮᠢ ᠠᠬᠤᠢ ᠵᠢᠨ ᠨᠡᠭᠦᠳᠡᠯ ᠠᠷᠠᠳ ᠦᠨ ᠰᠢᠨ᠎ᠠ ᠲᠤᠭᠤᠷᠢᠭ ᠦᠨ ᠪᠦᠳᠦᠬᠡᠨ ᠪᠠᠢᠢᠭᠤᠯᠤᠯᠲᠠ ᠵᠢᠨ ᠴᠢᠬᠤᠯᠠ ᠪᠦᠷᠢᠯᠳᠦᠬᠦᠨ ᠬᠡᠰᠡᠭ ᠮᠦᠨ᠂ᠵᠢᠷᠦᠬᠡ ᠮᠠᠯᠵᠢᠯ ᠦᠨ ᠲᠠᠯᠠᠪᠠᠢ ᠬᠦᠳᠡᠬᠡ ᠲᠤᠰᠬᠤᠨ ᠦ ᠮᠠᠯᠵᠢᠬᠤ ᠤᠷᠤᠨ ᠦ ᠨᠤᠷᠠᠬᠤ ᠠᠶᠤᠯᠲᠠᠢ ᠬᠡᠷ ᠪᠠᠢᠢᠰᠢᠩ ᠢ ᠦᠭᠡᠷᠡᠴᠢᠯᠡᠬᠦ ᠫᠷᠥᠵᠸᠺᠲ ᠢ ᠠᠮᠢ ᠠᠬᠤᠢ ᠵᠢᠨ ᠬᠠᠷᠠᠭ᠎ᠠ ᠪᠡᠷ ᠠᠷᠠᠳ ᠢ ᠨᠡᠬᠦᠯᠬᠡᠬᠦ ᠢᠨᠵᠸᠨ᠋ᠸᠷᠢᠩ ᠮᠦᠨ᠃2010 ᠎᠎᠎ᠡᠴᠡ2011 ᠤᠨ ᠬᠦᠷᠳᠡᠯ᠎ᠠ᠂90 ᠡᠷᠦᠬᠡ ᠵᠢ ᠰᠢᠯᠵᠢᠬᠦᠯᠦᠨ ᠲᠦᠪᠬᠢᠨᠡᠬᠦᠯᠬᠦ ᠠᠵᠢᠯ ᠢ ᠪᠡᠶᠡᠯᠡᠬᠦᠯᠪᠡ᠃ᠡᠷᠦᠬᠡ ᠪᠦᠷᠢ ᠵᠢᠨ ᠪᠠᠷᠢᠯᠭ᠎ᠠ ᠵᠢᠨ ᠲᠠᠯᠠᠪᠠᠢ ᠨᠢ 60 ᠲᠡᠭᠰᠢ ᠲᠦᠷᠪᠡᠯᠵᠢᠨ ᠮᠸᠲ᠋ᠷ ᠲᠦ ᠬᠦᠷᠴᠦ᠂ᠤᠯᠤᠰ ᠦᠨ ᠨᠤᠷᠠᠬᠤ ᠠᠶᠤᠯᠲᠠᠢ ᠬᠡᠷ ᠪᠠᠢᠢᠰᠢᠩ ᠪᠠ ᠰᠢᠷᠤᠢ ᠵᠢᠨ ᠪᠠᠢᠢᠰᠢᠩ ᠢ ᠦᠭᠡᠷᠴᠢᠯᠡᠬᠦ ᠨᠦᠬᠦᠪᠦᠷᠢ ᠮᠦᠩᠬᠦ ᠵᠢ ᠡᠷᠦᠬᠡ ᠪᠦᠷᠢ ᠳᠦ14720ᠲᠦᠭᠦᠷᠢᠭ᠌ ᠬᠦᠷᠳᠡᠭᠡᠪᠡ᠃

ᠦᠷᠭᠡᠨᠲᠠᠯ᠎ᠠ ᠵᠢᠨ ᠤᠳᠤᠬᠢᠴᠢᠯᠠᠭᠰᠠᠨ ᠮᠠᠯ ᠠᠵᠦ ᠠᠬᠤᠢ ᠪᠠ ᠮᠤᠩᠭ᠋ᠤᠯ ᠦᠨᠳᠦᠰᠦᠲᠡᠨ ᠦ ᠵᠠᠩ ᠠᠭᠠᠯᠢ᠂ᠵᠢᠭᠤᠯᠴᠢᠯᠠᠯ ᠵᠢᠡᠷ ᠤᠳᠤᠷᠢᠳᠬᠤ ᠠᠵᠦ ᠦᠢᠯᠡᠰ ᠪᠤᠯᠭᠠᠨ ᠬᠦᠭᠵᠢᠬᠦᠯᠬᠦ ᠪᠡᠷ ᠲᠦᠯᠦᠪᠯᠡᠵᠦ ᠪᠤᠢ᠃ᠮᠠᠯᠴᠢᠨ ᠲᠠᠷᠢᠶᠠᠴᠢᠨ ᠦ ᠦᠢᠯᠡᠳᠪᠦᠷᠢᠯᠡᠯ ᠠᠮᠢᠳᠤᠷᠠᠯ ᠦᠨ ᠠᠷᠭ᠎᠎ᠠ ᠮᠠᠶᠢᠭ ᠵᠢᠡᠨ ᠬᠤᠪᠢᠷᠠᠭᠤᠯᠵᠦ᠂《ᠦᠢᠯᠡᠳᠪᠦᠷᠢᠯᠡᠯ ᠪᠠ ᠠᠮᠢᠳᠤᠷᠠᠯ ᠦᠨ ᠤᠷᠴᠢᠨ ᠢ ᠰᠠᠯᠭᠠᠬᠤ》ᠵᠠᠷᠴᠢᠮ ᠢ ᠪᠠᠷᠢᠮᠳᠠᠯᠠᠵᠦ᠂《ᠵᠠᠭᠤᠨ ᠡᠷᠦᠬᠡ ᠵᠢᠨ ᠮᠢᠩ᠋ᠭᠠᠨ ᠬᠡᠬᠡᠯᠢ ᠵᠢᠨ ᠦᠨᠢᠶ᠎ᠠ ᠦᠷᠡᠵᠢᠬᠦᠯᠬᠦ ᠰᠠᠭᠤᠷᠢᠨ ᠭᠠᠵᠠᠷ》ᠪᠠᠢᠢᠭᠤᠯᠬᠤ ᠪᠡᠷ ᠲᠦᠯᠦᠪᠯᠡᠵᠦ ᠪᠠᠢᠢᠨ᠎ᠠ᠃

ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ ᠦ ᠨᠠᠷᠠᠨ ᠭᠠᠴᠠᠭ᠎ᠠ ᠨᠢ ᠲᠠᠷᠢᠶᠠᠯᠠᠬᠤ ᠤᠷᠤᠨ ᠦ ᠰᠢᠨ᠎ᠠ ᠬᠦᠳᠡᠬᠡ ᠲᠤᠰᠬᠤᠨ ᠦ ᠪᠦᠳᠦᠭᠡᠨ ᠪᠠᠢᠢᠭᠤᠯᠤᠯᠲᠠ ᠵᠢᠨ ᠦᠯᠢᠭᠡᠷ ᠬᠡᠪ ᠪᠤᠯᠤᠭᠰᠠᠨ ᠦ ᠲᠠᠷᠠᠭ᠎ᠠ᠂ᠵᠢᠷᠦᠬᠡ ᠮᠠᠯᠵᠢᠯ ᠦᠨ ᠲᠠᠯᠠᠪᠠᠢ ᠵᠢᠨ ᠬᠤᠶᠠᠷ ᠰᠢᠨ᠎ᠠ ᠲᠤᠰᠬᠤᠨ ᠨᠢ ᠴᠦ ᠮᠠᠯᠵᠢᠬᠤ ᠤᠷᠤᠨ ᠦ ᠠᠮᠢ ᠠᠬᠤᠢ ᠵᠢᠨ ᠬᠦᠴᠢᠷ ᠠᠰᠠᠭᠤᠳᠠᠯ ᠢ ᠰᠡᠢᠢᠳᠪᠦᠷᠢᠯᠡᠵᠦ᠂ᠠᠷᠠᠳ ᠦᠨ ᠠᠮᠢᠳᠤᠷᠠᠯ ᠦᠨ ᠢᠨᠵᠸᠨ᠋ᠸᠷᠢᠩ ᠢ ᠬᠡᠷᠡᠭᠵᠢᠬᠦᠯᠬᠦ ᠪᠠᠰᠠ ᠨᠢᠭᠡᠨ ᠰᠢᠨ᠎ᠠ ᠦᠯᠦᠬᠡᠷ ᠬᠡᠪ ᠪᠤᠯᠵᠦ᠂ᠠᠮᠢ ᠠᠬᠤᠢ ᠵᠢᠨ ᠬᠡᠪᠡᠷᠡᠭ ᠭᠠᠵᠠᠷ ᠤᠷᠤᠨ ᠦ ᠬᠦᠭᠵᠢᠯᠲᠡ ᠰᠦᠪᠡᠭᠴᠢᠯᠡᠯᠲᠠ ᠳᠦ ᠠᠰᠢᠭᠲᠠᠢ ᠦᠢᠯᠡᠳᠦᠯᠬᠡ ᠵᠢᠨ ᠠᠯᠬᠤᠮ ᠢ ᠠᠯᠬᠤᠭᠰᠠᠨ ᠪᠠᠢᠢᠨ᠎ᠠ᠃


ᠰᠢᠨ᠎ᠠ ᠲᠤᠰᠬᠤᠨ ᠦ ᠰᠢᠨ᠎ᠠ ᠲᠦᠷᠰᠦ ᠪᠠᠢᠢᠳᠠᠯ

2012 ᠤᠨ ᠦ9ᠰᠠᠷ᠎ᠠ ᠳᠦ᠂ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠵᠠᠰᠠᠭ ᠦᠨ ᠤᠷᠳᠤᠨ ᠦ ᠲᠡᠷᠢᠭᠦᠯᠦᠭᠴᠢ ᠪᠠᠭᠠᠳᠤᠷ(ᠪᠠᠷᠠᠭᠤᠨ ᠡᠴᠡ3)ᠲᠦ ᠲᠦᠩᠯᠢᠶᠤᠤ ᠬᠤᠳᠠ ᠵᠢᠨ ᠬᠤᠳᠠ ᠵᠢᠨ ᠲᠠᠷᠤᠭ᠎ᠠ ᠬᠦᠤᠳᠠᠭᠤᠯᠠ(ᠪᠠᠷᠠᠭᠤᠨ ᠡᠴᠡ2)ᠪᠠᠷ᠎ᠠ ᠪᠤᠯᠵᠦ ᠰᠢᠨ᠎ᠠ ᠲᠤᠰᠬᠤᠨ ᠢ ᠲᠤᠭᠤᠷᠢᠨ ᠦᠵᠡᠪᠡ

ᠪᠦᠬᠦ ᠤᠯᠤᠰ ᠦᠨ ᠤᠯᠤᠰ ᠲᠦᠷᠦ ᠵᠢᠨ ᠵᠦᠪᠯᠡᠯᠭᠡᠨ ᠦ ᠡᠵᠦ ᠠᠬᠤᠢ ᠵᠢᠨ ᠺᠤᠮᠢᠰ ᠦᠨ  ᠲᠡᠳ᠋ ᠡᠷᠬᠢᠯᠡᠭᠴᠢ᠂ᠠᠵᠦ ᠠᠬᠤᠢ ᠵᠢᠨ ᠤᠬᠠᠭᠠᠨᠳᠠᠨ ᠯᠢ ᠢ ᠨᠢᠩ ᠫᠷᠤᠹᠸᠰᠰᠤᠷ ᠰᠢᠨ᠎ᠠ ᠲᠤᠰᠬᠤᠨ ᠢ ᠲᠤᠭᠤᠷᠢᠨ ᠦᠵᠡᠭᠡᠳ᠂ᠪᠠᠳᠮ᠎ᠠ ᠵᠢᠨ ᠬᠢᠨ ᠲᠠᠢ ᠰᠡᠭᠦᠳᠡᠷ  ᠦᠯᠡᠳᠡᠭᠡᠪᠡ

ᠮᠠᠯᠴᠢᠨ  ᠪᠤᠤ ᠭᠠᠩ ᠦᠨ ᠪᠡᠯᠴᠢᠬᠡᠷ ᠲᠦ ᠰᠠᠯᠬᠢᠨ ᠬᠦᠴᠦᠨ ᠦ ᠴᠠᠬᠢᠯᠭᠠᠨ ᠡᠭᠦᠰᠭᠡᠭᠦᠷ ᠤᠭᠰᠠᠷᠠᠭᠰᠠᠨ ᠡᠴᠡ ᠲᠡᠷᠡ ᠨᠦᠬᠦᠪᠦᠷᠢ ᠮᠦᠩᠬᠦ ᠬᠦᠷᠳᠡᠪᠡ

ᠬᠠᠰᠢᠶ᠎ᠠ ᠬᠤᠷᠢᠶᠠᠨ ᠦ ᠠᠵᠦ ᠠᠬᠤᠢ

ᠰᠢᠨ᠎ᠠ ᠲᠤᠰᠬᠤᠨ ᠦ  ᠶᠡᠬᠡ ᠡᠭᠦᠳᠡ

ᠡᠷᠦᠬᠡ ᠪᠦᠷᠢ ᠵᠢᠨ ᠠᠷᠦ ᠬᠦᠷᠢᠶᠡᠨ ᠳᠦ ᠴᠦᠮ ᠨᠠᠮᠤᠭ ᠬᠡᠢ ᠵᠢᠨ ᠴᠦᠬᠦᠷᠡᠮ ᠲᠠᠢ

ᠲᠢᠶᠸ ᠨᠢᠦ ᠰᠢᠨ᠎ᠠ ᠬᠡᠷ ᠲᠡᠭᠡᠨ ᠦᠷᠭᠦᠯᠵᠢ ᠲᠦᠷᠪᠡᠨ ᠤᠳᠠᠰᠤᠲᠦ ᠬᠤᠭᠤᠷ ᠲᠠᠲᠠᠳᠠᠭ

ᠡᠷᠦᠬᠡ ᠪᠦᠷᠢ ᠠᠭᠤᠵᠢᠮ ᠤᠷᠤᠨ ᠵᠠᠢ ᠲᠠᠢ




ᠵᠤᠬᠢᠶᠠᠭᠴᠢ᠄ ᠢᠩᠬᠡᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 329
ᠴᠠᠭ᠄ 2015 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁