ᠮᠤᠩᠭ᠋ᠤᠯ


( ᠭᠠᠳᠠᠨ᠎ᠠ ᠲᠥᠷᠪᠡᠨ ᠰᠢᠯᠥᠭ)


ᠲᠡᠭ᠍ᠷᠢ ᠳᠤ ᠨᠡᠬᠥᠭ᠍ᠰᠡᠨ

ᠰᠠᠯᠬᠢᠨ ᠤ ᠬᠦᠨ ᠮᠠᠳᠣ ᠮᠣᠩᠭ᠋ᠣᠯ

ᠴᠠᠩᠬᠡᠷ ᠲᠤ ᠨᠡᠪᠴᠢᠭ᠍ᠰᠡᠨ

ᠰᠠᠴᠣᠯᠢ ᠶᠢᠨ ᠰᠦᠨ ᠮᠠᠳᠣ ᠮᠣᠩᠭ᠋ᠣᠯ

ᠭᠠᠰᠢᠭᠣᠨ ᠪᠣᠯᠠᠭ ᠡᠴᠡ ᠦᠷᠬᠥᠭ᠍ᠰᠡᠨ

ᠲᠠᠷᠰ ᠣᠰᠣᠨ ᠮᠠᠳᠣ ᠮᠣᠩᠭ᠋ᠣᠯ

ᠭᠠᠩᠭ᠋ᠠᠷ ᠱᠡᠭᠠᠵᠡᠨᠭ᠌ ᠳᠤ ᠰᠢᠩᠬᠡᠭ᠍ᠰᠡᠨ

ᠲᠡᠭ᠍ᠷᠢᠯᠢᠭ᠌ ᠴᠢᠰᠣᠨ ᠮᠠᠳᠣ ᠮᠣᠩᠭ᠋ᠣᠯ

ᠣᠷᠳᠣ ᠶᠢᠨ ᠲᠠᠭᠣᠤ ᠨᠢ

ᠲᠠᠯ᠎ᠠ ᠶᠢᠨ ᠠᠭᠣᠳᠠᠮ ᠢᠶᠡᠨ ᠲᠡᠯᠡᠭ᠍ᠰᠡᠨ ᠨᠠᠷᠠᠨ ᠮᠣᠩᠭ᠋ᠣᠯ

ᠣᠷᠣᠯᠳᠣᠭᠠᠨ ᠤ ᠮᠣᠷᠢ ᠨᠢ

ᠲᠠᠪᠠᠭᠠᠨ ᠤ ᠦᠨᠳᠥᠷ ᠢ ᠪᠦᠲᠦᠴᠢᠬᠥᠯᠥᠭᠰᠡᠨ ᠬᠠᠳᠠᠨ ᠮᠣᠩᠭ᠋ᠣᠯ

ᠡᠢᠷᠠᠭᠣ ᠨᠠᠶ᠋‍ᠢᠷᠠᠭ ᠴᠡᠬᠡᠵᠢᠨ ᠡᠴᠡ ᠨᠢ ᠪᠢᠰᠢ

ᠪᠠᠭᠣᠴᠠᠨ ᠡᠴᠡ ᠨᠢ ᠣᠷᠭᠣᠳᠠᠭ ᠬᠦᠬᠡ ᠮᠣᠩᠭ᠋ᠣᠯ

ᠡᠢᠯᠨ ᠲᠣᠪᠴᠢᠶᠠᠨ ᠨᠢ ᠡᠢᠯᠨ ᠪᠠᠷ ᠪᠢᠰᠢ

ᠨᠢᠭᠣᠴᠠ ᠪᠠᠷ ᠣᠷᠣᠰᠢᠳᠠᠭ ᠶᠡᠬᠡ ᠮᠣᠩᠭ᠋ᠣᠯ


ᠬᠠᠨᠠᠨ ᠲᠡᠬᠡᠷ᠎ᠡ ᠪᠠᠨ ᠮᠢᠩ‍ᠭ᠌‍᠎ᠠ ᠮᠢᠩᠭ᠋ᠠᠨ ᠴᠢᠩᠬᠢᠰ ᠲᠡᠶ ᠬᠠᠭᠠᠨ ᠮᠣᠩᠭ᠋ᠣᠯ

ᠬᠠᠭᠠᠰ ᠪᠦᠮᠪᠥᠷᠴᠡᠭ ᠲᠤ ᠵᠠᠭᠣᠨ ᠵᠠᠭᠣᠨ ᠨᠡᠬᠥᠳᠡᠯ ᠲᠡᠶ ᠬᠠᠷᠠᠴᠣ ᠮᠣᠩᠭ᠋ᠣᠯ

ᠬᠠᠳᠠᠨ ᠲᠡᠬᠡᠷᠡᠬᠢ ᠣᠶ᠋‍ᠢᠭᠣᠷᠵᠢᠨ ᠪᠢᠴᠢᠭ᠌ ᠢᠶᠡᠷ ᠢᠶᠡᠨ 《 ᠬᠠᠭᠣᠴᠢᠷᠠᠭᠰᠠᠨ 》 ᠮᠣᠩᠭ᠋ᠣᠯ

ᠬᠠᠭᠠᠯᠭᠠᠨ ᠲᠡᠬᠡᠷᠡᠬᠢ ᠨᠠᠩᠬᠢᠶᠠᠳ ᠣᠨᠢᠰᠤ ᠪᠠᠷ ᠢᠶᠡᠨ ᠵᠢᠪᠡᠷᠡᠭ᠍ᠰᠡᠨ ᠮᠣᠩᠭ᠋ᠣᠯ

ᠣᠳᠠᠨ ᠪᠣᠭᠣᠯᠠᠭ᠎ᠠ ᠵᠠᠬᠥᠯᠬᠡᠬᠥ ᠪᠠᠷ ᠦᠬᠡᠷ ᠮᠠᠳᠣ ᠮᠣᠩᠭ᠋ᠣᠯ

ᠣᠭᠣᠳᠠᠨ ᠲᠣᠳᠣᠷ᠎ᠠ ᠣᠷᠣᠬᠣ ᠪᠠᠷ ᠡᠪᠠᠷ ᠮᠠᠳᠣ ᠮᠣᠩᠭ᠋ᠣᠯ

ᠴᠠᠭ ᠨᠢ ᠲᠣᠯᠬᠣ ᠪᠠᠷ

ᠬᠠᠷᠠᠩᠭ᠋ᠣᠢ ᠶᠢ ᠲᠠᠰᠣ ᠬᠡᠷᠴᠢᠭ᠍ᠰᠡᠨ ᠴᠠᠬᠢᠯᠭᠠᠨ ᠮᠠᠳᠣ ᠮᠣᠩᠭ᠋ᠣᠯ

ᠶᠠᠭ ᠯᠠ ᠠᠳᠬᠠᠬᠣ ᠪᠠᠷ

ᠬᠠᠯᠠᠭᠣᠨ ᠠᠮᠢ ᠪᠠᠨ ᠴᠥᠯᠡᠭ᠍ᠰᠡᠨ ᠴᠢᠨᠣ ᠠ ᠮᠠᠳᠣ ᠮᠣᠩᠭ᠋ᠣᠯ

ᠨᠣᠳᠣᠭ ᠨᠢ ᠠᠯᠠᠭ᠎ᠠ ᠪᠣᠯᠬᠣ ᠪᠠᠷ

ᠰᠢᠭᠣᠷᠭ᠎ᠠ ᠮᠠᠳᠣ ᠮᠣᠩᠭ᠋ᠣᠯ

ᠨᠣᠶ᠋‍ᠢᠷ ᠡᠴᠡ ᠪᠠᠨ ᠬᠡᠨᠡᠳᠳᠡ ᠰᠡᠷᠠᠬᠥ ᠪᠠᠷ

ᠰᠢᠯᠢᠨ ᠭᠠᠯᠵᠠᠭᠣ ᠪᠠᠭᠠᠳᠣᠷ ᠮᠠᠳᠣ ᠮᠣᠩᠭ᠋ᠣᠯ


ᠵᠠᠯᠠᠢᠢᠳ


ᠵᠠᠭᠣᠨ ᠵᠠᠭᠣᠨ ᠤ ᠲᠣᠮᠣᠭ ᠲᠣᠭᠣᠴᠢᠵᠣ

ᠪᠢ

ᠵᠠᠯᠠᠢᠢᠳ ᠬᠦᠷᠪᠡ


ᠵᠠᠮ ᠵᠠᠮ ᠤᠨ ᠲᠣᠭᠣᠰᠣ ᠲᠣᠬᠣᠰᠢᠯᠠᠵᠣ

ᠵᠠᠯᠠᠢᠢᠳ

ᠨᠠᠳᠠ ᠡᠢᠷᠠᠪᠠ


ᠮᠣᠩᠭ᠋ᠣᠯ ᠬᠡᠮᠡᠬᠥ ᠱᠠᠩᠰᠢᠨ ᠤ

ᠪᠦᠲᠦᠬᠥᠨ ᠰᠠᠯᠠᠭ᠎ᠠ

ᠭᠠᠩᠳᠠᠵᠣ ᠪᠠᠶ᠋‍ᠢᠪᠠ


ᠮᠣᠷᠢᠯᠠᠵᠣ ᠬᠦᠷᠥᠭᠰᠡᠨ ᠪᠢᠳᠠᠨ ᠢ

ᠪᠣᠷᠣᠭᠠᠨ ᠢᠶᠡᠷ ᠡᠨᠳᠡᠬᠥᠷᠡᠵᠦ

ᠭᠠᠷ ᠰᠠᠷᠠᠪᠴᠢᠯᠠᠨ ᠬᠦᠯᠢᠶᠡᠵᠦ ᠪᠠᠶ᠋‍ᠢᠪᠠ


ᠲᠡᠭ᠍ᠷᠢ ᠬᠡᠮᠡᠬᠥ ᠲᠣᠣᠯᠢ

ᠲᠡᠬᠥᠰᠬᠡᠯ ᠣᠷᠣᠭᠣ ᠪᠠᠨ

ᠰᠢᠪᠳᠣᠷᠠᠵᠣ ᠪᠠᠶ᠋‍ᠢᠪᠠ


ᠲᠡᠷᠬᠡ ᠪᠠᠷ ᠬᠦᠷᠥᠭᠰᠡᠨ ᠪᠢᠳᠠᠨ ᠢ

ᠲᠡᠷᠳᠡᠬᠡ ᠵᠠᠭᠣᠨ ᠤ ᠬᠢᠨ ᠢᠶᠡᠷ ᠡᠨᠳᠡᠬᠥᠷᠡᠵᠦ

ᠰᠢᠷᠡᠬᠡ ᠵᠠᠰᠠᠨ ᠬᠦᠯᠢᠶᠡᠵᠦ ᠪᠠᠶ᠋‍ᠢᠪᠠ


ᠬᠦᠷᠥᠰᠢ ᠦᠭᠡᠶ ᠬᠣᠯᠠ ᠶᠢᠨ

ᠬᠦᠷᠥᠰᠥᠨ ᠲᠡᠬᠡᠷ᠎ᠡ

ᠬᠦᠯ ᠲᠠᠯᠪᠢᠬᠣ ᠳᠤ ᠬᠠᠯᠠᠭᠣᠬᠠᠨ ᠪᠠᠶ᠋‍ᠢᠪᠠ


ᠬᠦᠠᠳᠡᠰᠢ ᠦᠭᠡᠶ ᠨᠢᠭᠣᠴᠠ ᠶᠢᠨ

ᠲᠠᠷᠠᠨ ᠲᠡᠬᠡᠷ᠎ᠡ

ᠴᠢᠬᠢ ᠲᠠᠯᠪᠢᠬᠣ ᠳᠤ ᠮᠥᠯᠢᠬᠥᠬᠡᠨ ᠪᠠᠶ᠋‍ᠢᠪᠠ


ᠣᠯᠣᠭ᠎ᠠ ᠦᠭᠡᠶ ᠪᠦᠬᠥᠨ ᠢᠶᠡᠨ

ᠵᠠᠬᠥᠳᠥᠨ ᠡᠴᠡ ᠪᠠᠨ ᠡᠷᠢᠬᠥ ᠳᠤ

ᠵᠠᠯᠠᠢᠢᠳ ᠰᠠᠮ ᠰᠡᠮᠬᠡᠨ ᠨᠢᠯᠪᠣᠰᠣ ᠲᠡᠶ ᠁


ᠣᠠᠳᠠᠷᠠᠭ᠎ᠠ ᠦᠭᠡᠶ ᠭᠠᠯ ᠢ ᠨᠢ

ᠵᠠᠬᠥᠳᠥᠨ ᠳᠡᠭᠡᠨ ᠮᠠᠨᠠᠬᠣ ᠳᠤ

ᠵᠠᠯᠠᠢᠢᠳ ᠪᠣᠷᠬᠠᠨ ᠰᠦᠨ ᠤ ᠰᠠᠴᠣᠯᠢ ᠲᠡᠶ ᠁


ᠨᠠᠶ᠋‍ᠢᠵᠠ ᠨᠡᠷ ᠢᠶᠡᠨ ᠠᠷᠢᠬᠢ ᠪᠠᠷ ᠪᠣᠤ ᠱᠠᠯᠠ


ᠨᠠᠷᠠᠨ ᠤ ᠬᠡᠷᠡᠯ ᠢ

ᠠᠮᠢᠳᠣ ᠶᠢᠨ ᠷᠠᠰᠢᠶᠠᠨ ᠰᠢᠭ ᠬᠠᠮᠳᠣ ᠳᠠᠭᠠᠨ ᠡᠳ᠋ᠯᠠᠵᠣ

ᠨᠠᠷᠠᠳᠣ ᠶᠢᠨ ᠵᠠᠢ ᠳᠤ

ᠠᠨᠳᠠ ᠶᠢᠨ ᠵᠢᠷᠣᠮ ᠢᠶᠡᠷ ᠬᠠᠨᠢᠯᠠᠨ ᠶᠠᠪᠣᠳᠠᠭ

ᠨᠠᠰᠣ ᠴᠢᠰᠤ ᠪᠠᠨ ᠬᠦᠷᠳᠡᠯ᠎ᠡ ᠬᠣᠪᠢᠶᠠᠯᠴᠠᠮᠠᠷ

ᠨᠠᠶ᠋‍ᠢᠵᠠ ᠨᠡᠷ ᠢᠶᠡᠨ ᠠᠷᠢᠬᠢ ᠪᠠᠷ ᠪᠣᠤ ᠱᠠᠯᠠ︕


ᠰᠢᠮᠠᠵᠣ ᠣᠣᠭᠣᠬᠣ ᠪᠠᠷ ᠵᠢᠷᠭᠠᠯ ᠠᠮᠳᠠᠯᠠᠭᠳᠠᠳᠠᠭ ᠬᠡᠯ᠎ᠡ ᠴᠤ

ᠰᠢᠯ ᠴᠣᠮᠣ ᠪᠠᠷ ᠬᠦᠠᠳᠡᠷᠬᠥ ᠳ᠋ᠣᠨᠢ

ᠲᠠᠮᠣ ᠬᠠᠷᠠᠭᠳᠠᠳᠠᠭ ᠶᠣᠮ᠂

ᠪᠠᠭ᠎ᠠ ᠣᠣᠭᠣᠬᠣ ᠳᠤ ᠪᠠᠯ ᠠᠮᠳᠠᠯᠠᠭᠳᠠᠳᠠᠭ ᠬᠡᠯ᠎ᠡ ᠴᠤ

ᠪᠠᠯᠠᠷᠠᠳᠠᠯ᠎ᠠ ᠰᠣᠭᠳᠣᠬᠣ ᠪᠠᠷ ᠢᠶᠡᠨ

ᠲᠠᠮᠣ ᠳᠤ ᠣᠨᠠᠴᠢᠬᠠᠳᠠᠭ ᠶᠣᠮ᠃


ᠨᠠᠶ᠋‍ᠢᠵᠠ ᠶᠢᠨ ᠢᠶᠡᠨ ᠡᠢᠷᠥᠬᠡᠯ ᠪᠣᠶᠠᠨ ᠢ

ᠠᠷᠢᠬᠢ ᠬᠡᠳᠡᠭ ᠰᠣᠷ ᠢᠶᠡᠷ ᠪᠣᠭᠣᠳᠠᠭ ᠦᠭᠡᠶ ᠶᠣᠮ ᠰᠢᠤ᠂

ᠨᠠᠶ᠋‍ᠢᠵᠠ ᠶᠢᠨ ᠢᠶᠡᠨ ᠡᠷᠠᠬᠥᠯ ᠵᠠᠶᠠᠭ᠎ᠠ ᠶᠢ

ᠠᠷᠢᠬᠢ ᠬᠡᠳᠡᠭ ᠬᠣᠣᠷ ᠢᠶᠡᠷ ᠪᠣᠭᠣᠨᠢᠰᠬᠠᠳᠠᠭ ᠦᠭᠡᠶ ᠶᠣᠮ ᠰᠢᠤ︕

ᠡᠷᠠᠬᠥᠯ ᠰᠠᠶ᠋‍ᠢᠬᠠᠨ ᠪᠠᠶ᠎ᠠ ᠶᠢ

ᠠᠷᠢᠬᠢ ᠬᠡᠳᠡᠭ 《 ᠴᠢᠩᠬᠢᠰ 》 ᠲᠠᠶ᠋‍ᠢᠯᠠᠨ ᠲᠠᠭᠠᠭᠣᠯᠵᠣ

ᠡᠮᠨᠡᠯᠬᠡ ᠳᠤ ᠬᠦᠷᠬᠡᠳᠡᠭ ᠢ

ᠨᠠᠳᠠ ᠪᠠᠷ ᠬᠡᠯᠡᠬᠥᠯᠦᠬᠡᠥᠨ ᠶᠠᠭᠠᠬᠢᠨ᠎ᠠ ᠪᠣᠢ᠃

ᠡᠪᠠᠳᠴᠢᠨ ᠡᠮᠬᠡᠭ᠌ ᠲᠡᠶ ᠪᠠᠶ᠎ᠠ ᠶᠢ

ᠠᠷᠢᠬᠢ ᠬᠡᠳᠡᠭ ᠮᠠᠩᠭ᠋ᠣᠰ ᠲᠠᠰᠣᠯᠣᠨ ᠬᠦᠨᠦᠬᠡᠵᠦ

ᠡᠷᠯᠢᠭ᠌᠌ ᠲᠤ ᠮᠣᠷᠳᠠᠭᠣᠯᠳᠠᠭ ᠢ

ᠨᠠᠶ᠋‍ᠢᠵᠠ ᠪᠠᠷ ᠢᠶᠡᠨ ᠲᠣᠷᠰᠢᠭᠠᠳ ᠶᠠᠭᠠᠬᠢᠨ᠎ᠠ ᠪᠣᠢ︕


ᠠᠷᠢᠬᠢ ᠬᠡᠳᠡᠭ

ᠰᠢᠩᠬᠡᠨ ᠪᠠᠶ᠎ᠠ ᠲᠡᠶ ᠬᠠᠳᠠᠭᠣ ᠵᠠᠪᠰᠡᠭ ᠢᠶᠡᠷ

ᠠᠯᠠᠯᠴᠠᠳᠠᠭ ᠬᠦᠮᠥᠰ ᠢ

ᠨᠠᠶ᠋‍ᠢᠵᠠ ᠬᠡᠬᠥ ᠦᠦ᠂ ᠲᠠᠶ᠋‍ᠢᠰᠣᠨ ᠬᠡᠬᠥ ᠦᠦ⁈

ᠠᠷᠢᠬᠢ ᠬᠡᠳᠡᠭ

ᠬᠠᠯᠠᠭᠣᠨ ᠪᠠᠭ ᠲᠡᠶ ᠬᠦᠢᠳᠡᠨ ᠡᠷᠠᠬᠥᠤ ᠪᠠᠷ

ᠠᠭᠠᠭᠳᠠᠳᠠᠭ ᠬᠦᠮᠥᠰ ᠢ

ᠡᠠᠬ᠎ᠠ ᠲᠡᠬᠥᠤ ᠬᠡᠬᠥ ᠦᠦ᠂ ᠠᠳᠠᠭᠠᠳᠠᠨ ᠬᠡᠬᠥ ᠦᠦ⁈

ᠠᠷᠢᠬᠢ ᠠᠮᠰᠠᠳᠠᠭ ᠦᠭᠡᠶ ᠨᠢ ᠡᠷᠬᠡ ᠴᠢᠯᠦᠬᠡᠨ ᠤ ᠰᠣᠩᠭ᠋ᠣᠯᠳᠠ ᠶᠢᠨ ᠨᠢᠬᠡᠨ ᠪᠣᠯᠬᠣ ᠪᠠᠷ

ᠠᠷᠢᠬᠢ ᠠᠮᠰᠠᠳᠠᠭ ᠦᠭᠡᠶ ᠨᠠᠶ᠋‍ᠢᠵᠠ ᠳᠠᠭᠠᠨ ᠠᠭᠣᠤ ᠶᠡᠬᠡ ᠡᠷᠬᠡ ᠴᠢᠯᠦᠬᠡ ᠬᠠᠶ᠋‍ᠢᠷᠠᠯᠠ︕

ᠠᠷᠢᠬᠢᠨ ᠳᠤ ᠯᠠ ᠪᠢᠰᠢ᠂ ᠡᠠᠶ᠎ᠠ ᠲᠠᠭᠣᠤ ᠳᠤ ᠴᠤ ᠰᠣᠭᠳᠣᠵᠣ ᠪᠣᠯᠳᠠᠭ ᠪᠤᠯᠬᠤᠷ

ᠠᠭᠣᠯᠵᠠᠯᠳᠠ ᠶᠢᠨ ᠪᠠᠶᠠᠷ ᠢᠶᠡᠨ ᠠᠷᠢᠬᠢ ᠪᠠᠷ ᠪᠢᠰᠢ ᠰᠠᠳᠬᠢᠯ ᠢᠶᠡᠷ ᠢᠶᠡᠨ ᠲᠡᠮᠳᠡᠭᠯᠡ︕


ᠬᠦᠳᠡᠯᠦᠨ᠎ᠠ


ᠰᠠᠮ ᠰᠠᠮ ᠰᠠᠯᠬᠢ ᠬᠦᠳᠡᠯᠦᠨ᠎ᠠ

ᠰᠠᠳᠬᠢᠯ ᠳᠤ ᠮᠢᠨᠢ ᠡᠪᠠᠰᠣ ᠬᠦᠳᠡᠯᠦᠨ᠎ᠠ

ᠬᠡᠨᠡᠳᠳᠡ ᠬᠡᠨᠡᠳᠳᠡ ᠰᠢᠭᠣᠷᠭ᠎ᠠ ᠬᠦᠳᠡᠯᠦᠨ᠎ᠠ

ᠬᠡᠵᠢᠬᠡ ᠡᠪᠠᠰᠣᠨ ᠤ ᠦᠨᠳᠥᠰᠤ ᠬᠦᠳᠡᠯᠦᠨ᠎ᠠ

ᠪᠠᠶ᠋‍ᠢᠨ ᠪᠠᠶ᠋‍ᠢᠨ ᠠᠭᠣᠷ ᠬᠦᠳᠡᠯᠦᠨ᠎ᠠ

ᠪᠠᠷᠠᠭᠣᠨ ᠵᠦᠭ᠌ ᠲᠤ ᠲᠠᠶ᠋‍ᠢᠨ ᠬᠦᠳᠡᠯᠦᠨ᠎ᠠ

ᠬᠠᠶᠠ ᠬᠠᠶᠠ ᠭᠠᠵᠠᠷ ᠬᠦᠳᠡᠯᠦᠨ᠎ᠠ

ᠬᠠᠷᠠᠩᠭ᠋ᠣᠢ ᠶᠢᠨ ᠬᠦᠨ ᠳᠤ ᠬᠡᠷᠡᠯ ᠬᠦᠳᠡᠯᠦᠨ᠎ᠠ


ᠡᠨᠡᠳᠬᠡᠭ᠌ ᠪᠦᠰᠠᠬᠥᠢ


ᠡᠨᠡᠳᠬᠡᠭ᠌ ᠪᠦᠰᠠᠬᠥᠢ ᠣᠰᠣᠨ ᠤ ᠡᠠᠷ ᠮᠠᠳᠣ ᠰᠣᠷᠮᠣᠣᠰᠣ ᠪᠠᠨ ᠲᠡᠪᠢᠯᠬᠢᠯᠡᠬᠥ ᠨᠢ

ᠡᠪᠠᠰᠣᠨ ᠤ ᠲᠣᠷᠭᠠᠨ ᠦᠵᠦᠬᠥᠷ ᠢᠶᠡᠷ

ᠰᠠᠳᠬᠢᠯ ᠢ ᠮᠢᠨᠢ ᠬᠡᠳᠡᠬᠡᠯᠡᠬᠥ ᠮᠠᠳᠣ ᠁

ᠡᠨᠡᠳᠬᠡᠭ᠌ ᠪᠦᠰᠠᠬᠥᠢ ᠭᠠᠯ ᠤᠨ ᠰᠣᠷ ᠮᠠᠳᠣ ᠬᠠᠷᠠᠴᠠ ᠪᠠᠷ ᠢᠶᠡᠨ ᠲᠦᠬᠡᠨᠡᠬᠥ ᠨᠢ

ᠡᠬᠥᠯᠡᠨ ᠤ ᠠᠷᠢᠭᠣᠨ ᠮᠠᠠᠳᠠᠯ ᠳᠤ

ᠦᠪᠡᠷ ᠢ ᠮᠢᠨᠢ ᠵᠤᠭᠠᠴᠠᠭᠣᠯᠬᠣ ᠮᠠᠳᠣ ᠁

ᠡᠨᠡᠳᠬᠡᠭ᠌ ᠪᠦᠰᠠᠬᠥᠢ ᠴᠡᠴᠡᠭ ᠤᠨ ᠴᠣᠮᠣᠷᠯᠢᠭ ᠮᠠᠳᠣ ᠬᠦᠢᠰᠦ ᠪᠠᠨ ᠪᠦᠵᠢᠭ᠍ᠯᠠᠬᠥᠯᠬᠥ ᠨᠢ

ᠡᠪ ᠤᠨ ᠵᠢᠭᠠᠰᠣ ᠶᠢ

ᠬᠦᠨ ᠲᠠᠯᠠᠢ ᠡᠴᠡ ᠲᠠᠭᠣᠳᠠᠬᠣ ᠮᠠᠳᠣ ᠁

ᠡᠨᠡᠳᠬᠡᠭ᠌ ᠪᠦᠰᠠᠬᠥᠢ ᠴᠡᠪᠡᠷᠬᠡᠨ ᠰᠠᠷᠠᠨ ᠮᠠᠳᠣ ᠬᠦᠬᠥ ᠪᠠᠨ ᠴᠡᠴᠡᠷᠬᠡᠨᠡᠬᠥᠯᠬᠥ ᠨᠢ

ᠡᠬᠥᠷᠢᠳᠡ ᠶᠢᠨ ᠵᠢᠷᠭᠠᠯ ᠢ

ᠰᠦᠨ ᠬᠡᠷᠡᠯ ᠢᠶᠡᠷ ᠲᠠᠯᠠᠯᠬᠣ ᠮᠠᠳᠣ ᠁


ᠵᠠᠬᠥᠯᠳᠡ ᠲᠠᠶ᠋‍ᠢᠯᠪᠣᠷᠢ᠄

《 ᠴᠢᠩᠬᠢᠰ 》︱ 《 ᠴᠢᠩᠬᠢᠰ 》 ᠲᠡᠮᠳᠡᠭ᠍ᠲᠦ ᠠᠷᠢᠬᠢᠨ ᠡᠴᠡ ᠣᠣᠠᠬ᠎ᠠ ᠡᠰᠢᠯᠠᠪᠠᠢ᠃

ᠵᠤᠬᠢᠶᠠᠭᠴᠢ ᠶᠢᠨ ᠬᠠᠶ‍ᠢᠭ᠄ ᠲᠣᠢᠩᠯᠢᠶᠣᠤ ᠬᠣᠳᠠ ᠶᠢᠨ ᠨᠠᠢᠮᠠᠨ ᠬᠣᠰᠢᠭᠣᠨ ᠤ ᠰᠣᠶᠣᠯ ᠤᠨ ᠬᠡᠷ

ᠵᠤᠬᠢᠶᠠᠭᠴᠢ᠄ ᠬᠠᠩᠳᠠᠭᠤᠳ᠂ᠤᠰᠤᠨᠪᠤᠳᠤᠭ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 518
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁