ᠸᠠᠴᠤᠳ ᠦᠨ《ᠮᠤᠾ ᠨᠢᠨ ᠾᠧᠢ》

《ᠮᠤᠾ ᠨᠢᠨ ᠾᠧᠢ》ᠭᠡᠳᠡᠭ ᠨᠢ ᠸᠠ ᠬᠡᠯᠡᠨ ᠳᠦ 《ᠶᠠᠭ ᠲᠡᠢᠢᠮᠦ》ᠬᠡᠰᠡᠨ ᠤᠳᠬ᠎ᠠ ᠲᠠᠢ᠃ᠪᠠᠯᠠᠷ ᠡᠷᠲᠡᠨ ᠦ ᠦᠶ᠎ᠠ ᠵᠢᠨ ᠸᠠᠴᠤᠳ ᠦᠨ ᠲᠡᠭᠡᠳᠦᠰ ᠡᠪᠡᠳᠴᠢᠨ ᠪᠤᠯᠭᠠᠨ ᠢ ᠵᠠᠰᠠᠵᠦ ᠴᠢᠳᠠᠳᠠᠭ《ᠨᠢᠶᠠᠩ ᠪᠦ ᠯᠦᠸᠸ》ᠬᠡᠮᠡᠬᠦ ᠰᠢᠳᠢᠳᠦ ᠡᠮ ᠢ ᠬᠦᠮᠦᠰ ᠦᠨ ᠴᠢᠷᠠᠢ ᠲᠡᠭᠡᠷ᠎ᠠ ᠂ᠢᠯᠠᠩᠭ᠋ᠤᠶ᠎ᠠ ᠬᠡᠥᠬᠡᠳ ᠦᠨ ᠴᠢᠷᠠᠢ ᠲᠡᠭᠡᠷ᠎ᠠ ᠲᠦᠷᠬᠢᠵᠦ᠂ᠡᠪᠡᠳᠴᠢᠨ ᠵᠤᠪᠠᠯᠠᠩ ᠢ ᠨᠢ ᠦᠯᠳᠡᠨ ᠠᠷᠢᠯᠭᠠᠵᠦ᠂ᠠᠮᠤᠷ ᠠᠮᠤᠭᠤᠯᠠᠩ ᠪᠤᠯᠭᠠᠬᠤ ᠵᠢ ᠬᠦᠰᠡᠳᠡᠭ᠂《ᠮᠤᠾ ᠨᠢᠨ ᠾᠧᠢ》ᠨᠢ ᠲᠡᠭᠦᠨ ᠡᠴᠡ ᠡᠭᠦᠰᠦᠯ ᠲᠠᠢ᠃《ᠨᠢᠶᠠᠩ ᠪᠦ ᠯᠦᠸᠸ》ᠵᠢ ᠦᠳᠡᠯᠦᠰᠢ ᠦᠭᠡᠢ ᠮᠦᠩᠬᠡ ᠵᠢᠨ ᠰᠢᠳᠢ ᠲᠠᠢ ᠡᠮ ᠬᠡᠮᠡᠨ ᠲᠤᠮᠤᠭᠯᠠᠳᠠᠭ᠃ᠠᠩᠬᠢᠯᠤᠮᠠᠯ ᠰᠢᠪᠠᠷ᠂ᠲᠤᠭᠤᠭᠠᠨ ᠦ ᠬᠦ᠋ ᠲᠤᠷᠳᠤᠭ᠂ᠦᠬᠡᠷ ᠦᠨ ᠴᠢᠰᠦ ᠲᠠᠢ ᠨᠠᠢᠢᠷᠠᠵᠦ ᠬᠢᠳᠡᠭ᠃ᠲᠦᠷᠬᠢᠭᠰᠡᠨ ᠦ ᠲᠠᠷᠠᠭᠠᠬᠠᠨ ᠰᠢᠪᠡᠷ ᠦᠨ ᠦᠩᠭᠡᠲᠡᠢ ᠪᠠᠢᠢᠭᠰᠠᠨ ᠵᠢᠡᠨ ᠬᠠᠳᠠᠵᠦ ᠡᠬᠢᠯᠡᠪᠡᠯ ᠬᠠᠷ᠎ᠠ ᠦᠩᠬᠡᠲᠡᠢ ᠪᠤᠯᠳᠠᠭ᠃《ᠨᠢᠶᠠᠩ ᠪᠦ ᠯᠦᠸᠸ》ᠨᠢ ᠨᠠᠷᠠᠨ ᠳᠦ ᠰᠢᠷᠠᠭᠳᠠᠬᠤ ᠡᠴᠡ ᠰᠡᠷᠬᠡᠢᠢᠯᠡᠬᠦ᠂ᠴᠢᠷᠠᠢ ᠵᠢ ᠰᠢᠮᠡᠵᠢᠬᠦᠯᠬᠦ ᠲᠤᠰᠠ ᠲᠠᠢ ᠪᠠᠢᠢᠵᠦ᠂ᠴᠢᠷᠠᠢ ᠲᠡᠭᠡᠷ᠎ᠠ ᠪᠠᠨ ᠲᠦᠷᠬᠢᠪᠡᠯ ᠶᠠᠭ ᠯᠡ ᠨᠢᠭᠤᠷ ᠦᠨ ᠶᠤᠯᠤᠮ᠎ᠠ ᠬᠢᠭᠰᠡᠨ ᠲᠠᠢ ᠠᠳᠠᠯᠢ ᠪᠤᠯᠳᠠᠭ ᠶᠤᠮ᠃

ᠦᠳᠡ ᠵᠢᠨ ᠬᠤᠢᠢᠨᠠᠬᠢ 2 ᠴᠠᠭ ᠲᠦ᠂《ᠮᠤᠾ ᠨᠠᠨ ᠾᠧᠢ》ᠨᠠᠭᠠᠳᠤᠮ ᠵᠢᠩᠬᠢᠨᠢ ᠪᠡᠷ ᠡᠬᠢᠯᠡᠳᠡᠭ᠃ᠲᠡᠷᠡ ᠠᠭᠱᠠᠨ᠎ᠠ ᠬᠦᠮᠦᠰ ᠪᠤᠵᠢᠬᠢᠨᠠᠯᠳᠤᠵᠦ᠂ᠨᠢᠭᠡ ᠨᠢᠭᠡᠨ ᠳᠦ ᠪᠠᠨ ᠰᠢᠪᠡᠷ ᠲᠦᠷᠬᠢᠯᠳᠤᠨ ᠲᠤᠭᠯᠠᠵᠠᠭᠠᠨ᠎ᠠ᠃ᠬᠦᠭᠵᠢᠮ ᠦᠨ ᠠᠶ᠎ᠠ ᠠᠭᠠᠵᠢᠮ ᠵᠢᠡᠷ ᠰᠢᠷᠦᠭᠦᠰᠬᠦ ᠳᠦ ᠨᠡᠩ ᠤᠯᠠᠨ ᠬᠦᠮᠦᠨ ᠨᠠᠭᠠᠳᠤᠮ ᠳᠦ ᠤᠷᠤᠯᠴᠠᠨ᠎ᠠ᠃ᠲᠠᠯᠠᠪᠠᠢ ᠵᠢᠨ ᠲᠦᠪ ᠲᠦ ᠦᠪᠴᠢ ᠪᠡᠶ᠎ᠠ ᠰᠢᠪᠠᠷ ᠪᠤᠯᠤᠭᠰᠠᠨ ᠬᠡᠳᠦᠨ ᠬᠦᠮᠦᠨ ᠬᠡᠨ ᠡᠴᠡ ᠴᠦ ᠬᠦᠭᠵᠢᠯᠲᠡᠢ᠂ᠬᠡᠨ ᠬᠡᠳᠡᠭ ᠵᠢᠡᠨ ᠴᠦ ᠮᠠᠷᠲᠠᠭᠰᠠᠨ ᠬᠡᠮᠵᠢᠶ᠎ᠠ ᠳᠦ ᠬᠦᠷᠦᠭᠰᠡᠨ ᠢ ᠬᠠᠷᠠᠭᠠᠳ ᠪᠢᠳᠡ ᠠᠷᠭ᠎ᠠ ᠦᠭᠡᠢ ᠪᠠᠬᠠᠷᠬᠠᠭᠰᠠᠨ ᠶᠤᠮ᠃ᠨᠠᠭᠠᠳᠤᠮ ᠦᠷᠭᠦᠯᠵᠢᠯᠡᠭᠰᠡᠭᠡᠷ᠂ᠠᠮᠤᠷ ᠲᠦᠪᠰᠢᠨ ᠢ ᠬᠠᠮᠠᠭᠠᠯᠠᠳᠠᠭ ᠬᠠᠷᠠᠭᠤᠯ᠂ᠴᠠᠭᠳᠠᠭ᠎ᠠ ᠨᠠᠷ ᠴᠦ ᠵᠢᠭᠤᠳᠠᠭᠠᠵᠦ ᠴᠢᠳᠠᠬᠤ ᠦᠭᠡᠢ ᠤᠨᠤᠭᠳᠠᠳᠠᠭ᠃ᠲᠡᠯᠡᠪᠡᠢ ᠡᠴᠦᠰ ᠲᠦ ᠪᠠᠨ ᠨᠠᠮᠵᠢᠵᠦ᠂ᠬᠦᠮᠦᠰ ᠪᠦᠷ ᠰᠢᠪᠠᠷ ᠪᠠᠷᠢᠮᠠᠯ ᠪᠤᠯᠤᠭᠰᠠᠨ ᠨᠢ ᠬᠠᠷᠠᠭᠳᠠᠨ᠎ᠠ᠃

ᠮᠤᠾ ᠨᠢᠨ ᠾᠧᠢ ᠪᠠᠶᠠᠷ ᠦᠨ ᠲᠠᠯᠠᠪᠠᠢ

《ᠰᠢᠪᠠᠷ ᠪᠠᠷᠢᠮᠠᠯ》 ᠦᠳ

ᠤᠯᠵᠠᠭᠤᠷᠬᠠᠯ ᠲᠠᠢ ᠭᠡᠷᠡᠯ ᠵᠢᠷᠤᠭᠴᠢᠨ

ᠭᠠᠳᠠᠭᠠᠳᠦ ᠵᠢᠨ ᠵᠢᠭᠤᠯᠴᠢᠳ

ᠵᠤᠬᠢᠶᠠᠭᠴᠢ᠄ ᠲᠧᠩ ᠵᠢᠶᠦᠢᠨ᠂ᠬᠤᠸᠠᠩ ᠷᠦᠸᠸ ᠲᠢᠶᠠᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 285
ᠴᠠᠭ᠄ 2015 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁