ᠤᠷᠴᠤᠨ ᠠᠩᠴᠢᠳ ᠦᠨ ᠭᠠᠴᠠᠭᠠᠨ ᠦ ᠰᠢᠨ᠎ᠠ ᠠᠮᠢᠳᠤᠷᠠᠯ

ᠰᠢᠪᠡᠷᠡᠬᠡ ᠪᠤᠷᠤᠭᠠᠨ ᠳᠡᠬᠢ ᠦᠪᠦᠷ ᠮᠤᠩᠭ᠋ᠤᠯ ᠦᠨ ᠬᠦᠯᠦᠨ ᠪᠤᠢᠢᠷ ᠬᠤᠳᠠ ᠵᠢᠨ ᠤᠷᠴᠤᠨ ᠦ ᠦᠪᠡᠷᠲᠡᠭᠡᠨ ᠵᠠᠰᠠᠬᠤ ᠬᠤᠰᠢᠭᠤᠨ ᠦ ᠲᠤᠪᠤᠭᠤᠷ ᠠᠩᠴᠢᠳ ᠦᠨ ᠭᠠᠴᠠᠭ᠎ᠠ ᠨᠠᠮ ᠵᠢᠮ᠂ᠢᠳᠡᠰᠢᠨ ᠨᠤᠭᠤᠭᠠᠨ ᠦ ᠰᠠᠷᠠᠪᠴᠢᠨ ᠳᠦ ᠬᠦᠳᠡᠯᠮᠦᠷᠢᠯᠡᠵᠦ ᠪᠠᠢᠢᠭ᠎ᠠ ᠭᠠᠴᠠᠭᠠᠨ ᠦ ᠠᠷᠠᠳ ᠢ ᠭᠠᠷᠭᠠᠪᠠᠯ ᠭᠠᠴᠠᠭᠠᠨ ᠳᠦ ᠪᠠᠷᠤᠭ ᠦᠭᠡᠷ᠎ᠠ ᠬᠦᠮᠦᠨ ᠬᠠᠷᠠᠭᠳᠠᠬᠤ ᠦᠭᠡᠢ᠂ᠬᠡᠥᠬᠡᠳ ᠬᠦᠷᠭᠡᠵᠦ ᠲᠤᠰᠬᠤ ᠰᠤᠷᠭᠠᠭᠤᠯᠢ ᠵᠢᠨ ᠲᠡᠷᠭᠡ ᠬᠦᠷᠴᠦ ᠢᠷᠡᠭᠡᠳ ᠰᠠᠶᠢ ᠡᠨᠡ ᠬᠦ ᠨᠠᠮ ᠵᠢᠮ ᠪᠠᠢᠢᠳᠠᠯ ᠢ ᠡᠪᠳᠡᠪᠡ᠃

ᠭᠠᠴᠠᠭᠠᠨ ᠲᠠᠷᠤᠭ᠎ᠠ ᠡᠥ ᠰᠦ ᠬᠠᠢ ᠢᠳᠡᠰᠢᠨ ᠨᠤᠭᠤᠭᠠᠨ ᠦ ᠬᠦᠯᠡᠮᠵᠢᠨ ᠳᠦ ᠬᠦᠷᠴᠦ ᠢᠷᠡᠪᠡ᠃ᠲᠡᠷᠡ ᠱᠠᠨᠳᠤᠢᠩ ᠡᠴᠡ ᠢᠷᠡᠭᠰᠡᠨ ᠢᠳᠡᠰᠢᠨ ᠨᠤᠭᠤᠭᠠᠨ ᠦ ᠬᠦᠯᠡᠮᠵᠢ ᠲᠦᠷᠢᠶᠡᠰᠦᠯᠡᠨ ᠨᠤᠭᠤᠭ᠎ᠠ ᠲᠠᠷᠢᠵᠦ ᠪᠠᠢᠢᠭ᠎ᠠ ᠲᠠᠷᠢᠶᠠᠴᠢᠨ ᠡᠴᠡ ᠲᠠᠷᠪᠤᠰ ᠠᠷᠠᠴᠢᠯᠠᠬᠤ ᠮᠡᠷᠭᠡᠵᠢᠯ ᠰᠤᠷᠬᠤ ᠪᠡᠷ ᠢᠷᠡᠭᠰᠡᠨ ᠪᠠᠢᠢᠵᠠᠢ᠃ᠭᠠᠴᠠᠭᠠᠨ ᠳᠦ ᠵᠠᠰᠠᠭ ᠦᠨ ᠤᠷᠳᠤᠨ ᠡᠴᠡ ᠦᠨ᠎ᠠ ᠲᠦᠯᠦᠪᠦᠷᠢ ᠦᠭᠡᠢ ᠪᠡᠷ ᠵᠠᠰᠠᠵᠦ ᠪᠠᠢᠢᠭᠤᠯᠤᠭᠰᠠᠨ88 ᠰᠠᠭᠤᠷᠢ ᠢᠳᠡᠰᠢᠨ ᠨᠤᠭᠤᠭᠠᠨ ᠦ ᠬᠦᠯᠡᠮᠵᠢ ᠲᠠᠢ᠂ᠲᠤᠰᠬᠤᠨ ᠦ ᠠᠷᠠᠳ ᠰᠠᠷᠠᠪᠴᠢᠨ ᠳᠦ ᠲᠠᠷᠢᠵᠦ ᠤᠷᠭᠤᠭᠤᠯᠬᠤ ᠮᠡᠷᠭᠡᠵᠢᠯ ᠢ ᠨᠡᠢᠢᠳᠡᠮ ᠳᠦ ᠪᠡᠨ ᠡᠵᠡᠮᠰᠢᠭᠰᠡᠨ ᠦᠭᠡᠢ ᠪᠦᠬᠡᠳ ᠨᠤᠭᠤᠭ᠎ᠠ ᠵᠢᠮᠢᠰ ᠲᠠᠷᠢᠭᠰᠠᠭᠠᠷ ᠢᠳᠡᠰᠢᠨ ᠨᠤᠭᠤᠭᠠᠨ ᠬᠦᠯᠡᠮᠵᠢ ᠡᠴᠡ ᠰᠠᠯᠵᠦ ᠴᠢᠳᠠᠬᠤ ᠦᠭᠡᠢ ᠪᠤᠯᠬᠤ ᠲᠤᠯᠠ ᠨᠢᠭᠡ ᠱᠠᠩ ᠲᠠᠷᠢᠶ᠎ᠠ ᠲᠠᠷᠢᠬᠤ ᠡᠴᠡ ᠪᠢᠰᠢ ᠬᠦᠯᠡᠮᠵᠢ ᠵᠢᠨ ᠨᠤᠭᠤᠭ᠎ᠠ ᠲᠠᠷᠢᠬᠤ ᠬᠦᠮᠦᠨ ᠦᠭᠡᠢ ᠪᠠᠢᠢᠯ᠎ᠠ᠃ᠡᠢᠢᠮᠦ ᠡᠴᠡ ᠭᠠᠴᠠᠭ᠎ᠠ ᠪᠡᠷ ᠵᠢᠡᠨ ᠵᠦᠪᠳᠡᠯᠴᠡᠵᠦ ᠪᠠᠢᠢᠳᠠᠭ ᠰᠠᠷᠠᠪᠴᠢ ᠪᠦᠷᠢ ᠵᠢ 700 ᠲᠦᠭᠦᠷᠢᠭ᠌ ᠦᠨ ᠦᠨ᠎ᠠ ᠪᠡᠷ ᠲᠠᠷᠢᠵᠦ ᠤᠷᠭᠤᠭᠤᠯᠬᠤ ᠮᠡᠷᠭᠡᠵᠢᠯ ᠲᠠᠢ ᠭᠠᠳᠠᠨ᠎ᠠ ᠡᠴᠡ ᠢᠷᠡᠭᠰᠡᠨ ᠬᠦᠮᠦᠰ ᠲᠦ ᠲᠦᠷᠢᠶᠡᠰᠦᠯᠡᠨ  ᠦᠭᠭᠦᠭᠰᠡᠨ ᠪᠠᠢᠢᠨ᠎ᠠ᠃ᠡᠥ ᠰᠦ ᠬᠠᠢ ᠴᠢᠯᠦᠬᠡ ᠵᠠᠪ ᠭᠠᠷᠤᠭᠰᠠᠭᠠᠷ ᠢᠳᠡᠭᠡᠨ ᠨᠤᠭᠤᠭᠠᠨ ᠬᠦᠯᠡᠮᠵᠢ ᠳᠦ ᠢᠷᠡᠵᠦ ᠮᠡᠷᠭᠡᠵᠢᠯ ᠰᠤᠷᠳᠠᠭ᠃ᠤᠳᠤᠬᠠᠨ ᠳᠦ ᠪᠦᠬᠦ ᠭᠠᠴᠠᠭᠠᠨ ᠦ ᠦᠢᠯᠡᠳᠪᠦᠷᠢᠯᠡᠯ ᠦᠨ ᠤᠷᠤᠯᠭ᠎ᠠ ᠮᠠᠰᠢ ᠲᠤᠤᠷ᠎ᠠ ᠪᠠᠢᠢᠵᠦ᠂ᠭᠤᠤᠯᠳᠠᠭᠤ ᠵᠠᠰᠠᠭ ᠦᠨ ᠤᠷᠳᠤᠨ ᠦ ᠴᠢᠨᠠᠷᠲᠠᠢ ᠨᠦᠬᠦᠪᠦᠷᠢ ᠳᠦ ᠲᠦᠰᠢᠭᠯᠡᠵᠦ ᠪᠠᠢᠢᠬᠤ ᠤᠴᠢᠷ ᠡᠴᠡ ᠭᠠᠴᠠᠭᠠᠨ ᠦ  ᠲᠠᠷᠤᠭ᠎ᠠ ᠪᠤᠯᠤᠭᠰᠠᠨ ᠡᠥ ᠰᠦ ᠬᠠᠢ ᠮᠠᠰᠢ ᠰᠡᠳᠭᠢᠯ ᠵᠤᠪᠠᠳᠠᠭ᠃ᠲᠡᠷᠡ ᠭᠠᠴᠠᠭᠠᠨ ᠦ ᠠᠷᠠᠳ ᠦᠨ ᠲᠠᠷᠢᠵᠦ ᠤᠷᠭᠤᠭᠤᠯᠬᠤ ᠮᠡᠷᠭᠡᠵᠢᠯ ᠢ ᠰᠤᠷᠤᠯᠴᠠᠵᠦ᠂99ᠰᠠᠭᠤᠷᠢ ᠢᠳᠡᠭᠡᠨ ᠨᠤᠭᠤᠭᠠᠨ ᠰᠠᠷᠠᠪᠴᠢ ᠳᠦ ᠲᠦᠰᠢᠭᠯᠡᠨ ᠤᠷᠤᠯᠭ᠎ᠠ ᠪᠠᠨ ᠨᠡᠮᠡᠭᠳᠡᠭᠦᠯᠬᠦ ᠵᠢ ᠲᠤᠢᠢᠯ ᠵᠢᠡᠷ ᠬᠦᠰᠡᠵᠦ ᠪᠠᠢᠢᠨ᠎ᠠ᠃

ᠲᠠᠪᠤᠨ ᠴᠠᠭ ᠭᠠᠷᠤᠢ ᠳᠦ᠂ᠡᠥ ᠰᠦ ᠬᠠᠢ ᠭᠠᠴᠠᠭᠠᠨ ᠦ ᠺᠤᠮᠢᠰ ᠵᠦᠪᠯᠡᠯ ᠳᠦ ᠬᠦᠷᠴᠦ ᠢᠷᠡᠬᠦ ᠦᠶ᠎ᠠ ᠳᠦ᠂ᠰᠢᠷ᠎ᠠ ᠦᠩᠬᠡᠲᠡᠢᠰᠤᠷᠭᠠᠭᠤᠯᠢ ᠵᠢᠨ ᠲᠡᠷᠬᠡ ᠬᠡᠥᠬᠡᠳ ᠦᠨ ᠴᠡᠴᠡᠷᠯᠢᠭ ᠪᠠ ᠪᠠᠭ᠎ᠠ ᠰᠤᠷᠭᠠᠭᠤᠯᠢ ᠵᠢᠨ ᠬᠡᠥᠬᠡᠳ ᠢ ᠭᠠᠴᠠᠭᠠᠨ ᠳᠦ ᠬᠦᠷᠭᠡᠵᠦ ᠢᠷᠡᠪᠡ᠃ᠠᠷᠪᠠ ᠭᠠᠷᠤᠢ ᠬᠡᠥᠬᠡᠳ ᠲᠡᠷᠭᠡᠨ ᠡᠴᠡ ᠪᠠᠭᠤᠵᠦ ᠦᠪᠡᠷ ᠦᠪᠡᠷ ᠦᠨ ᠬᠡᠷ ᠤᠷᠤᠭᠤ ᠪᠠᠨ ᠬᠦᠶᠦᠯᠴᠡᠨ ᠤᠷᠤᠬᠤ ᠳᠦ ᠨᠠᠰᠦᠲᠠᠳ ᠡᠭᠦᠳᠡ ᠪᠠᠨ ᠨᠡᠭᠡᠭᠡᠵᠦ ᠬᠡᠥᠬᠡᠳ ᠵᠢᠡᠨ ᠤᠭᠳᠤᠵᠦ ᠪᠠᠢᠢᠯ᠎ᠠ᠃2012 ᠤᠨ ᠡᠴᠡ ᠡᠬᠢᠯᠡᠨ ᠳᠠ ᠶᠠᠩ ᠱᠦ ᠪᠠᠯᠭᠠᠰᠦ ᠲᠤᠪᠤᠭᠤᠷ ᠠᠩᠴᠢᠳ ᠭᠠᠴᠠᠭ᠎ᠠ ᠳᠦ ᠰᠤᠷᠭᠠᠭᠤᠯᠢ ᠵᠢᠨ ᠲᠤᠰᠬᠠᠢ ᠲᠡᠷᠭᠡ ᠲᠤᠬᠢᠷᠠᠭᠤᠯᠤᠨ ᠦᠭᠴᠦ᠂ᠦᠷᠯᠦᠬᠡ ᠵᠢᠨ8ᠴᠠᠭ ᠲᠦ ᠬᠡᠥᠬᠡᠳ ᠢ ᠰᠤᠷᠭᠠᠭᠤᠯᠢ ᠳᠦ ᠬᠦᠷᠭᠡᠵᠦ᠂ᠦᠳᠡᠰᠢ ᠵᠢᠨ5 ᠴᠠᠭ ᠲᠦ ᠬᠡᠷ ᠲᠤᠨᠢ ᠬᠦᠷᠭᠡᠵᠦ ᠦᠭᠳᠡᠭ᠃

5ᠨᠠᠰᠤᠲᠠᠢ ᠭᠸ ᠷᠢ ᠭᠸᠨ ᠪᠤᠯ ᠨᠢᠭᠡᠨ ᠠᠯᠢᠶ᠎᠎ᠠ ᠬᠡᠥᠬᠡᠳ ᠶᠤᠮ᠂ᠡᠵᠢ ᠳᠠᠯᠢᠨ᠎ᠠ ᠨᠢ ᠬᠠᠭᠠᠰ ᠡᠳᠦᠷ ᠬᠠᠰᠭᠢᠷᠴᠦ ᠪᠠᠢᠢᠭᠠᠳ ᠲᠡᠭᠦᠨ ᠢ ᠠᠷᠠᠢ ᠴᠢᠷᠠᠢ ᠬᠡᠷ ᠲᠡᠭᠡᠨ ᠬᠠᠷᠢᠭᠤᠯᠪᠠ᠃ᠮᠡᠷᠭᠡᠨ ᠦ ᠠᠪᠤ ᠨᠢ ᠤᠷᠴᠤᠨ ᠦᠨᠳᠦᠰᠦᠲᠡᠨ᠂ᠡᠵᠢ ᠨᠢ ᠲᠠᠭᠤᠷ ᠦᠨᠳᠦᠰᠦᠲᠡᠨ ᠶᠤᠮ᠂ᠲᠡᠳᠡ ᠭᠤᠷᠪᠠᠨ ᠠᠮᠠ ᠪᠡᠷ ᠵᠢᠡᠨ ᠵᠠᠰᠠᠭ ᠦᠨ ᠤᠷᠳᠤᠨ ᠡᠴᠡ ᠲᠡᠳᠡᠨ ᠳᠦ ᠦᠨ᠎ᠠ ᠲᠦᠯᠦᠪᠦᠷᠢ ᠦᠭᠡᠢ ᠪᠡᠷ ᠬᠤᠪᠢᠶᠠᠨ ᠦᠭᠭᠦᠭᠰᠡᠨ 70 ᠭᠠᠷᠤᠢ ᠲᠡᠭᠰᠢ ᠲᠦᠷᠪᠡᠯᠵᠢᠨ ᠮᠸᠲ᠋ᠷ ᠦᠨ ᠪᠠᠢᠢᠰᠢᠩ ᠳᠦ ᠰᠠᠭᠤᠵᠦ ᠪᠠᠢᠢᠨ᠎ᠠ᠃ᠳ᠋ᠠᠯᠢᠨ᠎ᠠ ᠨᠤᠭᠤᠭ᠎ᠠ ᠲᠠᠷᠢᠵᠦ ᠴᠢᠳᠠᠳᠠᠭ᠂ᠬᠡᠷ ᠦᠨ ᠡᠮᠦᠨᠡᠬᠢ ᠬᠤᠭᠤᠰᠤᠨ ᠭᠠᠵᠠᠷ ᠲᠦ ᠬᠠᠪᠳᠠᠭᠠᠢ ᠪᠤᠷᠴᠠᠭ᠂ᠬᠠᠰᠢ᠂ᠯᠠᠵᠤᠤ᠂ᠲᠦᠪᠡᠳ ᠬᠠᠰᠢ᠂ᠦᠷᠭᠡᠰᠦᠳᠦ ᠬᠡᠮᠬᠡ ᠵᠡᠷᠬᠡ ᠵᠢ ᠲᠠᠷᠢᠭᠰᠠᠨ ᠪᠠᠢᠢᠯ᠎ᠠ᠃11 ᠨᠠᠰᠤᠲᠠᠢ ᠭᠸ ᠰᠠᠨ ᠪᠤᠤ ᠪᠤᠯ ᠰᠤᠷᠤᠯᠭ᠎ᠠ ᠰᠠᠢᠢᠲᠠᠢ ᠰᠤᠷᠤᠭᠴᠢ ᠶᠤᠮ᠂ᠠᠪᠤ ᠨᠢ ᠨᠠᠰᠦ ᠪᠠᠷᠠᠵᠦ᠂ᠡᠵᠢ ᠵᠢᠨ ᠬᠢᠨᠢ ᠪᠡᠶ᠎ᠠ ᠪᠠᠷᠤᠭᠲᠠᠢ ᠪᠤᠯᠬᠤᠷ  ᠭᠤᠤᠯᠳᠠᠭᠤ 71 ᠨᠠᠰᠤᠲᠠᠢ ᠡᠮᠡᠭᠡ ᠡᠵᠢ ᠭᠸᠷᠪᠵᠢᠶᠸ ᠨᠢ ᠲᠡᠭᠦᠨ ᠢ ᠬᠠᠷᠭᠠᠯᠵᠠᠳᠠᠭ᠃ᠡᠮᠡᠬᠡ ᠡᠵᠢ ᠨᠢ ᠢᠳᠤᠭᠠᠨ ᠪᠤᠯᠬᠤᠷ ᠮᠠᠰᠢ ᠤᠯᠠᠨ《ᠰᠠᠬᠢᠭᠤᠯᠰᠤᠨ ᠦ  ᠲᠠᠭᠤᠤ》ᠵᠢ ᠲᠠᠭᠤᠯᠠᠵᠦ ᠴᠢᠳᠠᠳᠠᠭ᠃ᠲᠡᠷᠡ ᠬᠦᠮᠦᠨ ᠪᠦᠷᠢ530 ᠲᠦᠭᠦᠷᠢᠭ᠌ ᠦᠨ ᠨᠠᠭᠠᠳᠦ ᠵᠠᠬ᠎ᠠ ᠵᠢᠨ ᠪᠠᠳᠤᠯᠠᠭ᠎ᠠ ᠵᠢᠨ ᠮᠦᠩᠬᠦ ᠬᠦᠷᠳᠡᠵᠦ ᠪᠠᠢᠢᠭ᠎ᠠ ᠪᠦᠬᠡᠳ ᠪᠦᠬᠦ ᠲᠤᠰᠬᠤᠨ ᠦ ᠬᠦᠮᠦᠰ ᠴᠦᠮ ᠡᠮ ᠡᠮᠨᠡᠯᠬᠡ ᠵᠢᠨ ᠲᠠᠭᠠᠳᠬᠠᠯ ᠲᠠᠢ ᠪᠤᠯᠬᠤᠷ ᠬᠸ ᠰᠠᠨ ᠪᠤᠤ ᠵᠢᠨ ᠠᠮᠢᠳᠤᠷᠠᠯ ᠨᠢ ᠪᠠᠳᠤᠯᠠᠭ᠎ᠠ ᠲᠠᠢ ᠪᠠᠢᠢᠵᠦ᠂ᠰᠡᠳᠭᠢᠯ ᠠᠮᠤᠷ ᠰᠤᠷᠤᠯᠴᠠᠵᠦ ᠴᠢᠳᠠᠳᠠᠭ᠃

56ᠨᠠᠰᠤᠲᠠᠢ ᠭᠸ ᠼᠠᠢ ᠷᠦᠩ ᠨᠠᠰᠤᠲᠠᠨ ᠦ ᠬᠢᠨ ᠲᠠᠪᠤᠨ ᠠᠮᠠ ᠬᠦᠮᠦᠨ ᠲᠠᠢ᠂ᠤᠢᠢᠷ᠎ᠠ ᠳᠦ ᠭᠠᠳᠠᠨ᠎ᠠ ᠤᠷᠤᠨ ᠳᠦ ᠬᠠᠷᠢ ᠳᠦ ᠮᠤᠷᠳᠠᠭᠰᠠᠨ ᠬᠡᠥᠬᠡᠨ ᠨᠢ ᠬᠦᠦ ᠪᠠᠨ ᠲᠠᠭᠠᠭᠤᠯᠵᠦ ᠬᠠᠷᠢᠵᠦ ᠢᠷᠡᠭᠰᠡᠨ ᠪᠤᠯᠬᠤᠷ ᠮᠠᠰᠢ ᠬᠦᠷ ᠨᠠᠷᠭᠢᠶᠠᠨ ᠲᠠᠢ ᠪᠤᠯᠵᠠᠢ᠃ᠤᠳᠤ ᠶᠠᠭ ᠲᠤᠭᠤᠭᠠᠨ ᠬᠡᠷ ᠲᠡᠭᠡᠨ ᠬᠠᠪᠢᠷᠭ᠎ᠠ ᠲᠠᠢ ᠤᠳᠠᠯᠢᠭ ᠰᠢᠷᠠᠯᠵᠢ ᠵᠢᠨ ᠨᠠᠬᠢᠶ᠎ᠠ ᠴᠢᠨᠠᠵᠦ᠂ᠤᠳᠠᠯᠢᠭ ᠰᠢᠷᠠᠯᠵᠢ ᠵᠢᠨ ᠨᠠᠬᠢᠶ᠎ᠠ ᠵᠢᠨ ᠦᠨᠦᠷ ᠬᠡᠷ ᠲᠦᠭᠦᠷᠡᠩ ᠠᠩᠬᠢᠯᠤᠨ᠎ᠠ᠃

ᠤᠷᠤᠢ ᠵᠢᠨ 7ᠴᠠᠭ ᠭᠠᠷᠤᠢ ᠳᠦ᠂ᠪᠠᠭ᠎ᠠ ᠰᠤᠷᠭᠠᠭᠤᠯᠢ ᠵᠢᠨ ᠲᠤᠯᠤᠭ᠎ᠠ ᠨᠠᠢᠮᠠᠨ ᠰᠤᠷᠤᠭᠴᠢ ᠪᠤᠭᠴᠦ ᠪᠠᠨ ᠡᠭᠦᠷᠦᠨ ᠮᠸᠩ ᠶᠢᠩ ᠵᠢᠶᠤᠢᠨ ᠡᠷ᠎ᠠ ᠡᠨᠮ᠎ᠠ ᠬᠤᠶᠠᠭᠤᠯᠠ ᠵᠢᠨ ᠡᠷᠬᠢᠯᠡᠭᠰᠡᠨ ᠬᠢᠴᠢᠶᠡᠯ ᠦᠨ ᠭᠠᠳᠠᠨᠠᠬᠢ ᠬᠠᠪᠰᠤᠷᠤᠨ ᠵᠢᠯᠤᠭᠤᠳᠬᠤ ᠠᠩᠬᠢ ᠳᠦ ᠢᠷᠡᠵᠡᠢ᠃ᠮᠸᠩ ᠶᠢᠩ ᠵᠢᠶᠤᠢᠨ ᠪᠤᠯ ᠤᠷᠴᠦᠨ ᠦᠨᠳᠦᠰᠦᠲᠡᠨ ᠶᠤᠮ᠂ᠤᠤᠯ ᠳᠦ ᠪᠠᠨ ᠪᠠᠭᠰᠢᠯᠠᠵᠦ ᠪᠠᠢᠢᠵᠠᠢ᠂ᠡᠨᠳᠡ ᠢᠷᠡᠭᠡᠳ ᠦᠪᠡᠷ ᠦᠨ ᠤᠤᠯ ᠦᠨ ᠠᠵᠢᠯ ᠵᠢᠡᠨ ᠲᠠᠬᠢᠨ ᠡᠷᠬᠢᠯᠡᠵᠦ᠂ᠬᠢᠴᠢᠶᠡᠯ ᠦᠨ ᠭᠠᠳᠠᠨᠠᠬᠢ ᠬᠠᠪᠰᠤᠷᠤᠨ ᠵᠢᠯᠤᠭᠤᠳᠬᠤ ᠠᠩᠬᠢ ᠡᠷᠬᠢᠯᠡᠭᠰᠡᠨ ᠪᠠᠢᠢᠨ᠎ᠠ᠂ᠭᠤᠤᠯᠳᠠᠭᠤ ᠭᠠᠷᠠᠭ ᠦᠨ ᠰᠡᠭᠦᠯᠴᠢ ᠪᠤᠶᠤ ᠤᠷᠤᠢ ᠳᠦ ᠪᠠᠨ ᠬᠡᠥᠬᠡᠳ ᠲᠦ ᠬᠢᠴᠢᠶᠡᠯ ᠨᠦᠬᠦᠪᠦᠷᠢᠯᠡᠵᠦ ᠦᠭᠳᠡᠭ᠃ᠦᠳᠡᠰᠢ ᠪᠤᠯᠬᠤ ᠲᠠᠢ ᠵᠡᠷᠬᠡ ᠲᠤᠪᠤᠭᠤᠷ ᠠᠩᠴᠢᠳ ᠭᠠᠴᠠᠭ᠎ᠠ ᠮᠦᠨ ᠯᠡ ᠨᠠᠮ ᠵᠢᠮ ᠪᠠᠢᠢᠳᠠᠯ ᠳᠦ ᠪᠠᠨ ᠤᠷᠤᠵᠦ᠂ᠬᠡᠥᠬᠡᠳ ᠠᠮᠳᠠᠳᠦ ᠨᠤᠢᠢᠷ ᠲᠦ ᠪᠠᠨ ᠤᠷᠤᠪᠠ᠃

ᠲᠤᠪᠤᠭᠤᠷ ᠠᠩᠴᠢᠳ ᠦᠨ ᠭᠠᠴᠠᠭ᠎ᠠ

ᠭᠠᠴᠠᠭᠠᠨ ᠲᠠᠷᠤᠭ᠎ᠠ ᠡᠦ ᠰᠦ ᠬᠠᠢ ᠬᠦᠯᠡᠮᠵᠢ ᠳᠦ ᠲᠠᠷᠪᠤᠰ ᠠᠷᠠᠴᠢᠯᠠᠬᠤ ᠮᠡᠷᠭᠡᠵᠢᠯ ᠢ ᠰᠦᠷᠴᠦ ᠪᠤᠢ

ᠬᠧ ᠷᠢ ᠭᠧᠨ ᠦ ᠬᠢᠨ ᠡᠭᠦᠳᠡᠨ ᠡᠮᠦᠨ᠎ᠠ ᠪᠠᠨ ᠲᠦᠷᠪᠡ ᠲᠠᠪᠤᠨ ᠵᠦᠢᠯ ᠦᠨ ᠨᠤᠭᠤᠭ᠎ᠠ ᠲᠠᠷᠢᠭᠰᠠᠨ ᠪᠠᠢᠢᠨ᠎ᠠ

ᠠᠩᠴᠢᠨ ᠦ ᠬᠤᠢᠢᠴᠢᠰ ᠭᠧ ᠷᠢ ᠭᠧᠨ ᠵᠢᠷᠤᠭ ᠦᠵᠡᠵᠦ 《ᠴᠢᠨᠣ᠎ᠠ》ᠭᠡᠳᠡᠭ ᠦᠰᠦᠭ ᠢ ᠲᠠᠨᠢᠵᠦ ᠪᠠᠢᠢᠨ᠎ᠠ

ᠭᠠᠴᠠᠭᠠᠨ ᠦ ᠬᠡᠥᠬᠡᠳ ᠢ ᠰᠤᠷᠭᠠᠭᠤᠯᠢ ᠵᠢᠨ ᠲᠡᠷᠭᠡ ᠦᠨ᠎ᠠ ᠲᠦᠯᠦᠪᠦᠷᠢ ᠦᠭᠡᠢ ᠪᠡᠷ ᠲᠤᠰᠴᠦ ᠬᠦᠷᠭᠡᠵᠦ ᠪᠤᠢ

ᠭᠧ ᠰᠠᠨ  ᠪᠤᠤ ᠲᠠᠰᠬᠠᠯ ᠵᠢᠡᠨ ᠬᠢᠬᠦ ᠳᠦ ᠡᠮᠡᠭᠡ ᠡᠵᠢ ᠨᠢ ᠲᠠᠩᠳᠠ ᠬᠠᠵᠠᠭᠤ ᠳᠤᠨᠢ ᠰᠡᠮᠡᠬᠡᠷ ᠬᠠᠷᠠᠵᠦ ᠰᠠᠭᠤᠳᠠᠭ

ᠭᠧ ᠼᠠᠢ ᠷᠦᠩ ᠴᠢᠯᠦᠬᠡ ᠵᠠᠪ ᠭᠠᠷᠤᠭᠰᠠᠭᠠᠷ ᠬᠤᠰᠤ ᠮᠤᠳᠤᠨ ᠬᠠᠯᠢᠰᠦ ᠵᠢᠨ ᠬᠠᠢᠢᠷᠴᠠᠭ ᠬᠢᠳᠡᠭ

ᠮᠧᠩ ᠶᠢᠩ ᠵᠢᠶᠦᠢᠨ ᠪᠠᠭᠰᠢ ᠵᠢᠨ ᠡᠬᠡᠨᠡᠷ ᠨᠢ ᠬᠡᠥᠬᠡᠳ ᠦᠨ ᠲᠠᠰᠬᠠᠯ ᠢ ᠵᠢᠭᠠᠨ ᠵᠢᠯᠤᠭᠤᠳᠴᠦ ᠪᠤᠢ

ᠡᠷᠦᠬᠡ ᠪᠤᠯᠭᠠᠨ ᠦ ᠲᠤᠭᠤᠭᠠᠨ ᠭᠡᠷ ᠲᠦ ᠬᠡᠷ ᠦᠨ ᠴᠠᠬᠢᠯᠭᠠᠨ ᠬᠡᠷᠡᠭᠰᠡᠯ ᠪᠦᠷᠢᠨ ᠪᠠᠢᠢᠳᠠᠭ



ᠵᠤᠬᠢᠶᠠᠭᠴᠢ᠄ ᠯᠢ ᠯᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 383
ᠴᠠᠭ᠄ 2015 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁