ᠵᠢᠮᠦᠬᠦᠨ ᠭᠠᠵᠠᠷ ᠤᠨ ᠳᠠᠭᠤᠯᠠᠯ

ᠶᠠᠮᠠᠷ ᠴᠤ ᠬᠦᠮᠥᠨ ᠲᠡᠶ ᠠᠭᠣᠯᠵᠠᠬᠣ ᠦᠭᠡᠶ᠂ ᠬᠠᠮᠢᠭ᠎ᠠ ᠴᠤ ᠣᠴᠢᠬᠤ ᠦᠭᠡᠶ᠂ ᠭᠠᠭᠴᠠᠭᠠᠷ ᠣᠯᠠᠨ ᠬᠣᠨᠣᠭ ᠪᠠᠶ᠋‍ᠢᠭᠠᠳ ᠪᠠᠶ᠋‍ᠢᠬᠣ ᠳᠤ ᠣᠴᠢᠷ ᠢ ᠨᠢ ᠦᠯᠤ ᠮᠡᠳᠡᠬᠥ ᠣᠢᠢᠳᠬᠠᠷ ᠰᠠᠳᠬᠢᠯ ᠢ ᠲᠠᠷᠣᠵᠣ᠂ ᠠᠭᠠᠯᠵᠢᠨ ᠰᠢᠯᠣᠰᠣ ᠮᠠᠳᠣ ᠪᠠᠷ ᠪᠠᠶ᠎ᠠ ᠶᠢ ᠣᠷᠢᠶᠠᠨ᠎ᠠ᠃ ᠶ᠋‍ᠢᠵᠢᠭ᠍ᠬᠡᠨ ᠦᠷᠣᠬᠡᠨ ᠳᠡᠭᠡᠨ ᠰᠢᠩᠬᠡᠯᠢᠭ᠌ ᠲᠤ ᠣᠷᠣᠭᠰᠠᠨ ᠲᠣᠭᠰᠢᠨ ᠠᠷᠢᠶᠠᠳᠠᠨ ᠬᠡᠮᠡᠷ ᠪᠣᠬᠢᠮᠳᠠᠨ ᠡᠷᠬᠢᠯᠲᠦᠬᠥ ᠳᠤ ᠨᠢᠯᠪᠣᠰᠣ ᠭᠠᠷᠬᠣ ᠬᠡᠥᠨ ᠁ ᠬᠣᠭᠣᠯᠠᠢ ᠪᠠᠴᠢᠭᠣᠳᠠᠨ ᠴᠢᠨᠣᠷᠠᠵᠣ᠂ ᠨᠢᠳᠣ ᠣᠬᠣᠷᠬᠠᠢ ᠪᠠᠷ ᠢᠶᠡᠨ ᠡᠪᠡᠣᠠᠬᠥ ᠶᠣᠮ᠃ ᠬᠡᠨ ᠴᠤ ᠨᠠᠮᠠᠢᠢ ᠬᠠᠨ᠎ᠠ ᠲᠠᠮᠣᠷ ᠬᠠᠭᠠᠯᠭ᠎ᠠ ᠲ᠋ᠠᠢ ᠡᠨᠠ ᠦᠷᠣᠬᠡᠨ ᠳᠤ ᠴᠣᠣᠵᠢᠯᠠᠭ᠎ᠠ ᠦᠭᠡᠶ᠂ ᠪᠢ ᠦᠪᠡᠷ ᠢᠶᠡᠨ ᠯᠠ ᠦᠪᠡᠷ ᠤᠨ ᠢᠶᠡᠨ ᠬᠣᠷᠢᠭᠳᠠᠯ ᠪᠣᠯᠵᠣ ᠬᠠᠷᠮᠠᠨ ᠳᠤ ᠪᠠᠶ᠋‍ᠢᠭᠰᠠᠨ ᠲᠦᠯᠬᠢᠬᠦᠷ ᠢᠶᠡᠨ ᠵᠢᠪᠠᠷᠠᠳᠠᠯ᠎ᠠ ᠣᠯᠠᠨ ᠵᠢᠯ ᠪᠦᠬᠥᠨ ᠡᠴᠡ ᠵᠠᠶ᠋‍ᠢᠳᠠᠭᠣ ᠠᠮᠢᠳᠣᠷᠠᠵᠠᠢ᠃ ᠰᠠᠳᠬᠢᠯ ᠤᠨ ᠶᠡᠬᠡ ᠴᠡᠬᠡᠷ ᠬᠡᠵᠦ ᠶᠠᠭᠣᠨ ᠡᠴᠠ ᠴᠤ ᠪᠦᠬᠡᠯᠢᠭ᠌ ᠬᠦᠯᠢᠶᠡᠰᠤ ᠪᠠᠶ᠋‍ᠢᠵᠣ᠂ ᠨᠢᠳᠣ ᠰᠢᠳᠣ ᠨᠢ ᠬᠢᠯᠠᠯᠵᠠᠭᠰᠠᠨ ᠵᠠᠯᠠᠭᠣ ᠬᠦᠮᠥᠨ ᠤ ᠴᠣᠭ ᠵᠤᠯᠢ ᠶᠢ ᠬᠠᠳᠠᠩᠬᠢᠷᠠᠭᠣᠯᠴᠢᠬᠠᠬᠣ ᠬᠦᠴᠥᠨ ᠲᠡᠶ ᠠᠵᠢ︕ ᠲᠠᠯ᠎ᠠ ᠶᠢᠨ ᠰᠠᠯᠬᠢ ᠰᠢᠭ ᠴᠢᠯᠦᠬᠡᠳᠡᠢ ᠠᠭᠰᠠᠨ ᠬᠡᠨᠡᠬᠡᠨ ᠨᠠᠰᠣ ᠲᠠᠳᠣᠢ ᠯᠠ ᠬᠣᠯᠠᠳᠠᠭ᠎ᠠ ᠦᠭᠡᠶ ᠴᠤ ᠰᠣᠭᠣ ᠰᠢᠭ ᠰᠡᠷᠬᠥᠯᠡᠨᠭ᠌ ᠠᠭᠠᠯᠢ ᠰᠣᠮᠣ ᠰᠢᠭ ᠴᠠᠬᠢᠯᠵᠣ ᠣᠣᠠᠪᠠ᠃ ᠪᠣᠰᠣᠳ ᠡᠴᠡ ᠬᠡᠵᠢᠶᠡᠳᠡ ᠲᠠᠰᠣᠷᠬᠠᠢ ᠪᠤᠯᠬᠤᠷ ᠣᠶ᠋‍ᠢᠯᠠᠭᠠᠯᠴᠠᠯ ᠪᠠᠶ᠋‍ᠢᠬᠣ ᠦᠬᠡᠢ᠂ ᠲᠠᠶ᠋‍ᠢᠮᠣ ᠳᠡᠭᠡᠨ ᠡᠨᠳᠡᠬᠥᠷᠡᠯ ᠨᠠᠮᠠᠢᠢ ᠪᠦᠰᠡᠯᠠᠪᠡ᠃ ᠠᠮᠢ ᠲᠡᠶ ᠯᠠ ᠶᠠᠭᠣᠮ᠎ᠠ ᠬᠣᠶ᠋‍ᠢᠨ᠎ᠠ᠂ ᠡᠬᠢᠯᠡᠬᠡᠥᠨ ᠲᠠᠶ᠋‍ᠢᠯᠪᠣᠷᠢᠯᠠᠯ ᠬᠢᠵᠣ ᠣᠯᠠᠨ ᠤ ᠪᠠᠨ ᠲᠣᠮᠳᠠ ᠪᠣᠴᠠᠬᠣ ᠶᠢ ᠰᠠᠨᠠᠳᠠᠭ ᠪᠠᠶ᠋‍ᠢᠯ᠎ᠠ᠃ ᠬᠡᠪᠡᠴᠦ ᠪᠦᠬᠥᠳᠡᠬᠡᠷ ᠡᠢᠵᠢᠯᠢᠬᠡᠨ ᠬᠣᠪᠴᠠᠰᠣ ᠲᠡᠶ ᠨᠡᠢᠢᠬᠡᠮ ᠳᠤ ᠦᠪᠡᠷ ᠤᠨ ᠶ᠋‍ᠢᠠᠨ ᠥᠩᠬᠡ ᠪᠠᠷ ᠣᠠᠴᠠᠯᠢᠭᠳᠠᠳᠠᠭ ᠬᠦᠮᠥᠨ ᠠᠷᠪᠠᠨ ᠠᠮᠨ ᠲᠡᠶ ᠪᠠᠶ᠋‍ᠢᠯ᠎ᠠ ᠴᠤ ᠬᠡᠰᠡᠨ ᠡᠨᠳᠡᠬᠥᠷᠡᠯ ᠢ ᠣᠰᠠᠳᠬᠠᠵᠣ ᠴᠢᠳᠠᠬᠣ ᠦᠬᠡᠢ ᠬᠠᠷᠢᠨ ᠦᠪᠡᠷ ᠣᠷᠣᠭᠣ ᠨᠢ ᠴᠢᠭ᠍ᠯᠡᠭ᠍ᠰᠡᠨ ᠰᠢᠷᠥᠬᠥᠨ ᠬᠠᠷᠠᠴᠠ ᠳᠤ ᠰᠥᠯᠪᠡᠬᠥᠯᠬᠥ ᠠᠶᠣᠯ ᠲᠡᠶ ᠶᠢ ᠮᠡᠳᠡᠬᠡᠥᠨ ᠬᠡᠯᠡ ᠪᠠᠨ ᠠᠯᠳᠠᠵᠣ ᠲᠣᠭᠣᠢ ᠰᠠᠭᠣᠪᠠ᠃ ᠡᠢᠩᠬᠢᠬᠡᠥᠨ ᠰᠦᠨᠢ ᠰᠦᠨᠢ ᠨᠣᠶ᠋‍ᠢᠷ ᠬᠣᠯᠵᠢᠳᠠᠭ ᠪᠣᠯᠪᠠ᠃

ᠦᠨᠡᠨ ᠳᠡᠭᠡᠨ ᠪᠢ ᠡᠷᠢᠯ ᠳᠤ ᠭᠠᠷᠴᠠᠢ᠃ ᠵᠠᠭᠣᠨ ᠵᠠᠭᠣᠨ ᠤ ᠲᠣᠷᠰᠢ ᠪᠣᠷᠣᠭᠠᠨ ᠦᠭᠡᠶ ᠬᠠᠶᠠᠭᠳᠠᠭᠰᠠᠨ ᠡᠵᠡᠬᠥᠢ ᠴᠦᠯ ᠶ᠋‍ᠢᠠᠷ ᠠᠯᠬᠣᠯᠠᠬᠣ ᠳᠤ ᠬᠦᠯ ᠢᠶᠡᠨ ᠰᠣᠭᠣᠯᠵᠣ ᠶᠠᠳᠠᠨ ᠬᠦᠴᠢᠷᠳᠡᠵᠦ᠂ ᠬᠠᠯᠠᠭᠣᠨ ᠨᠣᠷᠮ᠎ᠠ ᠨᠢᠭᠣᠷ ᠦᠬᠡᠳᠡ ᠪᠣᠳᠠᠷᠠᠨ ᠠᠮᠢᠰᠭᠣᠯ ᠪᠦᠳᠡᠨ᠎ᠡ᠃ ᠦᠨᠢ ᠡᠷᠳᠠᠨ ᠤ ᠨᠢᠬᠡᠨ ᠪᠡᠶ᠋‍ᠢᠰᠢᠡᠭ ᠤᠨ ᠴᠣᠩᠬᠤ ᠪᠠᠷ ᠭᠠᠳᠠᠭᠰᠢ ᠱᠠᠭᠠᠶ᠋‍ᠢᠭᠰᠠᠨ ᠬᠡᠣᠬᠡᠥᠨ ᠤᠨ ᠲᠣᠩᠭ᠋ᠠᠯᠠᠭ ᠮᠠᠯᠮᠠᠢ ᠬᠢᠯᠪᠠᠭᠠᠨ ᠳ᠋ᠣ ᠬᠢᠯᠠᠯᠵᠠᠵᠣ᠂ ᠮᠣᠢᠩᠬᠥᠨ ᠬᠣᠩᠬᠤ ᠰᠢᠭ ᠡᠢᠨᠢᠶᠠᠳᠣ ᠨᠢ ᠱᠠᠬᠢᠬᠣ ᠪᠣᠷᠣᠭᠠᠨ ᠲᠡᠶ ᠠᠶ᠋‍ᠢᠵᠠᠮ ᠨᠠᠶ᠋‍ᠢᠯᠠᠵᠣ ᠪᠠᠶ᠋‍ᠢᠭᠰᠠᠨ ᠢ ᠰᠠᠨᠠᠵᠣ᠂ ᠰᠠᠯᠬᠢᠨ ᠳᠤ ᠦᠷᠥᠭᠳᠡᠨ ᠬᠢᠯᠳᠠᠭᠠᠨᠠᠭᠰᠠᠨ ᠬᠠᠪᠳᠠᠭᠠᠢ ᠴᠢᠯᠠᠭᠣ ᠠᠪᠴᠣ ᠵᠢᠰᠣ ᠪᠠᠨ ᠦᠵᠡᠬᠥ ᠳᠤ ᠲᠠᠷᠠ ᠨᠢᠳᠣ ᠴᠣᠭ ᠰᠢᠭ ᠣᠯᠠᠶ᠋‍ᠢᠵᠣ ᠬᠠᠷᠠᠭᠳᠠᠨ᠎ᠠ᠃ ᠲᠡᠭ᠍ᠷᠢ ᠦᠬᠡᠳᠡ ᠰᠠᠷᠪᠠᠶ᠋‍ᠢᠬᠣ ᠬᠠᠳᠠᠵᠣ ᠶᠣᠷᠳᠣᠶ᠋‍ᠢᠭᠰᠠᠨ ᠮᠣᠳᠣᠳ ᠨᠢᠳᠣ ᠶᠢ ᠬᠠᠭᠠᠷᠬᠠᠢ ᠲᠣᠯᠢ ᠰᠢᠭ ᠬᠡᠳᠥᠨ ᠠᠩᠬᠢ ᠰᠠᠯᠭᠠᠵᠠᠢ᠃

ᠨᠡᠷ᠎ᠡ ᠶᠢ ᠨᠢ ᠦᠯᠤ ᠮᠡᠳᠡᠬᠥ ᠠᠪᠣᠷᠭᠣ ᠠᠮᠢᠳᠠᠨ ᠤ ᠰᠠᠭᠣᠳᠠᠯ ᠪᠠᠶ᠋‍ᠢᠭᠰᠠᠨ ᠪᠣᠯᠪᠠ ᠦᠦ ᠬᠡᠮᠡᠷ ᠠᠷᠵᠠᠭᠠᠷ ᠪᠠᠷᠵᠠᠭᠠᠷ ᠴᠢᠯᠠᠭᠣᠳ ᠤᠨ ᠲᠣᠮᠳᠠᠭᠣᠷ ᠰᠠᠯᠬᠢ ᠲᠠᠨᠣᠵᠣ ᠡᠮᠬᠡᠨᠢᠨ ᠣᠬᠢᠯᠠᠬᠣ ᠳᠤ ᠬᠣᠶ᠋‍ᠢᠬ᠎ᠠ ᠶᠢᠨ ᠦᠰᠤ ᠪᠣᠰᠭᠠᠮ᠎ᠠ ᠡᠢᠨᠢᠶᠠᠳᠣ ᠲᠣᠭᠣᠯᠳᠠᠨ᠎ᠠ᠂ ᠬᠡᠪᠡᠴᠦ ᠲᠠᠷᠠ ᠨᠢ ᠮᠢᠨᠣᠬᠢ ᠪᠣᠯᠬᠣ ᠶᠢ ᠲᠠᠨᠢᠪᠠ᠃ ᠬᠡᠬᠡᠬᠡᠥᠨ ᠣᠨ ᠣᠳᠠᠭᠰᠠᠨ ᠪᠤᠯᠬᠤᠷ ᠰᠣᠨᠣᠰᠬᠣ ᠳᠤ ᠲᠠᠨᠢᠯ ᠪᠣᠰᠣ ᠴᠤ ᠶᠠᠭᠠᠬᠢᠬᠣ ᠶ᠋‍ᠢᠨ ᠠᠷᠭ᠎ᠠ ᠦᠭᠡᠶ ᠦᠪᠡᠷ ᠤᠨ ᠮᠢᠨᠢ ᠡᠢᠨᠢᠶᠠᠳᠣ ᠪᠠᠶ᠋‍ᠢᠪᠠ᠃ ᠭᠠᠩᠳᠠᠵᠣ ᠬᠣᠪᠠᠬᠠᠶ᠋‍ᠢᠷᠠᠭᠰᠠᠨ ᠭᠠᠵᠠᠷ ᠣᠷᠣᠩᠨᠠᠵᠣ ᠪᠠᠶ᠋‍ᠢᠭᠰᠠᠨ ᠡᠴᠡ ᠵᠠᠰ ᠣᠳᠠᠰᠣᠨ ᠤ ᠵᠢᠩᠬᠢᠨᠡᠬᠡ ᠰᠢᠭ᠌ ᠴᠢᠬᠢᠨ ᠳᠤ ᠡᠠᠶ᠎ᠠ ᠦᠭᠡᠶ ᠴᠣᠣᠷᠢᠶᠠᠯᠠᠨ᠎ᠠ ᠁

ᠡᠨᠠ ᠨᠢ ᠨᠦᠬᠥᠬᠡ ᠡᠷᠢᠵᠣ ᠪᠠᠶ᠋‍ᠢᠬᠣ ᠶᠠᠭᠣᠮ᠎ᠠ ᠮᠠᠨᠢ ᠪᠣᠯᠪᠠ ᠦᠦ ᠳ᠋‍ᠠ︖ ᠬᠡᠵᠦ ᠡᠷᠠᠬᠡᠯᠵᠡᠬᠥ ᠳᠤ ᠮᠢᠨᠣ ᠪᠣᠳᠢ ᠮᠣᠳᠣ ᠴᠤ ᠲᠡᠳᠡᠬᠡᠷ ᠬᠣᠪᠠᠬᠠᠢ ᠮᠣᠳᠣᠳ ᠤᠨ ᠲᠣᠮᠳᠠ ᠪᠠᠶ᠋‍ᠢᠬᠣ ᠶᠢ ᠵᠦᠡᠭ ᠢᠶᠡᠷ ᠢᠶᠡᠨ ᠮᠠᠳᠠᠵᠣ ᠰᠣᠴᠢᠰᠬᠢᠯ᠎ᠠ᠃ ᠬᠦᠬᠡᠷᠥᠬᠥᠨ ᠪᠣᠯᠴᠣᠭᠣᠷ ᠭᠠᠷ ᠲᠡᠶ ᠬᠡᠣᠬᠡᠥᠨ ᠨᠥᠮᠵᠥᠭ ᠰᠠᠳᠬᠢᠯ ᠤᠨ ᠬᠣᠷ᠎ᠠ ᠪᠠᠷ ᠢᠶᠡᠨ ᠨᠢᠯᠬ᠎ᠠ ᠰᠣᠢᠶ᠎ᠡ ᠶᠢ ᠣᠮᠳᠠᠯᠠᠵᠣ ᠪᠠᠶ᠋‍ᠢᠭᠰᠠᠨ ᠨᠢ ᠲᠠᠷᠢᠬᠢᠨ ᠳᠤ ᠵᠠᠬᠡᠷ᠎ᠡ ᠰᠢᠭ᠌ ᠴᠠᠬᠢᠯᠣᠨ ᠥᠩᠬᠡᠷᠡᠪᠡ᠃ ᠡᠨᠠ ᠪᠦᠬᠥᠳᠡ ᠴᠤᠬᠤᠮ ᠬᠡᠨ ᠬᠡᠭ᠍ᠴᠢ ᠶᠢᠨ ᠪᠣᠷᠣᠭᠣ ᠪᠣᠢ︖ ᠬᠠᠰᠢᠶᠠᠨ ᠤ ᠭᠠᠳᠠᠨᠠᠬᠢ ᠵᠠᠮ ᠤᠨ ᠮᠥᠰᠥᠨ ᠲᠡᠬᠡᠷ᠎ᠡ ᠴᠢᠷᠬᠡᠥᠯᠳᠥᠨ ᠲᠣᠭᠯᠠᠬᠣ ᠬᠡᠣᠬᠡᠥᠨ ᠤᠨ ᠪᠠᠷ᠎ᠠ ᠪᠠᠯᠠᠷᠠᠭᠰᠠᠭᠠᠷ ᠴᠡᠴᠡᠭ᠍ᠲᠦ ᠲᠠᠯ᠎ᠠ ᠳᠤ ᠦᠨᠦᠴᠢᠨ ᠡᠪᠠᠰᠣ ᠰᠢᠬᠥᠳᠡᠷᠢ ᠡᠮᠬᠥᠨ ᠬᠦᠯᠳᠡᠭ᠍ᠰᠡᠨ ᠨᠢ ᠴᠡᠬᠡᠵᠢᠯᠡᠬᠥᠢ ᠶ᠋‍ᠢᠨ ᠬᠠᠮᠣᠭ ᠤᠨ ᠬᠠᠷᠠᠩᠭ᠋ᠣᠢ ᠪᠤᠯᠤᠩ ᠪᠠᠶ᠋‍ᠢᠯ᠎ᠠ᠃ ᠴᠢᠯᠠᠭᠣᠵᠢᠭᠰᠠᠨ ᠵᠢᠷᠥᠬᠡ ᠴᠤ ᠡᠨᠠ ᠴᠦᠯ ᠳᠤ ᠪᠠᠶ᠋‍ᠢᠵᠣ ᠮᠡᠳᠡᠬᠥ ᠶᠣᠮ᠃

ᠨᠣᠵᠣᠭᠣᠷᠠᠯ ᠠᠨᠢᠰᠬ᠎ᠠ ᠲᠠᠷᠣᠨ᠎ᠠ᠃ ᠬᠠᠮᠣᠭ ᠤᠨ ᠰᠠᠶ᠋‍ᠢᠨ ᠠᠨᠳᠠ ᠮᠠᠨᠢ ᠨᠠᠮᠠᠢᠢ ᠣᠠᠳᠠᠭ᠎ᠠ ᠪᠠᠷ ᠦᠷᠣᠴᠡ ᠶᠢ ᠡᠢᠷᠠᠵᠣ ᠴᠢᠰᠤ ᠲᠡᠶ ᠮᠠᠰᠠ ᠪᠠᠨ ᠰᠣᠷᠮᠣᠣᠰᠣᠨ ᠲᠡᠬᠡᠷ᠎ᠡ ᠲᠡᠬᠥᠵᠢᠯᠡᠵᠦ ᠬᠠᠶᠠᠭᠰᠠᠨ ᠲᠠᠷᠠ ᠴᠠᠭ ᠡᠴᠡ ᠬᠣᠶ᠋‍ᠢᠰᠢ ᠪᠢ ᠣᠠᠳᠠᠭ᠎ᠠ ᠦᠭᠡᠶ ᠣᠳᠠᠵᠠᠢ᠃ ᠴᠢᠰᠤ ᠮᠠᠰᠠ ᠶᠢᠨ ᠦᠵᠦᠬᠥᠷ ᠡᠴᠡ ᠲᠣᠰᠣᠯᠠᠭᠠᠳ ᠪᠠᠶ᠋‍ᠢᠳᠠᠭ ᠪᠤᠯᠬᠤᠷ ᠪᠢ ᠮᠣᠭᠠᠢ ᠰᠢᠭ ᠬᠦᠢᠳᠡᠨ ᠪᠠᠶ᠎ᠠ ᠲᠡᠶ ᠪᠣᠯᠪᠠ ᠁ ᠮᠣᠭᠠᠢ ᠶᠢᠨ ᠭᠣᠣᠵᠢᠭᠰᠠᠨ ᠬᠠᠯᠢᠰᠤ ᠬᠠ ᠶᠠ ᠦᠭᠡᠶ ᠬᠠᠷᠠᠭᠳᠠᠨ᠎ᠠ᠂ ᠡᠨᠠ ᠨᠢ ᠦᠨᠦᠬᠢ ᠵᠢᠰᠣ ᠪᠠᠨ ᠬᠣᠪᠢᠯᠭᠠᠵᠣ ᠴᠢᠳᠠᠭᠠᠳ ᠪᠠᠶ᠋‍ᠢᠳᠠᠭ ᠬᠦᠮᠥᠰ ᠤᠨ ᠲᠠᠶ᠋‍ᠢᠯᠵᠣ ᠬᠠᠶᠠᠭᠰᠠᠨ ᠬᠣᠪᠴᠠᠰᠣ ᠴᠤ ᠪᠠᠶ᠋‍ᠢᠵᠣ ᠮᠡᠳᠡᠬᠥ ᠶᠣᠮ᠃ ᠪᠢ ᠦᠪᠡᠷ ᠢᠶᠡᠨ ᠭᠣᠣᠵᠢᠬᠤ ᠣᠪᠠᠳᠢᠰ ᠦᠭᠡᠶ ᠪᠤᠯᠬᠤᠷ ᠶᠠᠪᠣᠵᠣ ᠥᠩᠬᠡᠷᠡᠭ᠍ᠰᠡᠨ ᠮᠦᠷ ᠢᠶᠡᠷ ᠬᠠᠳᠠ ᠴᠢᠯᠠᠭᠣ ᠣᠯᠠᠭᠠᠨ ᠵᠠᠭᠠᠯ ᠪᠣᠯᠵᠠᠢ᠃ ᠨᠠᠷᠠᠨ ᠤ ᠰᠡᠬᠥᠯᠴᠢ ᠶᠢᠨ ᠰᠠᠴᠣᠷᠠᠭ ᠲᠡᠳᠡᠬᠡᠷ ᠴᠢᠯᠠᠭᠣ ᠵᠢ ᠲᠣᠯᠢᠶᠠᠵᠣ ᠪᠠᠶ᠋‍ᠢᠯ᠎ᠠ᠃ ᠰᠢᠩᠬᠡᠬᠥ ᠨᠠᠷᠠᠨ ᠤ ᠬᠡᠯᠳᠡᠷᠬᠡᠢ ᠨᠢ ᠮᠢᠨᠣ ᠴᠢᠰᠤ ᠲᠡᠶ ᠴᠢᠯᠠᠭᠣ ᠪᠠᠶ᠋‍ᠢᠵᠣ ᠯᠠ ᠳ᠋‍ᠠ᠂ ᠬᠡᠬᠡᠵᠦ ᠠᠯᠳᠠᠵᠣ ᠪᠠᠶ᠋‍ᠢᠭ᠎ᠠ ᠪᠦᠬᠥᠨ ᠳᠡᠭᠡᠨ ᠬᠠᠷᠠᠮᠰᠠᠬᠣ ᠳᠠᠭᠠᠨ ᠪᠢ ᠦᠳᠡᠰᠢ ᠶᠢᠨ ᠲᠤᠯᠣᠡᠭ ᠢ ᠰᠢᠷᠳᠠᠵᠣ ᠡᠪᠬᠡᠷᠡᠬᠡᠥᠨ ᠪᠠᠶ᠋‍ᠢᠭᠰᠠᠨ ᠢᠶᠡᠨ ᠣᠳᠣ ᠰᠠᠶ‍ᠢ ᠣᠬᠠᠪᠠ᠃ ᠨᠠᠷᠠ ᠡᠳᠣᠷ ᠪᠣᠯᠭᠠᠨ ᠮᠠᠠᠳᠣᠭᠠᠳ ᠪᠠᠶ᠋‍ᠢᠳᠠᠭ᠂ ᠪᠢ ᠴᠤ ᠡᠳᠣᠷ ᠪᠦᠷᠢ ᠨᠠᠷᠠ ᠶᠢ ᠪᠠᠷᠠᠯᠠᠭᠠᠳ ᠪᠠᠶ᠋‍ᠢᠳᠠᠭ ᠴᠤ ᠪᠢ ᠨᠢᠬᠡᠠᠳᠡ ᠣᠣᠯ ᠤᠨ ᠪᠢ ᠪᠢᠰᠢ ᠪᠣᠯᠵᠠᠢ᠃

ᠬᠠᠷ᠎ᠠ ᠮᠢᠭᠣᠢ ᠠᠮᠢᠰᠭᠣᠯ ᠢᠶᠡᠨ ᠲᠠᠷᠣᠭᠰᠠᠭᠠᠷ ᠬᠡᠳᠡᠯᠬᠢᠯᠡᠨ ᠡᠢᠷᠡᠬᠡᠥᠨ ᠠᠷᠤ ᠡᠴᠡ ᠬᠠᠨᠢᠯᠠᠨ ᠲᠠᠭᠠᠵᠣ ᠠᠭᠰᠠᠨ ᠣᠷᠳᠣ ᠶ᠋‍ᠢᠨ ᠣᠷᠳᠣ ᠰᠡᠬᠥᠳᠡᠷ ᠢ ᠴᠢᠮᠡᠬᠡ ᠦᠭᠡᠶ ᠵᠠᠯᠬᠢᠵᠣ ᠣᠷᠬᠢᠪᠠ᠃ ᠰᠠᠷᠠ ᠦᠭᠡᠶ ᠰᠦᠨᠢ ᠪᠣᠯᠬᠣ ᠨᠢ ᠡᠢᠯᠡᠬᠡᠨ᠃ ᠮᠢᠭᠣᠢ ᠶᠢᠨ ᠡᠵᠠᠨ ᠬᠥᠭ᠍ᠰᠢᠨ ᠲᠠᠰ ᠬᠠᠷ᠎ᠠ ᠨᠥᠮᠥᠷᠬᠡ ᠳᠡᠭᠡᠨ ᠨᠠᠮᠠᠢᠢ ᠪᠠᠭᠯᠠᠵᠣ ᠠᠪᠠᠴᠢᠬᠤ ᠴᠠᠭ ᠣᠳᠠᠯ ᠦᠭᠡᠶ ᠪᠣᠯᠣᠨ᠎ᠠ᠃ ᠬᠡᠪᠡᠴᠦ ᠲᠡᠳᠡᠬᠡᠷ ᠬᠦᠮᠥᠰ ᠫᠠᠳ ᠬᠠᠷᠠᠩᠭ᠋ᠣᠢ ᠰᠦᠨᠢ ᠳᠤ ᠨᠡᠨᠭ᠌ ᠲᠣᠷᠠᠳᠠᠢ ᠶᠢ ᠪᠢ ᠮᠠᠳᠠᠵᠣ ᠪᠣᠢ᠃ ᠲᠡᠷᠳᠡᠬᠡ ᠡᠷᠬᠢ ᠡᠴᠡ ᠣᠶᠠᠩᠭ᠋ᠠᠷᠠᠬᠣ ᠰᠢᠳᠢᠳᠣ ᠲᠠᠭᠣᠨ ᠲᠠᠳᠠᠨ ᠤ ᠬᠦᠰᠡᠯ ᠲᠠᠴᠢᠶᠠᠯ ᠢ ᠨᠢ ᠶᠠᠭ ᠡᠨᠠ ᠵᠠᠯᠢᠭᠦᠳ ᠬᠡᠬᠡᠷ᠎ᠡ ᠶᠢᠨ ᠠᠯᠪᠢᠨ ᠭᠠᠯ ᠰᠢᠭ ᠰᠥᠮᠡᠯᠵᠡᠬᠥᠯᠦᠬᠡᠥᠨ ᠪᠠᠶ᠋‍ᠢᠳᠠᠭ ᠪᠤᠯᠬᠤᠷ ᠬᠡᠨ ᠴᠤ ᠣᠯᠵᠣ ᠦᠵᠡᠬᠥ ᠦᠭᠡᠶ ᠡᠶ᠋‍ᠢᠮᠣ ᠣᠢᠶ᠎ᠡ ᠳᠤ ᠯᠠ ᠲᠠᠳᠠ ᠰᠠᠶ‍ᠢ ᠬᠠᠮᠣᠭ ᠪᠠᠭ ᠢᠶᠡᠨ ᠬᠠᠤ ᠲᠠᠳᠠᠨ ᠬᠠᠶᠠᠵᠣ ᠮᠠᠩᠭ᠋ᠣᠰ ᠤᠨ ᠴᠢᠨᠡᠬᠡᠬᠡᠨ ᠴᠢᠯᠠᠭᠣᠳ ᠢᠶᠡᠷ ᠨᠠᠭᠠᠳᠣᠨ ᠬᠦᠬᠡᠰᠥᠷᠠᠵᠦ ᠪᠠᠶ᠋‍ᠢᠭ᠎ᠠ ᠰᠢᠨᠣᠯ ᠤᠨ ᠬᠦᠯ ᠦᠭᠡᠶ ᠲᠠᠯᠠᠢ ᠣᠷᠣᠭᠣ ᠦᠰᠥᠷᠥᠨ ᠣᠷᠣᠵᠠᠭᠠᠬᠣ ᠶᠣᠮ᠃

ᠮᠢᠨᠣ ᠦᠨᠦᠬᠢ ᠪᠣᠳᠢ ᠮᠣᠳᠣᠨ ᠤ ᠪᠠᠶ᠋‍ᠢᠭᠰᠠᠨ ᠵᠦᠭ᠌ ᠡᠴᠡ ᠬᠠᠩᠬᠢᠨᠠᠳᠠᠯ᠎ᠠ ᠰᠡᠬᠥᠷᠡᠰᠥᠯᠠᠬᠥ ᠲᠠᠭᠣᠨ ᠨᠢᠬᠡ ᠰᠣᠨᠣᠰᠳᠠᠵᠣ ᠠᠪᠣᠭᠠᠳ ᠡᠢᠯᠣᠮ ᠵᠢᠯᠣᠮ ᠪᠣᠯᠳᠠᠯ᠎ᠠ ᠰᠥᠷᠳ᠋ ᠬᠡᠬᠥ ᠴᠢᠮᠡᠬᠡ ᠭᠠᠷᠴᠣ ᠨᠢᠬᠡᠨ ᠴᠠᠭᠠᠨ ᠶᠠᠭᠣᠮ᠎ᠠ ᠰᠡᠬᠥᠳᠡᠬᠡᠨᠡᠨ ᠡᠢᠷᠡᠬᠥ ᠳᠤ ᠦᠯᠤ ᠮᠡᠳᠡᠭ ᠭᠠᠪᠢᠷ᠎ᠠ ᠴᠡᠴᠡᠭ ᠤᠨ ᠦᠨᠥᠷ ᠠᠩᠬᠢᠯᠪᠠ ︱ ᠬᠡᠨ ᠬᠡᠳᠡᠭ ᠨᠢ ᠲᠣᠳᠣᠷᠬᠠᠢ᠃ 《 ᠶᠠᠭᠣᠨ ᠳᠤ ᠬᠦᠮᠥᠰ ᠰᠠᠷᠠ ᠶᠢ ᠪᠠᠬᠠᠳᠣᠨ ᠰᠢᠯᠦᠭ᠍ᠯᠠᠳᠡᠭ ᠢ ᠮᠡᠳᠡᠬᠥ ᠤᠤ︖》 ᠴᠤ ᠬᠡᠬᠥ ᠰᠢᠭ᠌ ᠪᠣᠯᠪᠠ᠃ ᠪᠢ ᠦᠬᠡᠨ ᠳᠤ ᠲᠣᠷᠠᠯᠠᠭᠰᠠᠨ ᠴᠤ ᠬᠠᠳᠠᠩᠬᠢᠷᠠᠭᠰᠠᠨ ᠬᠡᠯᠡ ᠬᠡᠷᠡᠭ ᠲᠤ ᠬᠦᠷᠥᠭᠰᠡᠨ ᠦᠭᠡᠶ᠃ ᠣᠷᠣᠢ ᠲᠡᠬᠡᠬᠥᠷ ᠪᠦᠷᠭᠦᠳ ᠲᠠᠭᠰᠢᠨ ᠥᠩᠬᠡᠷᠡᠯ᠎ᠡ᠂ ᠲᠡᠭ᠍ᠷᠢ ᠦᠬᠡᠳᠡ ᠬᠦᠬᠡᠷᠴᠦ ᠪᠠᠰᠠ ᠭᠠᠵᠠᠷ ᠣᠷᠣᠭᠣ ᠰᠣᠮᠣᠳᠠᠵᠣ ᠴᠢᠳᠠᠳᠠᠭ ᠪᠦᠷᠭᠦᠳ ᠪᠣᠯ ᠦᠪᠡᠷ ᠤᠨ ᠬᠡᠯᠡᠨ ᠤ ᠨᠢᠬᠡᠨ ᠡᠢᠵᠢ ᠮᠠᠷᠳᠠᠭᠳᠠᠰᠢ ᠦᠭᠡᠶ ᠲᠣᠣᠯᠢ ᠪᠢᠯᠠ᠃ ᠡᠷᠬᠡ ᠴᠢᠯᠦᠬᠡ ᠲᠡᠬᠥᠨ ᠤ ᠡᠷᠴᠢᠳᠣ ᠵᠢᠬᠥᠷ ᠲᠡᠬᠡᠷ᠎ᠡ ᠣᠷᠠᠢ ᠬᠠᠰᠬᠢᠷᠣᠨ᠎ᠠ ᠁ ᠭᠠᠵᠠᠷ ᠲᠡᠭ᠍ᠷᠢ ᠶᠢᠨ ᠬᠣᠭᠣᠷᠣᠠᠳᠣᠬᠢ ᠠᠭᠣᠳᠠᠮ ᠵᠠᠢ ᠶᠠᠭᠠᠬᠢᠬᠣ ᠳᠠᠭᠠᠨ ᠮᠢᠨᠣ ᠵᠠᠬᠥᠳᠥᠨ ᠤ ᠯᠠ ᠲᠠᠯᠠᠪᠣᠷ ᠪᠣᠯᠳᠠᠭ ᠢ ᠮᠡᠳᠡᠬᠥᠯᠬᠥ ᠬᠡᠵᠦ ᠲᠠᠷᠠ ᠬᠥ ᠴᠠᠭᠠᠨ ᠶᠠᠭᠣᠮ᠎ᠠ ᠭᠠᠷ ᠡᠴᠡ ᠲᠠᠳᠠᠵᠣ ᠰᠢᠪᠠᠨᠠᠵᠣ ᠡᠬᠢᠯᠠᠪᠠ᠃ ᠣᠯᠠᠮᠵᠢᠯᠠᠯ ᠳ᠋ᠠᠬᠢ ᠡᠷᠳᠠᠨᠢ ᠶᠢᠨ ᠷᠢᠯᠤ ᠲᠡᠬᠥᠨ ᠳᠤ ᠠᠮᠢᠳᠣ ᠶᠢᠨ ᠵᠢᠷᠭᠠᠯ ᠢ ᠠᠪᠴᠢᠷᠠᠭ᠎ᠠ ᠦᠭᠡᠶ᠂ ᠬᠠᠷᠢᠨ ᠦᠪᠡᠷ ᠤᠨ ᠲᠤᠷ᠎ᠠ ᠪᠠᠷ ᠢᠶᠡᠨ ᠬᠠᠪᠢᠷᠭᠠᠯᠠᠵᠣ ᠲᠦᠬᠥᠷᠢᠭ᠍ᠯᠠᠬᠥ ᠪᠣᠯᠣᠭᠰᠠᠨ ᠡᠴᠡ ᠲᠠᠷᠠ ᠰᠠᠶ‍ᠢ ᠮᠣᠢᠩᠬᠡ ᠶᠢᠨ ᠰᠢᠳᠢ ᠶᠢ ᠣᠯᠣᠭᠰᠠᠨ ᠪᠠᠶ᠋‍ᠢᠵᠠᠢ᠃

ᠮᠥᠷᠣᠬᠡᠳᠥᠯ ᠳᠤ ᠬᠣᠯᠠ ᠶᠢᠨ ᠨᠢᠬᠡᠨ ᠪᠠᠳᠣᠴᠠᠭᠠᠨ ᠤ ᠲᠣᠣᠷ᠎ᠠ ᠵᠤᠯᠠ ᠡᠷᠬᠥᠨ ᠵᠤᠭᠰᠣᠭᠰᠠᠨ ᠬᠦᠮᠥᠨ ᠤ ᠲᠥᠷᠢ ᠠᠷᠢᠯᠬᠣ ᠦᠬᠡᠢ᠃ ᠬᠡᠨᠡᠭ ᠦᠭᠡᠶ ᠵᠤᠭᠠᠯᠠᠵᠣ ᠬᠦᠷᠥᠭᠰᠡᠨ ᠢᠶᠡᠨ ᠣᠯᠠᠭᠠᠨ ᠨᠠᠪᠴᠢ ᠬᠡᠵᠦ ᠡᠨᠳᠡᠬᠥᠷᠡᠬᠡᠥᠨ ᠲᠡᠬᠥᠨ ᠢ ᠨᠣᠮ ᠤᠨ ᠵᠠᠪᠰᠠᠷ ᠬᠠᠪᠴᠢᠭᠣᠯᠵᠣ ᠪᠠᠶ᠋‍ᠢᠭᠰᠠᠨ ᠢᠶᠡᠨ ᠰᠠᠨᠠᠪᠠ᠃ ᠬᠠᠪᠢᠳᠠᠭᠰᠠᠨ ᠪᠣᠯᠭᠠᠨ ᠤ ᠪᠠᠨ ᠰᠢᠮ᠎ᠠ ᠰᠢᠬᠥᠰᠦ ᠶᠢ ᠬᠠᠳᠠᠭᠠᠴᠢᠬᠠᠳᠠᠭ ᠪᠣᠯᠠᠰᠢᠨ ᠤ ᠦᠨᠥᠷ ᠬᠠᠩᠬᠣᠯᠣᠭᠰᠠᠨ ᠭᠠᠶ᠋‍ᠢᠬᠠᠯᠳᠠᠢ ᠵᠤᠵᠠᠭᠠᠨ ᠲᠠᠷᠠ ᠨᠣᠮ ᠮᠢᠨᠣ ᠭᠠᠷ ᠲᠤ ᠡᠢᠷᠠᠳᠠᠯ᠎ᠠ ᠪᠠᠨ ᠴᠤᠬᠤᠮ ᠬᠡᠴᠢᠨᠡᠬᠡᠨ ᠵᠠᠭᠣᠨ ᠵᠢᠯ ᠪᠣᠯᠣᠭᠰᠠᠨ ᠢ ᠬᠡᠯᠡᠭ᠍ᠰᠡᠨ ᠬᠦᠮᠥᠨ ᠠᠯᠠᠭ᠎ᠠ᠃ ᠴᠠᠭᠠᠰᠣ ᠱᠠᠵᠢᠬᠢᠨᠠᠬᠣ ᠰᠢᠭ ᠪᠣᠯᠪᠠ᠂ ᠡᠠᠳᠠ ᠲᠠᠷᠠ ᠨᠣᠮ ᠪᠠᠶ᠋‍ᠢᠬᠣ ᠦᠭᠡᠶ ᠶᠢ ᠮᠠᠳᠠᠵᠣ ᠪᠠᠶ᠋‍ᠢᠭᠰᠠᠨ ᠴᠤ ᠬᠢᠷᠳ᠋ᠬᠢᠨ ᠰᠣᠴᠢᠵᠣ ᠠᠮᠢᠰᠭᠣᠭ᠎ᠠ ᠪᠠᠨ ᠲᠠᠷᠣᠵᠣ ᠬᠢᠴᠢᠶᠠᠩᠬᠦᠢᠢᠯᠡᠨ ᠴᠢᠩᠨᠠᠭᠠᠳ ᠰᠠᠶ‍ᠢ ᠡᠨᠠ ᠪᠣᠯ ᠮᠢᠨᠣ ᠠᠯᠢ ᠣᠯᠠᠨ ᠬᠦᠰᠡᠯ ᠤᠨ ᠬᠦᠬᠡᠷᠥᠬᠥᠨ ᠰᠢᠪᠠᠭᠣᠬᠠᠢ᠂ ᠴᠠᠯ ᠨᠣᠭᠣᠭᠠᠨ ᠵᠠᠬᠥᠳᠥᠨ ᠳᠡᠭᠡᠨ ᠬᠣᠷᠭᠣᠳᠠᠭᠰᠠᠨ ᠰᠢᠷᠭᠠᠯ ᠨᠠᠪᠴᠢᠰ ᠰᠢᠭ ᠬᠠᠷᠠᠩᠭ᠋ᠣᠢ ᠶᠢ ᠵᠦᠰᠥᠨ ᠬᠦᠯ ᠲᠣᠣᠷ᠎ᠠ ᠣᠢᠴᠢᠨ ᠰᠣᠶ᠋‍ᠢᠷᠠᠵᠣ ᠪᠠᠶ᠋‍ᠢᠭᠰᠠᠨ ᠲᠠᠭᠣᠨ ᠪᠣᠯᠬᠣ ᠶᠢ ᠲᠠᠨᠢᠪᠠ᠃ ᠮᠢᠨᠣ ᠵᠠᠭᠣᠷᠮᠠᠭ ᠨᠠᠰᠣᠯᠠᠭᠰᠠᠨ ᠪᠦᠬᠥᠨ ᠡᠠᠳᠠ ᠴᠣᠭᠯᠠᠷᠠᠵᠠᠢ᠃ ᠰᠡᠬᠥᠷᠡᠰᠥᠯᠡᠯ ᠰᠠᠨᠠᠭᠰᠠᠨ ᠳᠠᠭᠠᠨ ᠬᠦᠷᠴᠦ ᠴᠢᠳᠠᠭᠰᠠᠨ ᠦᠭᠡᠶ ᠳᠡᠭᠡᠨ ᠵᠠᠩᠬᠢᠷᠠᠨ ᠬᠦᠯᠳᠡᠭ᠍ᠰᠡᠨ ᠭᠣᠣᠯ ᠤᠨ ᠮᠥᠰᠤ ᠰᠢᠭ᠌ ᠡᠠᠳᠠ ᠲᠠᠠᠳᠠ ᠲᠠᠰᠣᠷᠬᠠᠶ᠋‍ᠢᠳᠠᠨ ᠣᠨᠠᠨ᠎ᠠ᠃

ᠡᠴᠣᠰ ᠲᠡᠬᠥᠰᠬᠡᠯ ᠦᠭᠡᠶ ᠵᠠᠬᠥᠳᠥᠨ ᠤ ᠴᠦᠯ ᠳᠤ ᠡᠴᠠᠨ ᠲᠣᠶ᠋‍ᠢᠯᠳᠠᠬᠣ ᠳᠠᠭᠠᠨ ᠪᠢ ᠦᠪᠡᠷ ᠢ ᠪᠠᠨ ᠠᠯᠠᠬᠣ ᠪᠠᠷ ᠰᠶ᠋‍ᠢᠳᠣᠯ᠎ᠠ᠃ ᠶᠠᠷᠣ ᠡᠴᠡ ᠭᠠᠭᠴᠠᠭᠠᠷ ᠪᠠᠶ᠋‍ᠢᠳᠠᠭ ᠨᠠᠳᠠ ᠳᠤ ᠬᠡᠨᠡᠳᠳᠡ ᠯᠠ ᠬᠠᠨᠢ ᠰᠥᠯᠪᠡᠬᠡ ᠣᠯᠠᠰᠢᠷᠠᠵᠣ᠂ ᠲᠣᠡᠭ ᠣᠯᠠᠨ ᠵᠠᠩᠬᠢᠳᠣᠭᠰᠠᠨ ᠨᠢᠳᠣᠷᠭ᠎ᠠ ᠮᠢᠨᠣ ᠲᠥᠯᠣᠬᠡ ᠰᠢᠭᠣᠶ᠋‍ᠢᠷᠠᠬᠣ ᠳᠤ ᠪᠢ ᠨᠢᠬᠡᠮᠥᠰᠥᠨ ᠣᠯᠠᠶ᠋‍ᠢᠷᠠᠨ ᠵᠤᠷᠢᠭᠵᠢᠵᠣ ᠣᠯᠠᠩᠭ᠋ᠠᠰᠣᠨ ᠲᠠᠭᠠᠷᠢᠪᠠ᠃ ᠵᠢᠷᠥᠬᠡᠨ ᠤ ᠬᠠᠶ᠋‍ᠢᠷᠠᠳᠠᠢ 《 ᠭᠠᠷᠭᠠᠲᠣᠧᠨ 》 ᠬᠢᠬᠡᠥᠨ 《 ᠫᠡᠠᠲ᠋ᠬᠦᠢᠢᠯ 》 ᠨᠡᠷ ᠮᠢᠨᠢ ᠵᠢᠵᠢᠭ᠍ᠷᠡᠨ ᠵᠢᠵᠢᠭ᠍ᠷᠡᠭ᠍ᠰᠠᠬᠡᠷ ᠁ ᠪᠢ 《 ᠡᠢᠯᠠᠯᠳᠠ 》 ᠶᠢᠨ ᠡᠷᠴᠢᠨ ᠲᠡᠬᠡᠷ᠎ᠡ ᠪᠠᠨ ᠲᠡᠬᠥᠨ ᠢ ᠵᠢᠵᠢᠭ᠌ ᠯᠣᠩᠬᠣᠨ ᠳᠤ ᠰᠠᠪᠠᠯᠠᠵᠣ ᠪᠣᠯᠠᠵᠣ ᠣᠷᠬᠢᠭᠠᠳ ᠰᠠᠶ‍ᠢ ᠦᠪᠡᠷ ᠤᠨ ᠶᠠᠭᠣ ᠡᠷᠢᠵᠣ ᠪᠠᠶ᠋‍ᠢᠭᠰᠠᠨ ᠢᠶᠡᠨ ᠮᠠᠳᠠᠪᠠ ︱ ᠣᠣᠯ ᠨᠢ ᠪᠢ ᠪᠠᠰᠠ ᠨᠢᠬᠡ ᠣᠳᠠᠭ᠎ᠠ ᠦᠪᠡᠷ ᠢ ᠪᠠᠨ ᠪᠣᠯᠠᠰᠢᠯᠠᠬᠣ ᠭᠠᠵᠠᠷ ᠬᠠᠢᠢᠵᠤ ᠡᠠᠳᠠ ᠡᠢᠷᠠᠵᠠᠢ᠃ ᠪᠢ ᠪᠣᠯ ᠦᠪᠡᠷ ᠢ ᠪᠠᠨ ᠣᠯᠠᠨ ᠣᠳᠠᠭ᠎ᠠ ᠠᠯᠠᠵᠣ ᠥᠩᠬᠡᠷᠡᠭ᠍ᠰᠡᠨ ᠰᠣᠷᠮᠠᠭᠠᠢ ᠶᠠᠷᠭᠠᠴᠢᠨ᠂ ᠮᠢᠨᠣ ᠡᠢᠷᠡᠬᠥ ᠲᠣᠷᠠᠳᠠᠢ ᠡᠨᠠ ᠡᠵᠡᠬᠥᠢ ᠴᠦᠯ ᠪᠣᠯ ᠮᠢᠨᠣ ᠦᠪᠡᠷ ᠢ ᠪᠠᠨ ᠣᠷᠣᠰᠢᠭᠣᠯᠳᠠᠭ ᠪᠣᠯᠠᠰᠢᠨ ᠤ ᠭᠠᠵᠠᠷ ᠪᠠᠶ᠋‍ᠢᠵᠣ ᠳ᠋‍ᠠ ᠬᠡᠳᠡᠭ ᠢ ᠬᠡᠨᠡᠳᠳᠡ ᠣᠬᠠᠭᠠᠷᠠᠬᠣ ᠳᠤ ᠠᠷᠤ ᠶᠢᠨ ᠮᠣᠳᠣᠨ ᠳᠤ ᠨᠠᠮᠣᠷ ᠡᠢᠷᠡᠬᠥ ᠣᠢᠶ᠎ᠡ ᠪᠠᠷ ᠯᠠ ᠲ᠋ᠥᠷᠥᠭᠳᠡᠳᠡᠭ ᠲᠣᠶ᠋‍ᠢᠮᠣ ᠦᠭᠡᠶ ᠶᠡᠬᠡ ᠬᠡᠶᠥᠷᠡᠯ ᠵᠤᠵᠠᠭᠠᠨ ᠮᠠᠨᠠᠨ ᠪᠣᠯᠵᠣ ᠬᠣᠷᠠᠭᠠᠳ᠂ ᠣᠳᠣᠳ ᠤᠨ ᠰᠥᠮᠠᠬᠡᠷ ᠬᠡᠷᠡᠯ ᠮᠠᠨᠠᠨ ᠤ ᠥᠩᠬᠡ ᠶᠢ ᠨᠠᠩᠳᠠ ᠦᠳᠬᠡᠷᠡᠬᠥᠯᠪᠡ᠃ ᠮᠢᠨᠣ ᠰᠣᠢᠭ᠌ ᠰᠦᠨᠡᠰᠤ ᠬᠣᠪᠠᠬᠠᠢ ᠰᠠᠯᠠᠭᠠᠨ ᠲᠡᠬᠡᠷ᠎ᠡ ᠶᠠᠰᠣ ᠦᠭᠡᠶ ᠶᠠᠭᠣᠮ᠎ᠠ ᠰᠢᠭ ᠰᠣᠯᠳᠠᠶ᠋‍ᠢᠵᠠᠢ᠃

ᠬᠡᠩᠬᠥᠳᠡᠭ ᠢᠶᠡᠨ ᠠᠭᠣᠳᠠᠯᠣᠭᠣᠯᠣᠭᠰᠠᠨ ᠰᠢᠭ ᠬᠣᠭᠣᠰᠣᠷᠠᠵᠣ ᠲᠡᠬᠡᠨᠡᠬᠡᠯᠵᠡᠨ ᠪᠠᠶ᠋‍ᠢᠳᠠᠯ᠎ᠠ《 ᠣᠳᠣ ᠣᠯᠠᠨ ᠤ ᠪᠠᠨ ᠲᠣᠮᠳᠠ ᠡᠢᠷᠡᠬᠡᠴᠢ 》 ᠬᠡᠬᠥ ᠴᠣᠣᠷᠠᠢ ᠪᠦᠷ ᠴᠠᠭᠠᠨ᠎ᠠ ᠡᠴᠡ ᠲᠣᠭᠣᠯᠳᠠᠵᠣ᠂ ᠨᠢᠬᠡᠨ ᠦᠯᠤ ᠦᠵᠡᠭ᠍ᠳᠡᠬᠥ ᠭᠠᠷ ᠴᠠᠷᠪᠠᠭᠣ ᠡᠴᠡ ᠠᠳᠬᠣᠭᠠᠳ ᠠᠪᠣᠪᠠ᠃ ᠪᠣᠶ᠋‍ᠢᠯᠠ ᠲᠡᠶ ᠲᠡᠮᠠᠬᠡ ᠪᠣᠯᠬᠣ ᠨᠢ ᠦᠦ︖ ᠬᠡᠵᠦ ᠪᠣᠳᠣᠵᠣ ᠠᠮᠵᠢᠭᠰᠠᠨ ᠴᠤ ᠬᠣᠶᠠᠷ ᠬᠦᠯ ᠦᠪᠡᠷ ᠤᠨ ᠡᠷᠬᠡ ᠦᠭᠡᠶ ᠲᠠᠭᠣ ᠭᠠᠷᠣᠭᠰᠠᠨ ᠵᠣᠢᠭ᠌ ᠰᠢᠯᠵᠢᠬᠥ ᠶᠣᠮ᠃ ᠬᠡᠰᠡᠭ ᠶᠠᠪᠣᠭᠠᠳ ᠡᠷᠬᠢᠵᠣ ᠬᠠᠷᠠᠬᠣ ᠳᠤ ᠰᠠᠶ‍ᠢ ᠶᠢᠨ ᠰᠢᠨ᠎ᠠ ᠪᠣᠯᠠᠰᠢ ᠶᠢ ᠪᠢ ᠮᠠᠯᠳᠠᠵᠣ ᠪᠠᠶ᠋‍ᠢᠯ᠎ᠠ᠃ ᠬᠡᠯᠮᠡᠭ᠍ᠳᠡᠨ ᠰᠣᠴᠢᠬᠤ ᠶᠢᠨ ᠵᠠᠷᠬᠡ ᠠᠯᠠᠰᠬᠢᠨ ᠪᠠᠶᠠᠷᠯᠠᠪᠠ᠃ ᠶᠠᠪᠣᠭᠠᠳ ᠶᠠᠪᠣ ︱ ‍ᠭᠠᠳ ᠯᠠ ᠁ ᠬᠠᠷᠠᠭ᠎ᠠ ᠮᠣᠬᠣᠭᠠᠮ᠎ᠠ ᠠᠭᠣᠳᠠᠮ ᠲᠠᠯᠠᠪᠠᠢ ᠡᠢᠯᠠᠷᠠᠪᠠ᠃ ᠦᠪᠡᠷ ᠢ ᠪᠠᠨ ᠠᠯᠠᠬᠣ ᠪᠣᠶᠣ ᠦᠷᠣᠬᠡᠯ ᠢ ᠠᠶᠠᠯᠳᠣᠬᠣ ᠪᠣᠯᠭᠠᠨ ᠳᠤ ᠡᠨᠠ ᠲᠠᠯᠠᠪᠠᠢ ᠳᠤ ᠣᠷᠣᠬᠣ ᠪᠢᠯᠧᠲ᠋ ᠣᠯᠳᠠᠳᠠᠭ ᠪᠠᠶ᠋‍ᠢᠭᠰᠠᠨ ᠦᠨᠢ ᠡᠷᠳᠠᠨ ᠤ ᠴᠡᠬᠡᠵᠢᠯᠡᠬᠥᠢ ᠨᠠᠭᠠᠯᠢᠩᠬᠠᠶ᠋‍ᠢᠳᠠᠨ ᠡᠢᠷᠡᠬᠡᠥᠨ ᠴᠢᠪᠢᠯᠳᠣ ᠲᠡᠮᠳᠡᠷᠢᠬᠥᠯ ᠢᠶᠡᠨ ᠲᠠᠷᠢᠬᠢᠨ ᠤ ᠪᠣᠷᠣ ᠬᠠᠯᠢᠰᠤ ᠣᠷᠣᠭᠣ ᠰᠣᠩᠭ᠋ᠠᠵᠣ ᠪᠠᠶ᠋‍ᠢᠨ᠎ᠠ᠃ ᠬᠠᠮᠢᠭᠠᠰᠢ ᠬᠠᠷᠠᠭᠰᠠᠨ ᠴᠤ ᠮᠢᠷᠠᠯᠵᠠᠭᠰᠠᠨ ᠴᠡᠴᠡᠬᠡᠰ᠃ ᠴᠡᠴᠡᠬᠡᠰ ᠪᠣᠯ ᠪᠠᠭᠠᠯ ᠨᠣᠬᠠᠢ ᠶᠢᠨ ᠠᠷᠭᠠᠴᠠᠭ᠎ᠠ ᠦᠭᠡᠶ ᠡᠢᠨᠢᠶᠠᠮᠰᠣᠭ᠍ᠯᠠᠯ ᠪᠣᠶᠣ ᠭᠣᠨᠢᠭᠳᠣ ᠨᠢᠳᠣ ᠶᠣᠮ᠃ ᠰᠠᠯᠬᠢ ᠲᠡᠬᠥᠨ ᠢ ᠬᠡᠳᠡᠬᠡᠯᠡᠵᠦ ᠠᠶᠠᠷᠬᠠᠨ ᠨᠠᠶ᠋‍ᠢᠭᠣᠭᠣᠯᠣᠨ᠎ᠠ᠃ ᠬᠡᠳᠡᠬᠡᠯᠡᠯ ᠨᠢ ᠪᠠᠰᠠ ᠴᠣ ᠨᠢᠬᠡ ᠵᠦᠢᠯ ᠤᠨ ᠠᠮᠢᠨ ᠳᠤ ᠬᠦᠷᠳᠡᠭ ᠡᠷᠠᠬᠥᠤ ᠪᠠᠶ᠋‍ᠢᠭᠰᠠᠨ ᠬᠡᠳᠡᠭ ᠢ ᠮᠡᠳᠡᠬᠥ ᠬᠦᠮᠥᠨ ᠴᠦᠬᠡᠷᠡᠵᠡᠢ᠃ ᠴᠡᠴᠡᠬᠡᠰ ᠤᠨ ᠨᠢᠯᠣᠭᠣᠨ ᠦᠨᠥᠷ ᠰᠠᠷᠠᠯ ᠮᠠᠳᠠᠷᠠᠯ ᠢ ᠰᠢᠨᠠᠯᠭᠠᠵᠣ᠂ ᠬᠡᠬᠡᠷ᠎ᠡ ᠲᠠᠯ᠎ᠠ ᠳᠤ ᠣᠷᠭᠣᠬᠣ ᠡᠴᠡ ᠬᠣᠯᠠ ᠠᠮᠠᠷᠬᠠᠨ ᠣᠷᠣᠰᠢᠬᠤᠢ ᠶᠢᠨ ᠨᠢᠬᠡᠨ ᠬᠡᠯᠪᠡᠷᠢ ᠮᠢᠨᠣ ᠵᠦᠭ᠌ ᠰᠠᠪ ᠰᠡᠮᠠᠬᠡᠷ ᠣᠷᠣᠰᠣᠨ ᠠᠶ᠋‍ᠢᠰᠣᠢ᠃ ᠲᠡᠬᠡ ᠶᠢᠨ ᠡᠪᠠᠷ ᠤᠨ ᠬᠠᠯᠪᠠᠭ᠎ᠠ ᠪᠠᠷ ᠢᠶᠡᠨ ᠡᠨᠠ ᠶᠡᠬᠡ ᠣᠰᠣᠨ ᠡᠴᠡ ᠬᠠᠯᠪᠠᠭᠠᠳᠠᠵᠣ᠂ ᠲ᠋ᠡᠮᠠᠬᠡᠨ ᠬᠦᠵᠦᠬᠥᠨ ᠣᠭᠣᠳᠠᠨ ᠳᠠᠭᠠᠨ ᠰᠠᠪᠠᠯᠠᠴᠢᠬᠠᠪᠠᠯ ᠰᠠᠳᠬᠢᠯ ᠲᠣᠳᠣᠷᠠᠬᠢ ᠵᠢᠵᠢᠭ᠌ ᠰᠢᠮᠨᠤ (ᠨᠡᠳᠡ ᠳᠤ ᠠᠯᠠᠭᠳᠠᠭᠠᠳ ᠪᠠᠢᠢᠭᠰᠠᠨ ᠡᠨᠡ ᠶᠠᠭᠤᠮ᠎ᠠ ᠴᠢᠨᠢ ᠲᠡᠷᠡ ᠴᠢᠭ᠌ ᠢᠶᠡᠷ ᠢᠶᠡᠨ ᠠᠷᠪᠠᠨ ᠬᠤᠶᠠᠷ ᠳᠤᠯᠤᠭᠠᠢ ᠲᠠᠢ ᠠᠷᠵᠠᠭᠠᠷ ᠬᠠᠷ᠎ᠠ ᠮᠠᠩᠭ᠋ᠤᠰ ᠯᠡ ᠭᠡᠵᠦ ᠮᠡᠳᠡ ) ᠵᠢ ᠲᠥᠷᠰᠦ ᠬᠣᠪᠢᠷᠠᠭᠠᠵᠣ ᠴᠢᠳᠠᠨ᠎ᠠ ᠬᠡᠵᠦ ᠦᠨᠳᠥᠰᠤ ᠦᠭᠡᠶ ᠮᠣᠳᠣᠨ ᠲᠡᠬᠡᠷ᠎ᠡ ᠰᠠᠭᠣᠭᠰᠠᠨ ᠲᠣᠳᠢ ᠰᠢᠪᠠᠭᠣ ᠵᠤᠭᠰᠣᠭ᠎ᠠ ᠦᠬᠡᠢ ᠶᠠᠩᠰᠢᠵᠣ ᠡᠨᠠ ᠰᠢᠳᠢᠳᠣ ᠪᠣᠳᠣᠭ ᠢᠶᠡᠨ ᠮᠢᠨᠣ ᠬᠠᠴᠠᠷ ᠲᠡᠬᠡᠷ᠎ᠡ ᠲᠥᠷᠬᠢᠨ᠎ᠡ᠃

ᠲᠣᠯᠢᠨ ᠳᠤ ᠰᠢᠨᠵᠢᠪᠠᠯ ᠠᠮᠠᠪᠴᠢ ᠶᠢᠨ ᠣᠷᠣᠨ ᠳᠤ ᠡᠢᠨᠢᠶᠠᠮᠰᠣᠭ᠍ᠯᠠᠯ ᠵᠢᠷᠣᠭᠳᠠᠵᠠᠢ᠃ ᠬᠠᠭᠣᠷᠮᠠᠭ ᠡᠢᠨᠢᠶᠠᠮᠰᠣᠭ᠍ᠯᠠᠯ ᠪᠣᠯ ᠲᠠᠭᠣᠨ ᠦᠭᠡᠶ ᠵᠠᠪᠰᠡᠭ ᠪᠣᠶᠣ᠃ ᠣᠨᠢᠰᠤ ᠶᠧᠯᠸᠢᠳᠡᠬᠥᠯᠥᠭᠰᠡᠨ ᠰᠢᠭ᠌ ᠨᠢᠬᠡ ᠨᠢᠬᠡ ᠪᠠᠷ ᠢᠶᠡᠨ ᠲᠠᠶ᠋‍ᠢᠯᠣᠭᠳᠠᠵᠣ ᠪᠠᠶ᠋‍ᠢᠨ᠎ᠠ᠃ ᠬᠠᠭᠠᠯᠭ᠎ᠠ ᠡᠬᠥᠳᠡ ᠶᠢ ᠪᠣᠤ ᠬᠡᠯᠡ᠂ ᠬᠠᠨ᠎ᠠ ᠲᠣᠭᠣᠷᠭ᠎ᠠ ᠬᠦᠷᠳᠡᠯ᠎ᠡ ᠨᠣᠷᠠᠵᠠᠢ᠂ ᠶᠠᠷᠣ ᠨᠢ ᠬᠠᠭᠣᠷᠮᠠᠭ ᠲᠥᠯᠬᠢᠬᠥᠷ ᠦᠨᠡᠨ ᠣᠨᠢᠰᠤ ᠶᠢ ᠵᠠᠬᠢᠷᠴᠢᠬᠠᠬᠣ ᠬᠡᠳᠡᠭ ᠨᠢ ᠬᠡᠵᠢᠶᠡᠨ ᠤ ᠨᠢᠬᠡᠠᠳᠡ ᠨᠢᠴᠣᠭᠠᠭᠳᠠᠰᠢ ᠦᠭᠡᠶ ᠦᠨᠡᠨ ᠶᠣᠰᠣ ᠪᠣᠯᠴᠢᠬᠠᠭᠰᠠᠨ ᠳ᠋ᠠᠭ ᠁ ᠣᠢ ᠭᠣᠳᠣᠮ᠎ᠠ ᠡᠬᠥᠯᠡᠨ ᠱᠠᠳᠣ ᠪᠠᠷ ᠪᠢ ᠦᠭᠰᠦᠬᠡᠥᠨ ᠯᠠ︕ ᠡᠠᠳᠠ ᠣᠯᠠᠨ ᠬᠠᠷ᠎ᠠ ᠲᠡᠷᠢᠬᠥᠲᠦ ᠱᠠᠳᠣ ᠡᠵᠠᠯᠠᠨ ᠠᠪᠠᠭᠠᠷᠠᠯᠳᠣᠵᠠᠢ ︱ ᠬᠣᠶ᠋‍ᠢᠨᠠᠬᠢ ᠬᠦᠮᠥᠰ ᠨᠢ ᠣᠷᠢᠳᠣᠬᠢ ᠶ᠋‍ᠢᠨ ᠢᠶᠡᠨ ᠡᠢᠯᠭᠠᠳᠠᠰᠣ ᠪᠠᠷ ᠠᠮᠳᠠᠷᠬᠠᠨ ᠬᠣᠭᠣᠯᠠᠯᠠᠵᠣ ᠪᠠᠶ᠋‍ᠢᠭ᠎ᠠ ᠨᠢ ᠶᠠᠭ ᠯᠠ ᠰᠷᠢ ᠯᠠᠠᠺᠠ ᠶᠢᠨ ᠨᠢᠬᠡᠨ ᠦᠨᠦᠴᠢᠨ ᠠᠷᠠᠯ ᠲᠡᠬᠡᠷ᠎ᠡ ᠠᠮᠢᠳᠣᠷᠠᠳᠠᠭ ᠨᠣᠭᠣᠭᠠᠨ ᠬᠦᠷᠪᠡᠯ ᠰᠢᠭ᠌ ᠬᠠᠷᠠᠭᠳᠠᠨ᠎ᠠ᠃ ᠬᠠᠷᠢᠨ ᠲᠠᠷᠠ ᠮᠣᠠᠳᠠᠭ ᠲᠣᠮᠣ ᠬᠦᠷᠪᠡᠯ ᠪᠣᠯ ᠵᠢᠵᠢᠭ᠌ ᠨᠢ ᠲᠣᠮᠣ ᠶ᠋‍ᠢᠨ ᠢᠶᠡᠨ ᠪᠠᠭᠠᠰᠣ ᠶᠢ ᠡᠢᠳᠠᠪᠠᠯ ᠰᠠᠶ‍ᠢ ᠬᠣᠭᠣᠯᠠ ᠪᠣᠯᠪᠠᠰᠣᠷᠠᠭᠣᠯᠬᠣ ᠰᠢᠰᠲ᠋ᠧᠮ ᠨᠢ ᠪᠦᠷᠢᠯᠲᠦᠬᠥ ᠵᠢᠭ᠍ᠳᠡᠢ ᠠᠮᠢᠳᠠᠨ ᠬᠡᠨ᠎ᠡ ᠪᠢᠯᠠ᠃

ᠠᠭᠣᠯᠠᠰ ᠤᠨ ᠣᠷᠣᠢ ᠪᠠᠷ ᠣᠷᠠᠩᠬᠠᠢ ᠡᠬᠥᠯᠡᠰ ᠨᠡᠬᠥᠬᠥ ᠴᠤ ᠮᠠᠳᠣ᠂ ᠣᠰᠣᠨ ᠳᠤ ᠬᠦᠪᠥᠭ᠍ᠰᠡᠨ ᠣᠳᠠᠨ ᠤ ᠨᠠᠪᠴᠢ ᠰᠠᠨᠠᠭ᠎ᠠ ᠠᠯᠳᠠᠬᠣ ᠴᠤ ᠰᠢᠭ᠂ ᠵᠦᠭ᠌ ᠢᠶᠡᠨ ᠠᠯᠳᠠᠭᠰᠠᠨ ᠦᠨᠦᠴᠢᠨ ᠭᠠᠯᠠᠭᠣ ᠪᠣᠳᠣᠯᠢᠯ ᠤᠨ ᠮᠠᠩᠬᠠᠨ ᠳᠤ ᠭᠠᠩᠭ᠋ᠠᠨᠠᠨ᠂ ᠵᠠᠬᠥᠳᠥᠨ ᠤ ᠪᠦᠷᠢᠲᠦ ᠳ᠋ᠡᠬᠡᠨ ᠬᠦᠷᠴᠦ ᠲᠡᠢᠢᠯᠬᠥ ᠦᠭᠡᠶ ᠭᠠᠴᠢᠭᠳᠠᠬᠣ ᠳᠤ ᠬᠣᠷᠣᠭᠣᠨ ᠰᠠᠯᠠᠭ᠎ᠠ ᠪᠠᠷ ᠭᠣᠭᠣᠵᠢᠬᠤ ᠡᠯᠠᠰᠣ ᠬᠦᠮᠥᠨ ᠤ ᠵᠠᠶᠠᠭᠠᠨ ᠤ ᠠᠷᠭ᠎ᠠ ᠦᠬᠡᠶ᠋‍ᠢᠳᠡᠯ ᠢ ᠠᠶᠠᠯᠤᠵᠣ ᠁ ᠵᠢᠮᠦᠬᠥᠨ ᠭᠠᠵᠠᠷ ᠤᠨ ᠲᠠᠭᠣᠤ ᠵᠢᠷᠥᠬᠡᠨ ᠡᠴᠡ ᠡᠰᠢᠳᠠᠢ ᠣᠶᠠᠩᠭ᠋ᠠᠷᠠᠨ᠎ᠠ᠃


ᠵᠠᠬᠥᠯᠳᠡ ᠲᠠᠶ᠋‍ᠢᠯᠪᠣᠷᠢ᠄ ᠷᠡᠪᠢᠶᠧᠯᠡᠢ ᠶᠢᠨ ᠷᠣᠮᠠᠨ 《 ᠭᠠᠷᠭᠠᠲᠣᠧᠨ ᠬᠢᠬᠡᠥᠨ ᠫᠡᠠᠲ᠋ᠬᠦᠢᠢᠯ 》( ᠣᠣᠯ ᠨᠢ ᠲᠣᠰ ᠨᠣᠮ ᠤᠨ ᠨᠡᠷ᠎ᠡ ᠶᠢ 《 ᠠᠪᠣᠷᠭᠣ ᠬᠦᠮᠥᠨ ᠤ ᠱᠠᠰᠳᠢᠷ 》 ᠬᠡᠵᠦ ᠣᠷᠴᠢᠭᠣᠯᠵᠣ ᠪᠠᠶ᠋‍ᠢᠭᠰᠠᠨ ) ᠳ᠋ᠠᠬᠢ ᠡᠴᠢᠬᠡ ᠬᠦᠤ ᠬᠣᠶᠠᠷ ᠠᠪᠣᠷᠭᠣ ᠬᠦᠮᠥᠨ ᠤ ᠨᠡᠷ᠎ᠡ᠃


(ᠰᠠᠢᠢᠨᠴᠤᠭᠳᠤ ᠨᠠᠢᠢᠷᠠᠭᠤᠯᠪᠠ)


ᠵᠤᠬᠢᠶᠠᠭᠴᠢ ᠶᠢᠨ ᠬᠠᠶ‍ᠢᠭ᠄ ᠦᠪᠥᠷ ᠮᠣᠩᠭ᠋ᠣᠯ ᠤᠨ ᠶᠡᠬᠡ ᠰᠣᠷᠭᠠᠭᠣᠯᠢ ᠶᠢᠨ ᠮᠣᠩᠭ᠋ᠣᠯ ᠰᠣᠳᠣᠯᠣᠯ ᠤᠨ ᠲᠡᠬᠡᠲᠦ ᠰᠣᠷᠭᠠᠭᠣᠯᠢ

ᠵᠤᠬᠢᠶᠠᠭᠴᠢ᠄ ᠬᠤᠯᠤᠭᠠᠨ᠎ᠠ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 428
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁