ᠲᠦᠩ ᠲᠡᠭᠰᠢ᠄ ᠦᠨᠳᠦᠰᠦᠲᠡᠨ ᠳᠦ ᠪᠠᠨ ᠶᠠᠭᠤ ᠨᠢᠭᠡ ᠵᠢ ᠪᠦᠳᠦᠭᠡᠬᠦ ᠶᠤᠮᠰᠠᠨ

ᠭᠤᠷᠯᠤᠰ ᠦᠨ ᠦᠷᠭᠡᠨ ᠠᠭᠤᠳᠠᠮ ᠨᠤᠲᠤᠭ ᠲᠦ ᠲᠤᠳᠤᠷᠭ᠎ᠠ ᠵᠢᠨ ᠲᠠᠷᠢᠶ᠎ᠠ ᠬᠠᠯᠢᠭᠤᠷᠠᠵᠦ ᠪᠠᠢᠢᠬᠤ ᠪᠡᠷ ᠪᠠᠷᠠᠬᠤ ᠦᠭᠡᠢ ᠂ᠠᠵᠦ ᠦᠢᠯᠡᠳᠪᠦᠷᠢ ᠵᠢᠨ ᠲᠤᠭᠤᠷᠢᠭ ᠲᠦ ᠦᠷᠭᠡᠳᠴᠦ ᠮᠤᠩᠭ᠋ᠤᠯ ᠦᠨᠳᠦᠰᠦᠲᠡᠨ ᠦ ᠦᠪᠡᠷᠳᠡᠭᠡᠨ ᠵᠠᠰᠠᠬᠤ ᠰᠢᠶᠠᠨ ᠦ ᠰᠢᠨ᠎ᠠ ᠴᠠᠭ ᠦᠶ᠎ᠠ ᠵᠢᠨ ᠪᠠᠢᠢᠳᠠᠯ ᠢᠯᠡᠷᠡᠭᠰᠡᠨ ᠪᠠᠢᠢᠨ᠎ᠠ ᠃ᠡᠨᠡ ᠬᠦ ᠴᠤ᠋ ᠰᠢᠨ᠎ᠠ ᠴᠠᠭ ᠦᠶ᠎ᠠ ᠵᠢᠨ ᠤᠷᠤᠰᠬᠠᠯ ᠳᠦ ᠦᠪᠡᠷ ᠦᠨ ᠠᠪᠢᠶᠠᠰ ᠴᠢᠳᠠᠪᠤᠷᠢ ᠪᠤᠯᠤᠨ ᠮᠤᠩᠭ᠋ᠤᠯ ᠦᠨᠳᠦᠰᠦᠲᠡᠨ ᠦ ᠬᠠᠢᠢᠷ᠎ᠠ ᠰᠡᠳᠭᠢᠯᠭᠡ ᠪᠡᠷ ᠵᠢᠡᠨ ᠰᠤᠳᠤᠴᠤᠳ ᠦᠨ ᠡᠩᠨᠠᠭᠡᠨ ᠳᠦ ᠬᠢᠯᠠᠷᠠᠭᠤᠯᠵᠦ ᠶᠠᠪᠤᠭ᠎ᠠ ᠬᠦᠮᠦᠨ ᠪᠤᠯ ᠮᠤᠩᠭ᠋ᠤᠯ ᠦᠨᠳᠦᠰᠦᠲᠡᠨ ᠦ ᠠᠵᠦ ᠠᠬᠤᠢᠢᠯᠠᠯᠲᠠᠨ ᠲᠦᠩ ᠲᠡᠭᠰᠢ ᠪᠤᠯᠤᠨ᠎ᠠ᠃

1952 ᠤᠨ ᠳᠦ ᠲᠡᠷᠡ ᠡᠮᠦᠨᠡᠳᠦ ᠭᠤᠷᠯᠤᠰ ᠦᠨ ᠮᠤᠩᠭ᠋ᠤᠯ ᠦᠨᠳᠦᠰᠦᠲᠡᠨ ᠦ ᠦᠪᠡᠷᠲᠡᠭᠡᠨ ᠵᠠᠰᠠᠬᠤ ᠰᠢᠶᠠᠨ ᠳᠦ ᠲᠦᠷᠦᠵᠦ᠂ᠠᠩᠬ᠎ᠠ ᠲᠤᠮᠳᠠᠳᠦ ᠪᠠᠨ ᠲᠡᠭᠦᠰᠭᠡᠭᠰᠡᠨ ᠦ ᠲᠠᠷᠠᠭ᠎ᠠ ᠬᠦᠳᠡᠭᠡ ᠪᠠᠭᠤᠵᠦ᠂1978 ᠤᠨ ᠳᠦ ᠲᠦᠩᠬᠤᠸᠠ ᠵᠢᠨ ᠪᠤᠯᠤᠳ ᠲᠡᠮᠦᠷ ᠦᠨ ᠺᠤᠮᠫᠠᠨᠢ ᠵᠢᠨ ᠵᠠᠭᠠᠳᠠᠰᠦ ᠦᠭᠡᠢ ᠪᠤᠯᠤᠳ ᠬᠤᠭᠤᠯᠠᠢ ᠵᠢᠨ ᠦᠢᠯᠡᠳᠪᠦᠷᠢ ᠳᠦ ᠠᠵᠢᠯᠯᠠᠵᠠᠢ᠃1999 ᠤᠨ ᠡᠴᠡ ᠡᠬᠢᠯᠡᠵᠦ ᠦᠪᠡᠷ ᠵᠢᠡᠨ ᠠᠳᠠᠯ ᠦᠢᠯᠡᠰ ᠪᠤᠰᠬᠠᠨ ᠬᠢᠷᠢᠨ ᠦ ᠭᠤᠷᠯᠤᠰ ᠦᠨ ᠠᠮᠢᠳᠦ ᠪᠤᠳᠠᠰ ᠦᠨ ᠪᠤᠷᠳᠤᠭ᠎ᠠ ᠵᠢᠨ ᠬᠢᠵᠠᠭᠠᠷᠲᠦ ᠬᠠᠷᠢᠭᠤᠴᠠᠯᠭᠠᠲᠦ ᠺᠤᠮᠫᠠᠨᠢ ᠵᠢ ᠡᠭᠦᠰᠬᠡᠨ ᠪᠠᠢᠢᠭᠤᠯᠵᠦ᠂ᠠᠵᠦ ᠠᠬᠤᠢᠢᠯᠠᠯ ᠦᠨ ᠠᠵᠢᠯ ᠦᠢᠯᠡᠰ ᠲᠠᠰᠤᠷᠤᠯᠲᠠ ᠦᠭᠡᠢ ᠦᠷᠭᠡᠳᠦᠨ᠂ᠰᠢᠨ᠎ᠠ ᠦᠢᠯᠡᠳᠪᠦᠷᠢ ᠵᠢᠨ ᠪᠠᠢᠢᠰᠢᠩ ᠪᠠᠷᠢᠵᠦ ᠰᠢᠨ᠎ᠠ ᠦᠢᠯᠡᠳᠪᠦᠷᠢᠯᠡᠯ ᠦᠨ ᠱᠤᠭᠤᠮ ᠭᠠᠷᠭᠠᠵᠠᠢ᠃ᠡᠭᠦᠨ ᠦ ᠵᠡᠷᠭᠡ ᠪᠡᠷ ᠭᠤᠷᠯᠤᠰ ᠦᠨ ᠲᠡᠵᠢᠬᠡᠨ ᠦᠷᠡᠵᠢᠬᠦᠯᠬᠦ ᠲᠠᠯᠠᠪᠠᠢ᠂ᠭᠤᠷᠯᠤᠰ ᠦᠨ ᠦᠨᠳᠦᠰᠦᠲᠡᠨ ᠦ ᠬᠤᠪᠴᠠᠰᠦ ᠵᠠᠰᠠᠯ ᠦᠨ ᠺᠤᠮᠫᠠᠨᠢ ᠵᠢᠴᠢ ᠪᠤᠷᠴᠠᠭ ᠦᠨ ᠲᠤᠰᠤᠨ ᠦ ᠺᠤᠮᠫᠠᠨᠢ ᠵᠡᠷᠭᠡ ᠭᠤᠷᠪᠠᠨ ᠺᠤᠮᠫᠠᠨᠢ ᠪᠠᠢᠢᠭᠤᠯᠵᠠᠢ᠃ᠤᠷᠢᠳ ᠬᠤᠵᠢᠳ ᠵᠡᠭᠦᠨ ᠬᠤᠢᠢᠳᠦ ᠵᠢᠨ ᠭᠤᠷᠪᠠᠨ ᠮᠤᠵᠢ  ᠵᠢᠨ ᠮᠤᠩᠭ᠋ᠤᠯ ᠦᠨᠳᠦᠰᠦᠲᠡᠨ ᠦ ᠲᠤᠮᠳᠠᠳᠦ ᠪᠠᠭ᠎ᠠ ᠰᠤᠷᠭᠠᠭᠤᠯᠢ ᠵᠢᠨ ᠮᠤᠩᠭ᠋ᠤᠯ ᠬᠡᠯᠡᠨ ᠦ ᠵᠤᠬᠢᠶᠠᠨ ᠪᠢᠴᠢᠯᠭᠡ ᠪᠠ ᠪᠠᠭᠰᠢ ᠵᠢᠨ ᠬᠢᠴᠢᠶᠡᠯ ᠦᠨ ᠬᠡᠷᠡᠭᠰᠡᠯ ᠦᠨ ᠤᠷᠤᠯᠳᠤᠭᠠᠨ᠂ᠵᠡᠭᠦᠨ ᠬᠤᠢᠢᠳᠦ ᠵᠢᠨ ᠭᠤᠷᠪᠠᠨ ᠮᠤᠵᠢ ᠵᠢᠨ ᠲᠤᠮᠳᠠᠳᠦ ᠪᠠᠭ᠎ᠠ ᠰᠤᠷᠭᠠᠭᠤᠯᠢ ᠵᠢᠨ ᠰᠤᠷᠤᠭᠴᠢᠳ ᠪᠠᠭ᠎ᠠ ᠬᠡᠥᠬᠡᠳ ᠦᠨ ᠮᠤᠩᠭ᠋ᠤᠯ ᠬᠡᠯᠡ  ᠦ ᠶᠠᠷᠢᠶᠠᠨ ᠦ ᠤᠷᠤᠯᠳᠤᠭᠠᠨ᠂ᠮᠤᠷᠢᠨ ᠬᠤᠭᠤᠷ ᠦᠨ ᠤᠷᠤᠯᠳᠤᠭᠠᠨ᠂ᠦᠨᠳᠦᠰᠦᠲᠡᠨ ᠦ ᠨᠤᠮ ᠦᠨ ᠰᠠᠩ ᠳᠦ ᠮᠤᠩᠭ᠋ᠤᠯ ᠰᠤᠶᠤᠯ ᠦᠨ ᠬᠠᠮᠢᠶ᠎ᠠ ᠪᠦᠬᠦᠢ ᠨᠤᠮ ᠪᠢᠴᠢᠭ᠌ ᠢ ᠲᠦᠮᠡ ᠰᠢᠬᠠᠮ ᠲᠡᠪᠲᠡᠷ ᠬᠦᠷᠭᠡᠭᠰᠡᠨ᠂ᠰᠤᠷᠭᠠᠭᠤᠯᠢ ᠳᠦ ᠺᠤᠮᠫᠢᠥᠲ᠋ᠸᠷ ᠪᠠ ᠲᠤᠰᠬᠠᠯᠲᠠ ᠵᠢᠨ ᠪᠠᠭᠠᠵᠢ ᠵᠡᠷᠬᠡ ᠵᠢᠭᠠᠨ ᠰᠤᠷᠭᠠᠯᠲᠠ ᠵᠢᠨ ᠪᠠᠭᠠᠵᠢ ᠬᠡᠷᠡᠭᠰᠡᠯ ᠬᠦᠷᠭᠡᠭᠰᠡᠨ;ᠬᠢᠯᠢ ᠬᠢᠵᠠᠭᠠᠷ ᠤᠷᠤᠨ ᠦ ᠮᠤᠩᠭ᠋ᠤᠯ ᠤᠶᠤᠲᠠᠳ ᠦᠨ ᠴᠠᠭᠠᠨ ᠰᠠᠷ᠎ᠠ ᠵᠢᠨ ᠵᠠᠮ ᠦᠨ ᠵᠠᠷᠤᠳᠠᠯ ᠢ ᠲᠠᠭᠠᠭᠠᠭᠰᠠᠨ᠂ᠶᠠᠳᠠᠭᠤ ᠬᠦᠴᠢᠷᠲᠠᠢ ᠲᠠᠷᠢᠶᠠᠴᠢᠳ ᠮᠠᠯᠴᠢᠳ ᠲᠦ ᠮᠠᠯ ᠦᠨ ᠬᠠᠰᠢᠶ᠎ᠠ ᠰᠠᠷᠠᠪᠴᠢ ᠵᠠᠰᠠᠵᠦ ᠦᠭᠭᠦᠭᠰᠡᠨ᠂᠂᠂᠂ᠭᠡᠬᠦ ᠮᠡᠳᠦ᠃ᠡᠨᠡ ᠬᠦ ᠲᠤᠪᠴᠢ ᠨᠠᠮᠳᠠᠷ ᠨᠢ ᠲᠡᠭᠦᠨ ᠦ ᠠᠮᠢᠳᠤᠷᠠᠯ ᠦᠨ ᠲᠦᠯᠦᠬᠡ ᠰᠤᠨᠳᠠᠯ᠎ᠠ ᠴᠢᠷᠮᠠᠢᠢᠭᠰᠠᠨ ᠠᠯᠬᠤᠮ ᠪᠦᠷᠢ ᠵᠢ ᠲᠡᠮᠳᠡᠭᠯᠡᠵᠦ ᠮᠦᠨ ᠡᠳᠡᠭᠡᠷ ᠴᠢᠷᠮᠠᠢᠢᠯᠲᠠ ᠵᠢᠨ ᠠᠷᠤ ᠳᠦ ᠭᠤᠷᠯᠤᠰᠴᠤᠳ ᠦᠨ ᠡᠷᠡᠰ ᠴᠢᠩᠭ᠋᠎᠎ᠠ ᠵᠤᠷᠢᠭ ᠰᠠᠨᠠᠭ᠎ᠠ ᠵᠢ ᠦᠵᠡᠭᠦᠯᠵᠡᠢ᠃

ᠲᠦᠩ ᠲᠡᠭᠰᠢ ᠵᠢᠨ ᠺᠤᠮᠫᠠᠨᠢ ᠪᠤᠯ ᠪᠤᠷᠳᠤᠭ᠎ᠠ ᠰᠤᠳᠤᠯᠤᠨ ᠦᠢᠯᠡᠳᠪᠦᠷᠢᠯᠡᠬᠦ ᠪᠠ ᠪᠤᠷᠤᠯᠠᠭᠤᠯᠬᠤ ᠵᠢ ᠲᠤᠰᠠᠬᠠᠢᠢᠯᠠᠨ ᠬᠢᠵᠦ ᠪᠠᠢᠢᠭ᠎ᠠ ᠰᠢᠨ᠎ᠠ ᠮᠠᠶᠢᠭ ᠦᠨ ᠦᠨᠳᠦᠰᠦᠲᠡᠨ ᠦ ᠠᠵᠦ ᠠᠬᠤᠢᠢᠯᠠᠯ ᠪᠤᠯᠬᠤ ᠶᠤᠮ᠂ᠡᠮᠦᠨᠡᠲᠦ ᠭᠤᠷᠯᠤᠰ ᠦᠨ ᠡᠯᠪᠡᠭ᠌ ᠪᠠᠶᠠᠯᠢᠭ ᠠᠮᠦ ᠪᠤᠳᠠᠭᠠᠨ ᠦ ᠡᠬᠢ ᠪᠠᠶᠠᠯᠢᠭ ᠲᠦ ᠲᠦᠰᠢᠭ᠍ᠯᠡᠨ᠂ᠰᠢᠨᠵᠢᠯᠡᠬᠦ ᠤᠬᠠᠭᠠᠨ ᠮᠡᠷᠭᠡᠵᠢᠯ ᠦᠨ ᠬᠠᠮᠤᠭ ᠰᠢᠨ᠎ᠠ ᠦᠷ᠎ᠠ ᠪᠦᠳᠦᠭᠡᠯ ᠲᠠᠢ ᠤᠶᠠᠯᠳᠤᠭᠤᠯᠤᠭᠰᠠᠨ ᠵᠢᠡᠷ ᠲᠡᠭᠦᠨ ᠦ ᠪᠤᠷᠳᠤᠭ᠎ᠠ ᠨᠢ ᠪᠤᠷᠤᠯᠠᠭᠤᠯᠭ᠎ᠠ ᠰᠠᠢᠢᠲᠠᠢ ᠪᠠᠢᠢᠳᠠᠭ᠃ᠦᠷᠭᠡᠳᠭᠡᠨ ᠪᠠᠢᠢᠭᠤᠯᠵᠦ ᠪᠠᠢᠢᠭ᠎ᠠ ᠡᠮᠦᠨᠡᠳᠦ ᠭᠤᠷᠯᠤᠰ ᠦᠨ ᠤᠰᠤᠯᠤᠯᠲᠠ ᠵᠢᠨ ᠤᠷᠤᠨ ᠦ ᠠᠮᠦ ᠵᠢᠨ ᠦᠢᠯᠡᠰ ᠪᠤᠯᠤᠨ ᠦᠬᠡᠷ ᠲᠡᠵᠢᠬᠡᠬᠦ ᠲᠠᠯᠠᠪᠤᠷ ᠨᠢ ᠭᠤᠷᠯᠤᠰ ᠦᠨ ᠪᠠᠢᠢᠭᠠᠯᠢ ᠵᠢᠨ ᠨᠦᠬᠦᠴᠡᠯ ᠳᠦ ᠲᠦᠰᠢᠭ᠍ᠯᠡᠨ᠂ᠲᠠᠷᠢᠶᠠᠯᠠᠩ ᠮᠠᠯ ᠠᠵᠦ ᠠᠬᠤᠢ ᠵᠢᠨ ᠰᠢᠯᠢᠳᠡᠭ ᠪᠦᠳᠦᠭᠡᠭᠳᠡᠭᠦᠨ ᠦ ᠵᠠᠬ᠎ᠠ ᠲᠡᠯᠬᠡᠭᠦᠷ ᠲᠦ ᠭᠠᠷᠭᠠᠬᠤ ᠪᠡᠷ ᠤᠷᠤᠯᠳᠤᠨ ᠲᠡᠮᠡᠴᠡᠵᠦ ᠪᠠᠢᠢᠨ᠎ᠠ᠃ ᠮᠤᠩᠭ᠋ᠤᠯ ᠦᠨᠳᠦᠰᠦᠲᠡᠨ ᠦ ᠠᠵᠦ ᠠᠬᠤᠢᠢᠯᠠᠯᠲᠠᠨ ᠪᠤᠯᠤᠭᠰᠠᠨ ᠦ ᠬᠤᠪᠢ ᠳᠦ᠂ᠲᠡᠭᠦᠨ ᠦ ᠠᠵᠦ ᠠᠬᠤᠢᠢᠯᠠᠯ ᠦᠨ ᠬᠦᠷᠢᠶᠡᠨ ᠳᠦ ᠦᠨᠳᠦᠰᠦᠲᠡᠨ ᠦ ᠰᠤᠶᠤᠯ ᠦᠨ ᠡᠯᠸᠮᠸᠨ᠋ᠲ ᠵᠢᠡᠷ ᠲᠦᠭᠦᠷᠴᠦ ᠪᠠᠢᠢᠳᠠᠭ᠄ᠺᠤᠮᠫᠠᠨᠢ ᠵᠢᠨ ᠡᠭᠦᠳᠡᠨ ᠳᠡᠬᠢ ᠠᠯᠲᠠᠨ ᠬᠡᠷᠡᠯ ᠰᠠᠴᠤᠷᠠᠭᠰᠠᠨ ᠴᠢᠩᠬᠢᠰ ᠬᠠᠭᠠᠨ ᠦ ᠱᠤᠭᠤᠮᠠᠯ ᠬᠦᠷᠦᠩ ᠨᠢ ᠡᠨᠳᠡ ᠴᠢᠩᠬᠢᠰ ᠬᠠᠭᠠᠨ ᠦ ᠵᠤᠷᠢᠭ ᠰᠠᠨᠠᠭᠠᠨ ᠦ ᠦᠪ ᠪᠠᠢᠢᠬᠤ ᠵᠢ ᠠᠢᠢᠯᠴᠢᠯᠠᠭᠰᠠᠳ ᠲᠦ ᠰᠠᠨᠠᠭᠤᠯᠵᠦ ᠪᠤᠢ;ᠠᠯᠪᠠᠨ ᠭᠡᠷ ᠦᠨ ᠬᠢᠨᠢ ᠬᠠᠨ᠎ᠠ ᠳᠦ ᠴᠢᠩᠬᠢᠰ ᠬᠠᠭᠠᠨ ᠦ ᠬᠦᠷᠦᠭ ᠪᠠ ᠮᠤᠩᠭ᠋ᠤᠯᠴᠤᠳ ᠦᠨ ᠰᠤᠶᠤᠯ ᠦᠨ ᠲᠡᠮᠳᠡᠭ ᠢ ᠨᠡᠩ ᠠᠷᠪᠢᠨ ᠤᠯᠵᠦ ᠬᠠᠷᠠᠨ᠎ᠠ᠂᠂᠂᠂

《ᠮᠤᠩᠭ᠋ᠤᠯ ᠦᠨᠳᠦᠰᠦᠲᠡᠨ ᠦ ᠪᠠᠨ ᠨᠢᠭᠡ ᠪᠦᠷᠢᠯᠳᠦᠭᠦᠨ ᠪᠤᠯᠤᠭᠰᠠᠨ ᠦ ᠬᠤᠪᠢ ᠳᠦ᠂ᠪᠢ ᠤᠯᠤᠰ ᠦᠨᠳᠦᠰᠦᠲᠦᠡᠨ ᠳᠡᠬᠡᠨ ᠨᠡᠩ ᠤᠯᠠᠨ ᠰᠠᠢᠢᠨ ᠶᠠᠪᠤᠳᠠᠯ ᠬᠢᠶ᠎ᠠ ᠭᠡᠵᠦ ᠪᠤᠳᠤᠵᠦ ᠪᠠᠢᠢᠨ᠎ᠠ᠃ᠪᠢ ᠡᠳ᠋ ᠮᠦᠩᠬᠦ ᠲᠠᠢ ᠪᠤᠯᠵᠠᠢ᠂ᠬᠠᠷᠢᠭᠤᠴᠠᠯᠭᠠᠳᠦ ᠰᠡᠳᠭᠢᠯᠭᠡ ᠴᠦ ᠪᠤᠢ᠂ᠡᠮᠦᠨᠡᠲᠦ ᠭᠤᠷᠯᠤᠰ ᠢ ᠴᠦ ᠲᠤᠳᠤᠷᠬᠠᠢ ᠮᠡᠳᠡᠨ᠎ᠠ᠃ᠡᠳᠡᠭᠡᠷ ᠵᠢᠡᠨ ᠪᠢ ᠵᠦᠢ ᠶᠤᠰᠤᠨ ᠦ ᠭᠠᠵᠠᠷ ᠭᠡᠷᠡᠭᠯᠡᠨ᠎ᠠ᠃ᠮᠠᠨ ᠦ ᠲᠡᠭᠡᠳᠦᠰ ᠨᠢᠭᠡᠨᠳᠡ ᠮᠠᠰᠢ ᠰᠠᠢᠢᠨ ᠬᠢᠭ᠍ᠰᠡᠨ ᠶᠤᠮ᠂ᠲᠡᠭᠡᠪᠡᠯ ᠪᠢᠳᠡ ᠴᠤᠬᠤᠮ ᠶᠠᠭᠤ ᠬᠢᠭ᠍ᠰᠡᠨ ᠪᠤᠢ?ᠭᠡᠵᠦ ᠦᠪᠡᠷ ᠦᠨ ᠪᠡᠶ᠎ᠠ ᠡᠴᠡ ᠪᠠᠨ ᠦᠷᠭᠦᠯᠵᠢ ᠠᠰᠠᠭᠤᠵᠦ ᠪᠠᠢᠢᠬᠤ ᠬᠡᠷᠡᠭᠳᠡᠢ》ᠭᠡᠵᠦ ᠲᠦᠩ ᠲᠡᠭᠰᠢ ᠬᠡᠯᠡᠵᠦ ᠪᠠᠢᠢᠯ᠎ᠠ᠃



ᠲᠦᠩ ᠲᠡᠭᠰᠢ

ᠲᠡᠭᠦᠨ ᠦ ᠲᠤᠰᠠᠯᠠᠭᠰᠠᠨ ᠵᠡᠭᠦᠨ ᠬᠤᠢᠢᠲᠦ ᠵᠢᠨ ᠭᠤᠷᠪᠠᠨ ᠮᠤᠵᠢ ᠵᠢᠨ ᠮᠤᠩᠭ᠋ᠤᠯ ᠦᠨᠳᠦᠰᠦᠲᠡᠨ ᠦ ᠲᠤᠮᠳᠠᠳᠦ ᠪᠠᠭ᠎ᠠ ᠰᠤᠷᠭᠠᠭᠤᠯᠢ ᠵᠢᠨ ᠮᠤᠩᠭ᠋ᠤᠯ ᠬᠡᠯᠡᠨ ᠦ ᠵᠤᠬᠢᠶᠠᠨ ᠪᠢᠴᠢᠯᠭᠡ ᠪᠠ ᠪᠠᠭᠰᠢ ᠵᠢᠨ ᠬᠢᠴᠢᠶᠡᠯ ᠦᠨ ᠬᠡᠷᠡᠭᠰᠡᠯ ᠦᠨ ᠤᠷᠤᠯᠳᠤᠭᠠᠨ

ᠮᠤᠩᠭ᠋ᠤᠯ ᠤᠯᠤᠰ ᠦᠨ ᠵᠤᠴᠢᠨ ᠲᠠᠢ ᠠᠵᠢᠯ ᠵᠦᠪᠳᠡᠵᠦ ᠪᠠᠢᠢᠭ᠎ᠠ ᠨᠢ

ᠢᠷᠡᠭᠤ ᠠᠯᠳᠠᠷ

ᠺᠤᠷᠢᠶᠠ ᠵᠢᠨ ᠠᠷᠠᠯᠴᠢᠶᠠᠴᠢᠨ ᠲᠠᠢ ᠠᠵᠢᠯ ᠵᠦᠪᠳᠡᠵᠦ ᠪᠠᠢᠢᠭ᠎ᠠ ᠨᠢ




ᠵᠤᠬᠢᠶᠠᠭᠴᠢ᠄ ᠪᠠᠶᠠᠨᠳᠦᠭᠦᠷᠡᠩ᠂ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 293
ᠴᠠᠭ᠄ 2015 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁