ᠲᠠᠯ᠎ᠠ ᠵᠢᠨ ᠬᠡᠷᠡᠯᠲᠦ ᠰᠤᠪᠤᠳ᠎ ᠬᠦᠪᠡᠭᠡᠳᠦ ᠰᠢᠶ᠎ᠠ ᠬᠤᠰᠢᠭᠤ

ᠬᠦᠪᠡᠭᠡᠳᠦ ᠰᠢᠷ᠎ᠠ ᠬᠤᠰᠢᠭᠤ ᠦᠪᠦᠷ ᠮᠤᠩᠭ᠋ᠤᠯ ᠦᠨ ᠲᠤᠮᠳᠠᠳᠤ ᠬᠡᠰᠡᠭ᠂ᠰᠢᠯᠢ ᠵᠢᠨ ᠭᠤᠤᠯ ᠠᠢᠢᠮᠠᠭ ᠦᠨ ᠪᠠᠷᠠᠭᠤᠨ ᠡᠮᠦᠨᠡᠳᠦ ᠬᠡᠰᠡᠭ ᠲᠦ ᠪᠠᠢᠢᠷᠢᠯᠠᠵᠦ᠂ᠶᠡᠷᠦᠩᠬᠡᠢ ᠲᠠᠯᠠᠪᠠᠢ ᠨᠢ 4172ᠬᠠᠪᠲᠠᠭᠠᠢ ᠲᠦᠷᠪᠡᠯᠵᠢᠨ ᠺᠢᠯᠤᠮᠧᠲ᠋ᠷ ᠪᠦᠭᠡᠳ ᠶᠡᠷᠦᠩᠬᠡᠢ ᠬᠦᠢᠮᠦᠨ ᠠᠮᠠ ᠨᠢ3.1ᠲᠦᠮᠡ ᠪᠠᠢᠢᠵᠦ᠂ᠮᠤᠩᠭ᠋ᠤᠯ ᠦᠨᠳᠦᠰᠦᠲᠡᠨ ᠦ ᠪᠦᠬᠦ ᠬᠦᠮᠦᠨ ᠨᠢ 62.5%ᠵᠢ ᠡᠵᠡᠯᠡᠵᠦ ᠪᠠᠢᠢᠳᠠᠭ᠃ᠰᠢᠨᠡᠪᠤᠯᠠᠭ ᠪᠠᠯᠭᠠᠰᠦ ᠨᠢ ᠲᠤᠰ ᠬᠤᠰᠢᠭᠤᠨ ᠦ ᠤᠯᠤᠰ ᠲᠦᠷᠦ᠂ᠠᠵᠦ ᠠᠬᠤᠢ᠂ᠰᠤᠶᠤᠯ ᠦᠨ ᠲᠦᠪ ᠶᠤᠮ᠃

ᠮᠠᠯᠵᠢᠬᠤ ᠤᠷᠤᠨ ᠦ ᠠᠵᠢᠯ ᠢ ᠯᠠᠪᠲᠠᠭᠤᠨ ᠪᠠᠳᠤᠲᠠᠢ ᠠᠬᠢᠭᠤᠯᠤᠨ᠂ᠪᠡᠭᠡᠵᠢᠩ  ᠲᠢᠶᠠᠨᠵᠢᠨ ᠦ ᠡᠯᠡᠰᠦᠨ ᠰᠢᠭᠤᠷᠭ᠎ᠠ ᠵᠢᠨ ᠡᠬᠢ ᠰᠤᠷᠪᠤᠯᠵᠢ ᠵᠢ ᠵᠠᠰᠠᠬᠤ ᠪᠡ ᠭᠤᠤᠯᠳᠠᠯᠭ᠎ᠠ  ᠲᠠᠢ ᠤᠷᠤᠨ ᠢ ᠤᠢᠢᠵᠢᠭᠤᠯᠬᠤ ᠨᠤᠭᠤᠭᠠᠷᠠᠭᠤᠯᠬᠤ ᠵᠡᠷᠬᠡ ᠴᠢᠬᠤᠯᠠ ᠠᠮᠢ ᠠᠬᠤᠢ ᠵᠢᠨ ᠪᠠᠢᠢᠭᠤᠯᠤᠯᠲᠠ ᠵᠢᠨ ᠢᠨᠵᠧᠨ᠋ᠧᠷᠢᠩ ᠢ ᠪᠦᠬᠦ  ᠲᠠᠯ᠎ᠠ ᠪᠡᠷ ᠬᠡᠷᠡᠭᠵᠢᠬᠦᠯᠵᠦ᠂《ᠬᠤᠶᠠᠷ ᠬᠠᠰᠢᠶ᠎ᠠ ᠨᠢᠬᠡ ᠪᠡᠯᠴᠢᠬᠡᠷ》 ᠦᠨ ᠪᠠᠢᠢᠭᠤᠯᠤᠯᠲᠠ ᠵᠢ ᠠᠬᠢᠭᠤᠯᠤᠨ᠂《ᠡᠷᠦᠬᠡ ᠳᠦ ᠬᠤᠪᠢᠶᠠᠨ ᠦᠷᠡᠵᠢᠬᠦᠯᠦᠨ ᠦᠰᠭᠡᠵᠦ᠂ᠲᠦᠪᠯᠡᠷᠡᠬᠦᠯᠦᠨ ᠲᠡᠵᠢᠬᠡᠵᠦ ᠦᠷᠡᠵᠢᠬᠦᠯᠬᠦ》ᠬᠤᠯᠪᠤᠭᠠᠯᠠᠨ ᠡᠵᠩᠨᠡᠬᠦ ᠬᠡᠪ ᠵᠠᠭᠪᠤᠷ ᠢ ᠬᠦᠨᠵᠡᠭᠡᠢᠢᠷᠡᠬᠦᠯᠵᠠᠢ᠃ᠠᠵᠦ ᠦᠢᠯᠡᠳᠪᠦᠷᠢ ᠵᠢ ᠲᠤᠭᠳᠠᠭᠤᠨ ᠵᠢᠡᠷ ᠬᠦᠭᠵᠢᠬᠦᠯᠦᠨ᠂ᠠᠵᠦ ᠦᠢᠯᠡᠳᠪᠦᠷᠢ ᠵᠢᠨ ᠲᠤᠭᠤᠷᠢᠭ ᠲᠦ ᠰᠠᠭᠤᠷᠢᠰᠢᠭ᠌ᠰᠠᠨ ᠠᠵᠦ ᠠᠬᠤᠢᠢᠯᠠᠯ ᠪᠠ ᠬᠡᠪᠴᠢᠶᠡᠵᠢᠯ ᠡᠴᠡ ᠲᠡᠭᠡᠭ᠍ᠰᠢᠬᠢ ᠠᠵᠦ ᠠᠬᠤᠢᠢᠯᠠᠯ ᠲᠤᠰ ᠲᠤᠰ 83ᠪᠠ 27 ᠪᠤᠯᠵᠦ᠂ᠪᠦᠬᠦᠨ ᠤᠷᠤᠨ ᠦ ᠭᠤᠤᠯᠳᠠᠯᠭ᠎ᠠ ᠲᠠᠢ ᠴᠢᠯᠠᠭᠤᠨ ᠮᠡᠲ᠋ᠧᠷᠢᠶᠠᠯ ᠦᠨ ᠰᠠᠭᠤᠷᠢᠨ ᠭᠠᠵᠠᠷ ᠦᠨ ᠨᠢᠬᠡ ᠪᠤᠯᠵᠠᠢ᠃《ᠲᠡᠭ ᠲᠠᠷᠤᠭᠠᠰᠦ》 ᠲᠠᠢ ᠠᠷᠠᠳ ᠳᠦ ᠠᠰᠢᠭᠲᠠᠢ ᠲᠦᠷᠦ ᠵᠢᠨ ᠪᠤᠳᠤᠯᠭ᠎ᠠ ᠵᠢ ᠦᠷᠭᠦᠯᠵᠢᠯᠡᠨ ᠬᠡᠷᠡᠭᠵᠢᠬᠦᠯᠵᠦ᠂ᠦᠨᠳᠦᠰᠦᠲᠡᠨ ᠦ ᠬᠤᠪᠴᠠᠰᠦ ᠵᠠᠰᠠᠯ᠂ᠭᠠᠷ ᠤᠷᠠᠯᠠᠯ ᠪᠠ ᠴᠠᠭᠠᠨ ᠢᠳᠡᠭᠡᠨ ᠵᠡᠷᠬᠡ ᠪᠢᠴᠢᠯ ᠠᠵᠦ ᠠᠬᠤᠢᠢᠯᠠᠯ ᠪᠠ ᠬᠤᠪᠢ ᠵᠢᠨ ᠡᠵᠡᠩᠨᠡᠯᠳᠦ ᠠᠵᠦ ᠠᠬᠤᠢ ᠵᠢᠨ ᠬᠦᠭ᠍ᠵᠢᠯᠳᠡ ᠵᠢ ᠶᠡᠬᠡ ᠪᠡᠷ ᠲᠡᠮᠵᠢᠨ ᠲᠡᠳᠭᠦᠭ᠍ᠰᠡᠨ ᠪᠠᠢᠢᠨ᠎ᠠ᠃ᠦᠪᠡᠷᠮᠢᠴᠠ ᠭᠠᠵᠠᠷ ᠤᠷᠤᠨ ᠦ ᠲᠠᠪᠠᠭᠤᠯᠢᠭ ᠪᠠ ᠬᠦᠮᠦᠨᠯᠢᠭ᠍ ᠦᠨ ᠲᠠᠪᠠᠭᠤᠯᠢᠭ ᠲᠦ ᠪᠠᠨ ᠲᠦᠰᠢᠭᠯᠡᠨ᠂ᠰᠤᠶᠤᠯ ᠦᠨ ᠵᠢᠭᠤᠯᠴᠢᠯᠠᠯ ᠢ ᠶᠡᠬᠡ ᠪᠡᠷ ᠬᠦᠭᠵᠢᠬᠦᠯᠦᠭᠰᠡᠨ ᠵᠢᠡᠷ 2013 ᠤᠨ ᠳᠦ ᠬᠦᠯᠢᠶᠡᠨ ᠠᠪᠤᠭᠰᠠᠨ ᠵᠢᠭᠤᠯᠴᠢᠨ 23.8%ᠪᠡᠷ ᠨᠡᠮᠡᠭᠳᠡᠵᠦ᠂ᠵᠢᠭᠤᠯᠴᠢᠯᠠᠯ ᠦᠨ ᠤᠷᠤᠯᠭ᠎ᠠ ᠨᠢ 22% ᠪᠡᠷ ᠨᠡᠮᠡᠭᠳᠡᠪᠡ᠃ᠠᠵᠦ ᠠᠬᠤᠢ ᠵᠢᠨ ᠬᠦᠭ᠍ᠵᠢᠯᠲᠡ ᠵᠢᠨ ᠦᠷ᠎ᠠ ᠪᠦᠳᠦᠭᠡᠯ ᠢ ᠠᠷᠠᠳ ᠢᠷᠭᠡᠳ ᠲᠦ ᠪᠠᠨ ᠬᠦᠷᠳᠡᠭᠡᠬᠦ ᠵᠢ ᠲᠤᠰ ᠬᠤᠰᠢᠭᠤᠨ ᠦ ᠠᠵᠢᠯ ᠦᠨ ᠵᠢᠡᠨ ᠲᠡᠭᠦᠰᠭᠡᠯᠳᠡ ᠪᠤᠯᠭᠠᠵᠦ᠂5 ᠵᠢᠯ ᠲᠠᠷᠠᠭᠠᠯᠠᠨ 6 ᠬᠤᠪᠢ ᠵᠢᠨ ᠡᠳ᠋ ᠵᠢᠨ ᠵᠠᠰᠠᠭ ᠦᠨ ᠤᠷᠤᠯᠭ᠎ᠠ ᠵᠢ ᠠᠷᠠᠳ ᠦᠨ ᠠᠮᠢᠳᠤᠷᠠᠯ ᠳᠦ ᠬᠦᠷᠢᠶᠡᠨ ᠳᠦ ᠤᠷᠤᠭᠤᠯᠵᠦ᠂ᠤᠷᠤᠭᠤᠯᠤᠯᠲᠠ ᠨᠢ ᠡᠳ᠋ ᠵᠢᠨ ᠬᠦᠴᠦᠨ ᠦ ᠨᠡᠮᠡᠭᠳᠡᠯ ᠢ ᠲᠠᠭᠠᠯᠳᠤᠨ ᠵᠢᠯ ᠡᠴᠡ ᠵᠢᠯ ᠨᠡᠮᠡᠭᠳᠡᠵᠦ᠂2013 ᠤᠨ ᠳᠦ ᠠᠷᠠᠳ ᠦᠨ ᠠᠮᠢᠳᠤᠷᠠᠯ ᠦᠨ ᠬᠦᠷᠢᠶᠡᠨ ᠳᠡᠬᠢ ᠵᠠᠷᠤᠯᠭ᠎ᠠ ᠨᠢ 4.73ᠳ᠋ᠦᠩᠰᠢᠭᠤᠷ ᠲᠦᠬᠦᠷᠢᠭ᠌ ᠪᠤᠯᠵᠦ᠂ᠤᠯᠠᠨ ᠨᠡᠢᠢᠳᠡ ᠵᠢᠨ ᠡᠳ᠋ ᠵᠢᠨ ᠵᠠᠰᠠᠭ ᠦᠨ ᠶᠡᠷᠦᠩᠬᠡᠢ ᠵᠠᠷᠤᠯᠭ᠎ᠠ ᠵᠢᠨ 68% ᠵᠢ ᠡᠵᠡᠯᠡᠪᠡ᠃

ᠤᠢᠢᠷ᠎ᠠ ᠵᠢᠨ ᠵᠢᠯ ᠦᠳ ᠲᠦ᠂ᠬᠤᠰᠢᠭᠤᠨ ᠦ ᠨᠠᠮ ᠦᠨ ᠬᠤᠷᠢᠶ᠎ᠠ ᠵᠠᠰᠠᠭ ᠦᠦᠨ ᠤᠷᠳᠤᠨ ᠨᠢ ᠤᠯᠤᠰ ᠪᠠ ᠦᠪᠡᠷᠲᠡᠭᠡᠨ ᠵᠠᠰᠠᠬᠤ ᠤᠷᠤᠨ ᠦ ᠦᠨᠳᠦᠰᠦᠲᠡᠨ ᠦ ᠰᠤᠷᠭᠠᠨ ᠬᠦᠮᠦᠵᠢᠯ ᠦᠨ ᠲᠦᠷᠦ ᠵᠢᠨ ᠪᠤᠳᠤᠯᠭ᠎᠎ᠠ ᠵᠢ ᠨᠠᠷᠢᠨ ᠨᠢᠮᠪᠠᠢ ᠨᠠᠢᠢᠳᠠᠪᠤᠷᠢᠵᠢᠭᠤᠯᠤᠨ᠂ᠦᠨᠳᠦᠰᠦᠲᠡᠨ ᠦ ᠰᠤᠷᠭᠠᠨ ᠬᠦᠮᠦᠵᠢᠯ ᠢ ᠤᠷᠢᠳ ᠵᠢᠡᠷ ᠭᠤᠤᠯᠳᠠᠯᠭ᠎ᠠ ᠲᠠᠢ ᠪᠡᠷ ᠬᠦᠭᠵᠢᠬᠦᠯᠬᠦ ᠴᠢᠬᠤᠯ ᠠᠪᠠᠢᠢᠷᠢᠨ ᠳᠦ ᠲᠠᠯᠪᠢᠪᠠ᠃ᠪᠦᠬᠦ ᠬᠤᠰᠢᠭᠤᠨ ᠦ 6 ᠲᠤᠮᠳᠠᠳᠦ ᠪᠠᠭ᠎ᠠ ᠰᠤᠷᠭᠠᠭᠤᠯᠢ᠂ᠬᠡᠥᠬᠡᠳ ᠦᠨ ᠴᠡᠴᠡᠷᠯᠢᠭ᠍ ᠦᠨ ᠲᠤᠯᠠᠭᠠᠯᠭ᠎ᠠ ᠬᠠᠩᠭ᠋ᠠᠯᠲᠠ᠂ᠬᠤᠭᠤᠯᠠᠨ ᠬᠡᠷ᠂ᠪᠠᠢᠢᠷᠢ ᠵᠡᠷᠬᠡ ᠠᠮᠢᠳᠤᠷᠠᠯ ᠦᠨ ᠲᠦᠬᠦᠬᠡᠷᠦᠮᠵᠢ ᠵᠢ ᠴᠠᠬᠢᠯᠭᠠᠨᠵᠢᠭᠤᠯᠪᠠ᠃ᠬᠦᠪᠡᠬᠡᠳᠦ ᠰᠢᠷ᠎ᠠ ᠬᠤᠰᠢᠭᠤᠨ ᠦ ᠠᠷᠠᠳ ᠦᠨ ᠵᠠᠰᠠᠭ ᠦᠨ ᠤᠷᠳᠤᠨ ᠦ ᠰᠤᠷᠭᠠᠨ ᠬᠦᠮᠦᠵᠢᠯ ᠦᠨ ᠰᠠᠭᠤᠷᠢ ᠮᠦᠩᠬᠦᠨ ᠦ ᠨᠡᠢᠢᠭᠡᠮᠯᠢᠭ᠌᠂ᠺᠠᠨᠠᠳᠠ ᠵᠢᠨ ᠭᠯᠤᠪᠠᠯ ᠲᠤᠰᠠᠯᠠᠯᠴᠠᠭ᠎ᠠ ᠲᠡᠳᠬᠦᠮᠵᠢ ᠵᠢᠨ ᠰᠠᠭᠤᠷᠢ ᠮᠦᠩᠬᠦᠨ ᠦ ᠨᠡᠢᠢᠭᠡᠮᠯᠢᠭ᠌᠂ᠬᠤᠩᠬᠠᠢ ᠰᠤᠷᠭᠠᠨ ᠬᠦᠮᠦᠵᠢᠯ ᠦᠨ ᠰᠠᠭᠤᠷᠢ ᠮᠦᠩᠬᠦᠨ ᠦ ᠨᠡᠢᠢᠭᠡᠮᠯᠢᠭ᠌ ᠵᠡᠷᠭᠡ ᠨᠢ ᠰᠤᠷᠭᠠᠨ ᠬᠦᠮᠦᠵᠢᠯ ᠦᠨ ᠠᠵᠢᠯ ᠦᠨ ᠨᠡᠢᠢᠭᠡᠮᠴᠢᠯᠡᠯᠲᠡ ᠵᠢᠨ ᠦᠷᠭᠡᠳᠭᠡᠯ ᠦᠷᠭᠦᠯᠵᠢᠯᠡᠯ ᠪᠤᠯᠤᠭᠰᠠᠨ ᠪᠠᠢᠢᠨ᠎ᠠ᠃2013 ᠤᠨ ᠳᠦ᠂ᠤᠯᠤᠰ ᠦᠨ ᠭᠤᠷᠪᠠᠳᠤᠭᠠᠷ ᠲᠦᠷᠦᠯ ᠦᠨ ᠬᠤᠳᠠ ᠵᠢᠨ ᠬᠤᠳᠠ ᠵᠢᠨ ᠦᠬᠡ ᠬᠡᠯᠡ ᠦᠰᠦᠭ ᠪᠢᠴᠢᠭ ᠦᠨ ᠦᠨᠡᠯᠡᠯᠲᠡ ᠳᠦ ᠬᠢᠷᠢ ᠲᠡᠩᠴᠠᠵᠦ᠂ᠦᠬᠡ ᠬᠡᠯᠡ ᠦᠰᠦᠭ ᠪᠢᠴᠢᠭ᠌ ᠢ ᠲᠦᠷᠢᠮᠵᠢᠬᠦᠯᠦᠨ ᠬᠡᠷᠡᠭᠯᠡᠬᠦ ᠬᠢᠷᠢ ᠲᠦᠪᠰᠢᠨ ᠵᠢᠡᠨ ᠴᠢᠨᠠᠭᠰᠢᠳᠠ ᠲᠡᠭᠡᠭ᠍ᠰᠢᠯᠡᠬᠦᠯᠦᠭᠰᠡᠨ ᠪᠠᠢᠢᠨ᠎ᠠ᠃

ᠤᠢᠢᠷ᠎ᠠ ᠵᠢᠨ ᠵᠢᠯ ᠦᠳ ᠲᠦ᠂ᠬᠦᠪᠡᠭᠡᠳᠦ ᠰᠢᠷ᠎ᠠ ᠬᠤᠰᠢᠭᠤ ᠤᠷᠢᠳ ᠬᠤᠵᠢᠳ ᠪᠦᠬᠦ ᠤᠷᠤᠨ ᠦ ᠲᠠᠪᠤᠳᠤᠭᠠᠷ ᠬᠤᠭᠤᠴᠠᠭᠠᠨ ᠦ ᠤᠯᠠᠭᠠᠨᠮᠦᠴᠢᠷ ᠦᠨ ᠤᠷᠠᠯᠢᠭ ᠦᠨ ᠪᠠᠶᠠᠷ᠂ᠰᠢᠯᠢ ᠵᠢᠨ ᠭᠤᠤᠯ ᠠᠢᠢᠮᠠᠭ ᠦᠨ ᠲᠤᠮᠳᠠᠳᠦ ᠤᠷᠤᠰ ᠮᠤᠩᠭ᠋ᠤᠯ ᠦᠨ ᠲᠡᠯᠬᠡᠨ ᠪᠤᠷᠤᠯᠠᠭᠤᠯᠬᠤ ᠴᠤᠭᠯᠠᠭᠠᠨ᠂ᠠᠩᠬᠠᠳᠠᠭᠴᠢ ᠪᠤᠭᠤᠮᠳᠠ ᠵᠢᠨ ᠭᠠᠳᠠᠨᠠᠬᠢ ᠤᠯᠠᠨ ᠤᠯᠤᠰ ᠦᠨ ᠴᠢᠯᠠᠭᠤᠨ ᠮᠠᠲ᠋ᠧᠷᠢᠶᠠᠯ ᠦᠨ ᠦᠵᠡᠰᠬᠦᠯᠡᠩ᠂ᠴᠠᠬᠠᠷ ᠠᠷᠠᠳ ᠦᠨ ᠵᠠᠩ ᠦᠢᠯᠡ ᠵᠢᠨ ᠰᠤᠶᠤᠯ ᠦᠨ ᠪᠠᠶᠠᠷ ᠵᠡᠷᠬᠡ ᠵᠢ ᠲᠠᠭᠠᠭᠠᠨ ᠡᠷᠬᠢᠯᠡᠵᠦ᠂ᠤᠯᠠᠨ ᠲᠦᠮᠡᠨ ᠦ ᠰᠤᠶᠤᠯ ᠦᠨ ᠠᠮᠢᠳᠤᠷᠠᠯ ᠢ ᠪᠠᠶᠠᠯᠢᠭᠵᠢᠭᠤᠯᠪᠠ᠃

ᠬᠦᠪᠡᠭᠡᠳᠦ ᠰᠢᠷ᠎ᠠ ᠬᠤᠰᠢᠭᠤᠨ ᠦ ᠪᠠᠢᠢᠭᠠᠯᠢ ᠵᠢᠨ ᠵᠢᠭᠤᠯᠴᠢᠯᠠᠯ ᠦᠨ ᠦᠩᠬᠡ ᠦᠵᠡᠮᠵᠢ ᠮᠠᠰᠢ ᠪᠠᠶᠠᠯᠢᠭ᠃ᠬᠤᠩᠭ᠋ᠤᠷ ᠤᠪᠤᠭ᠎ᠠ ᠠᠭᠤᠯᠠ ᠨᠢ  ᠭᠠᠢᠢᠬᠠᠮᠰᠢᠭ᠌ᠲᠦ ᠰᠤᠨᠢᠨ ᠤᠷᠬᠢᠯ ᠰᠠᠷᠢᠳᠠᠭ᠂ᠬᠠᠷᠢᠨ ᠠᠮᠢᠳᠤᠯᠢᠭ ᠬᠠᠳᠠ ᠴᠢᠯᠠᠭᠤ᠂ᠰᠦᠯᠵᠢᠳᠦᠨ ᠵᠠᠯᠭᠠᠯᠳᠤᠭᠰᠠᠨ ᠭᠤᠤ ᠭᠠᠩᠭ᠋᠎ᠠ᠂ᠨᠢᠭ᠌ᠳᠠ ᠪᠢᠳᠡᠬᠦᠦ ᠤᠢ ᠰᠢᠭᠤᠢ ᠪᠡᠷ ᠵᠢᠡᠨ ᠠᠯᠳᠠᠷᠲᠠᠢ ᠪᠦᠬᠡᠳ ᠢᠯᠠᠩᠭ᠋ᠤᠶ᠎ᠠ ᠪᠠᠢᠢᠭᠠᠯᠢ ᠵᠢᠨ ᠦᠷᠭᠡᠰᠦᠳᠦ ᠠᠷᠴᠠ ᠵᠢᠨ ᠲᠠᠯᠠᠪᠠᠢ ᠨᠢ ᠤᠯᠤᠰ ᠦᠨ ᠲᠤᠳᠤᠭᠠᠳᠦ ᠳᠦ ᠲᠡᠷᠢᠬᠦᠨ ᠪᠠᠢᠢᠷᠢᠨ ᠳᠦ ᠤᠷᠤᠳᠠᠭ᠃ᠵᠢᠯ ᠪᠦᠷᠢ ᠵᠢᠨ ᠬᠤᠩᠭ᠋ᠤᠷ ᠤᠪᠤᠭ᠎ᠠ ᠵᠢᠨ ᠲᠠᠬᠢᠯᠭ᠎ᠠ ᠨᠢ ᠤᠯᠤᠰ ᠦᠨ ᠲᠤᠳᠤᠭᠠᠳᠦ ᠭᠠᠳᠠᠭᠠᠳᠦ ᠵᠢᠨ ᠦᠢ ᠤᠯᠠᠨ ᠵᠢᠭᠤᠯᠴᠢᠳ ᠦᠨ ᠰᠤᠨᠢᠷᠬᠠᠯ ᠢ ᠲᠠᠲᠠᠳᠠᠭ᠃ᠮᠤᠩᠭ᠋ᠤᠯ  ᠬᠡᠯᠡᠨ ᠦ 《ᠲᠠᠨᠵᠤᠤᠷ》 ᠢ ᠬᠠᠳᠠᠭᠠᠯᠠᠵᠦ ᠪᠠᠢᠢᠭ᠎ᠠ ᠪᠡᠷ ᠵᠢᠡᠨ ᠠᠯᠳᠠᠷᠰᠢᠭᠰᠠᠨ ᠬᠠᠶᠢᠩᠬᠢᠷᠣ᠎ᠠ ᠰᠦᠮ᠎ᠠ ᠨᠢ ᠪᠤᠷᠬᠠᠨ ᠱᠠᠰᠢᠨ ᠦ ᠵᠢᠭᠤᠯᠴᠢᠯᠠᠯ ᠦᠨ ᠦᠵᠡᠮᠵᠢᠲᠦ ᠭᠠᠵᠠᠷ ᠶᠤᠮ᠃


ᠬᠦᠪᠡᠭᠡᠳᠦ ᠰᠢᠷ᠎ᠠ ᠳᠦ ᠮᠤᠷᠢᠯᠠᠨ ᠰᠠᠭᠠᠳᠠᠭᠠᠷᠠᠢ
ᠬᠦᠪᠡᠭᠡᠳᠦ ᠰᠢᠷ᠎ᠠ ᠵᠢᠨ ᠬᠠᠴᠢᠨ ᠴᠢᠯᠠᠭᠤᠳ

ᠬᠤᠰᠢᠭᠤᠨ ᠦ ᠤᠳᠤᠷᠢᠳᠤᠯᠭ᠎ᠠ ᠮᠠᠯ ᠠᠵᠦ ᠠᠬᠤᠢ ᠵᠢᠨ ᠦᠢᠯᠡᠰ ᠢ ᠲᠤᠭᠤᠷᠢᠨ ᠪᠠᠢᠴᠠᠭᠠᠵᠦ ᠪᠠᠢᠢᠭ᠎ᠠ ᠨᠢ

ᠠᠵᠢᠯ ᠮᠡᠷᠭᠡᠵᠢᠯ ᠦᠨ ᠪᠤᠯᠪᠠᠰᠤᠷᠠᠯ ᠬᠦᠷᠳᠡᠨ᠎ᠠ

ᠮᠤᠷᠢᠳᠠᠨ

ᠡᠮᠨᠢᠭ᠌ ᠰᠤᠷᠭᠠᠨ᠎ᠠ

ᠬᠤᠨᠢᠨ ᠡᠭᠦᠯᠳᠡᠷ ᠦᠨ ᠰᠢᠯᠭᠠᠷᠠᠭᠤᠯᠤᠯᠲᠠ

ᠴᠠᠭᠠᠨ ᠢᠳᠡᠭᠡ ᠬᠢᠵᠦ ᠪᠤᠢ

ᠮᠤᠷᠢᠨ ᠡᠳ᠋ᠯᠡᠯ ᠦᠨ ᠮᠦᠽᠧᠢ

ᠭᠠᠯ ᠲᠠᠬᠢᠯᠭ᠎ᠠ

ᠬᠠᠶᠢᠩᠬᠢᠷᠣ᠎ᠠ ᠰᠦᠮ᠎ᠠ

ᠤᠪᠤᠭᠠᠨ ᠲᠠᠬᠢᠯᠭ᠎ᠠ

ᠦᠪᠡᠷᠮᠢᠴᠠ ᠰᠠᠢᠢᠬᠠᠨ ᠪᠡᠶ᠎ᠠ ᠲᠠᠮᠢᠷ ᠦᠨ ᠤᠷᠳᠤᠨ

ᠦᠷᠨᠢᠨ ᠬᠦᠭᠵᠢᠬᠡ ᠦᠨᠳᠦᠰᠦᠲᠡᠨ ᠦ ᠰᠤᠷᠭᠠᠨ ᠬᠦᠮᠦᠵᠢᠯ

ᠮᠤᠩᠭ᠋ᠤᠯ ᠤᠯᠠᠮᠵᠢᠯᠠᠯᠲᠦ ᠬᠦᠭᠵᠢᠮ ᠬᠤᠪᠤᠰᠤ ᠬᠦᠭᠵᠢᠮᠳᠡᠵᠦ ᠪᠠᠢᠢᠭ᠎ᠠ ᠨᠢ

ᠮᠤᠩᠭ᠋ᠤᠯ ᠰᠢᠳᠠᠷ᠎ᠠ ᠵᠢᠨ ᠶᠡᠬᠡ ᠲᠡᠮᠡᠴᠡᠬᠡᠨ

ᠬᠦᠪᠡᠬᠡᠳᠦ ᠰᠢᠷ᠎ᠠ ᠬᠤᠰᠢᠭᠤ ᠡᠴᠡ ᠢᠯᠡᠷᠡᠭᠦᠯᠦᠭᠰᠡᠨ ᠤᠯᠤᠰ ᠦᠨ ᠨᠢᠭᠡᠳᠦᠭᠡᠷ ᠲᠡᠰ ᠦᠨ ᠰᠤᠶᠤᠯ ᠲᠡᠥᠬᠡ ᠵᠢᠨ ᠲᠤᠷᠰᠠᠬᠠᠯᠳᠦ ᠵᠦᠢᠯ    ᠠᠯᠲᠠᠨ ᠡᠮᠡᠬᠡᠯ

ᠮᠠᠯᠴᠢᠳ ᠭᠡᠷ ᠲᠦ ᠪᠠᠨ ᠰᠦᠯᠵᠢᠶᠡᠨ ᠳᠦ ᠭᠠᠷᠴᠦ ᠪᠤᠢ

ᠰᠤᠶᠤᠯ ᠦᠨ ᠲᠦᠪ


ᠵᠤᠬᠢᠶᠠᠭᠴᠢ᠄ ᠸᠠᠩ ᠬᠠᠢ ᠵᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 611
ᠴᠠᠭ᠄ 2015 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁