ᠰᠢᠠᠵᠢᠶ‍ᠠᠩ ᠤᠨ ᠭᠤᠷᠪᠠᠨ ᠨᠠᠭᠤᠷ ᠲᠤ ᠳᠡᠦᠭᠡ ᠶᠢᠨ ᠮᠤᠢᠷ ᠢ ᠬᠠᠢ᠌ᠭᠰᠠᠨ ᠨᠢ

ᠰᠢᠠᠵᠢᠶ‍ᠠᠩ ᠤᠨ ᠠᠯᠳᠠᠢ ᠶᠢᠨ ᠠᠭᠤᠯᠠᠨ ᠣᠷᠤᠨ ᠳᠤ ᠣᠷᠤᠰᠢᠬᠤ ᠴᠡᠩᠭᠡᠷ ᠰᠢᠶ‍ᠠᠨ ᠤ ᠭᠤᠷᠪᠠᠨ ᠨᠠᠭᠤᠷ ᠲᠤ ᠴᠢᠩᠭᠢᠰ ᠤᠨ ᠪᠠᠭᠠᠳᠤᠷ ᠢ ᠣᠷᠤᠰᠢᠭᠤᠯᠤᠭᠰᠠᠨ ᠭᠠᠵᠠᠷ ᠪᠣᠢ ᠭᠡᠵᠤ ᠠᠯᠢ ᠭᠡᠳᠥᠢᠨ ᠡᠴᠡ ᠰᠤᠨᠤᠰᠴᠤ ᠪᠠᠢ᠌ᠭᠰᠠᠨ ᠃ ᠮᠤᠩᠭ᠋ᠤᠯ ᠭᠦᠮᠤᠨ ᠪᠣᠯᠤᠭᠰᠠᠨ ᠤ ᠬᠤᠪᠢ ᠳᠠᠭᠠᠨ ᠴᠤ ᠪᠣᠯᠪᠠ ᠦᠦ ᠂ ᠳᠠᠷᠠ ᠨᠤᠳᠤᠭ ᠤᠨ ᠡᠴᠢᠨ᠎ᠡ ᠭᠠᠢ᠌ᠬᠠᠮᠰᠢᠭ ᠢ ᠰᠤᠨᠢᠭᠤᠴᠢᠯᠠᠭᠰᠠᠭᠠᠷ ᠢᠷᠠᠪᠠ ᠃ 2009 ᠣᠨ ᠤ 9 ᠰᠠᠷ᠎ᠠ ᠶᠢᠨ 16 ᠤ ᠡᠳᠦᠷ ᠂ ᠭᠡᠷᠭᠡᠢ ᠴᠡᠴᠡᠭ᠌ ᠲᠡᠶ ᠪᠠᠨ ᠪᠢ ᠮᠠᠰᠢᠨ ᠤ ᠵᠢᠯᠤᠭᠤ ᠪᠠᠨ ᠳᠠᠷᠠ ᠵᠥᠭ᠌ ᠵᠠᠯᠠᠯ᠎ᠠ ᠃ ᠣᠢᠷᠤᠮᠴᠢ ᠡᠴᠡ ᠭᠠᠷᠤᠭᠠᠤᠨ ᠵᠠᠮ ᠳᠤᠵᠢ ᠮᠠᠯᠴᠢᠤᠨ ᠤᠨ ᠨᠡᠭᠦᠳᠡᠯ ᠢ ᠵᠢᠷᠤᠭ ᠤᠨ ᠮᠠᠰᠢᠨ ᠳᠠᠭᠠᠨ ᠰᠢᠩᠭᠡᠭᠡᠵᠤ ᠶ‍ᠠᠪᠣᠭᠰᠠᠭᠠᠷ ᠪᠦᠷᠦᠢ ᠶᠢᠨ ᠣᠢᠶ᠎ᠠ ᠪᠠᠷ ᠴᠡᠩᠭᠡᠷ ᠰᠢᠶ‍ᠠᠨ ᠤ ᠴᠠᠭᠠᠠᠭᠤᠤᠯ ᠰᠤᠮᠤᠨ ᠤ ᠳᠤᠢᠪ ᠲᠤ ᠭᠦᠷᠪᠡ ᠃ ᠵᠠᠮ ᠳᠤ ᠳᠠᠭᠠᠷᠢᠯᠳᠤᠭᠰᠠᠨ ᠮᠠᠯᠴᠢᠨ ᠨᠠᠰᠤᠳᠠᠨ ᠪᠢᠳᠠᠨ ᠢ ᠵᠠᠮ ᠮᠠᠭᠤᠳᠠᠢ ᠂ ᠴᠢᠨᠸ᠎ᠠ ᠪᠠᠭᠠᠪᠠᠭᠠᠢ ᠳᠠᠭᠠᠷᠢᠯᠳᠤᠵᠤ ᠮᠠᠳᠠᠨ᠎ᠠ ᠭᠡᠤᠨ ᠮᠠᠷᠭᠠᠰᠢ ᠥᠷᠯᠦᠭᠡ ᠭᠤᠷᠪᠠᠨ ᠨᠠᠭᠤᠷ ᠵᠥᠭ᠌ ᠭᠦᠳᠡᠯᠦᠭᠡᠷᠡᠢ ᠭᠡᠵᠤ ᠰᠠᠨᠠᠭᠤᠯᠪᠠ ᠃ ᠭᠡᠪᠠᠴᠤ ᠭᠤᠷᠪᠠᠨ ᠨᠠᠭᠤᠷ ᠲᠤ ᠮᠠᠷᠭᠠᠰᠢ ᠶᠢᠨ ᠨᠠᠷᠠ ᠶᠢ ᠭᠦᠯᠢᠶ‍ᠡᠭᠦ ᠭᠦᠰᠡᠯ ᠳᠡᠭᠡᠨ ᠳᠠᠳᠠᠭᠳᠠᠭᠠᠤᠨ ᠨᠠᠰᠤᠳᠠᠨ ᠤ ᠰᠠᠨᠠᠭᠤᠯᠭ᠎ᠠ ᠶᠢ ᠠᠪᠣᠭᠰᠠᠨ ᠦᠭᠡᠶ ᠂ ᠪᠢᠳᠠ ᠬᠤᠶ‍ᠠᠭᠤᠯᠠ ᠮᠤᠷᠤᠢ ᠰᠠᠷᠤᠢ ᠠᠭᠤᠯᠠᠨ ᠵᠠᠮ ᠶᠢᠡᠷ ᠮᠠᠰᠢᠨ ᠶᠢᠡᠨ ᠭᠠᠯᠭᠢᠭᠤᠯᠤᠭᠰᠠᠭᠠᠷ ᠶ‍ᠠᠪᠣᠯ᠎ᠠ ᠃ ᠰᠤᠢᠨᠢ ᠳᠤᠢᠯᠢ ᠪᠠᠷ ᠢᠰᠡᠭᠡᠢ ᠭᠡᠷ ᠤᠨ ᠡᠭᠦᠳᠡ ᠳᠤᠭᠰᠢᠵᠤ ᠵᠠᠮ ᠠᠰᠠᠭᠤᠪᠠ ᠃ ᠬᠠᠯᠠᠭᠤᠮᠰᠤᠭ ᠰᠠᠤᠠᠭᠢᠯ ᠲᠡᠶ ᠬᠠᠰᠠᠭ ᠮᠠᠯᠴᠢᠨ ᠪᠢᠳᠠᠨ ᠳᠤ ᠴᠠᠢ ᠠᠶ‍ᠠᠭᠠᠯᠠᠭᠠᠤᠨ ᠭᠤᠷᠪᠠᠨ ᠨᠠᠭᠤᠷ ᠤᠨ ᠳᠤᠮᠤᠭ ᠢ ᠭᠦᠭᠡᠷᠴᠤ ᠭᠠᠷᠤᠯ᠎ᠠ ᠃ ︽ ᠣᠳᠤ ᠶᠢᠨ ᠨᠠᠮ ᠤᠨ ᠳᠤᠢᠷᠤ ᠶᠢᠨ ᠪᠣᠳᠤᠯᠭ᠎ᠠ ᠰᠠᠢ᠌ᠨ ᠂ ᠮᠠᠨ ᠤ ᠮᠠᠯᠴᠢᠤᠨ ᠢ ᠬᠠᠮᠠᠯᠵᠢᠯᠠᠵᠤ ᠯᠠ ᠪᠠᠢ᠌ᠨ᠎ᠠ ᠃ ᠪᠢᠳᠠ ᠴᠤ ᠰᠠᠢ᠌ᠨ ᠳᠤᠷ᠎ᠠ ᠡᠴᠡ ᠪᠠᠨ ᠭᠤᠷᠪᠠᠨ ᠨᠠᠭᠤᠷ ᠶᠢᠡᠨ ᠬᠠᠮᠠᠭᠠᠯᠠᠵᠤ ᠪᠠᠢ᠌ᠨ᠎ᠠ ᠃ ᠳᠠ ᠨᠡᠷ ᠳᠠᠠᠳᠠ ᠬᠤᠭ ᠶᠢᠡᠨ ᠣᠷᠭᠢᠴᠢᠬᠠᠵᠤ ᠪᠣᠯᠬᠤ ᠦᠭᠡᠶ ᠰᠢᠤ ︾ ᠭᠡᠵᠤ ᠪᠢᠳᠠᠨ ᠳᠤ ᠰᠠᠨᠠᠭᠤᠯᠬᠤ ᠶ‍ᠤᠮ ᠃ ᠪᠢᠳᠠ ᠰᠡᠭᠦᠳᠡᠷ ᠳᠠᠳᠠᠵᠤ ᠳᠤᠷᠠᠰᠬᠠᠯ ᠪᠣᠯᠭᠠᠭᠠᠤᠨ ᠳᠠᠷᠠᠭ᠎ᠠ ᠵᠢᠯ ᠤᠨ ᠡᠷᠭᠢᠯᠳᠡ ᠳᠡᠭᠡᠨ ᠵᠢᠷᠤᠭ ᠢ ᠨᠢ ᠭᠦᠷᠭᠡᠵᠤ ᠢᠷᠠᠨ᠎ᠠ ᠭᠡᠤᠨ ᠠᠶ‍ᠠᠷᠯᠠᠪᠠ ᠃ ᠵᠠᠮ ᠭᠡᠵᠤ ᠵᠥᠷᠢᠭ᠌ ᠳᠠᠳᠤᠢ ᠃ GPS ᠲᠤ ᠭᠠᠵᠠᠷ ᠤᠨ ᠪᠠᠢ᠌ᠴᠠ ᠳᠠᠯᠠᠢ ᠶᠢᠨ ᠳᠤᠢᠪᠰᠢᠨ ᠡᠴᠡ 2325 ᠮᠸᠲ᠋ᠷ ᠣᠢᠠᠳᠤᠷ ᠂ ᠳᠡᠷᠭᠡᠨ ᠤ ᠭᠠᠳᠠᠨᠠᠭᠢ ᠠᠭᠠᠷ ᠤᠨ ᠳᠤᠯᠠᠭᠠᠨ ᠼᠸᠯᠰ ᠤᠨ 2 ᠊ᠭ᠍ᠷᠡᠳᠥᠰ ᠭᠡᠵᠤ ᠢᠯᠠᠷᠠᠵᠤ ᠪᠠᠢ᠌ᠯ᠎ᠠ ᠃ ᠡᠵᠡᠨ ᠨᠢ ᠵᠤᠢᠳᠠᠷᠠᠯ᠎ᠠ ᠂ ᠣᠨᠤᠭ᠎ᠠ ᠴᠤ ᠳᠦᠭᠡᠷᠢᠯ᠎ᠡ ᠂ ᠳᠡᠭᠡᠭᠡᠤᠨ ᠳᠠᠠᠳᠠ ᠪᠠᠨ ᠣᠠᠳᠠᠵᠤ ᠣᠷᠭᠢᠪᠠ ᠃ ᠰᠡᠷᠡᠭᠡᠤᠨ ᠥᠵᠡᠭᠦᠯ᠎ᠡ ᠰᠠᠯᠭᠢ ᠳᠡᠭ᠍ᠳᠡᠵᠤ ᠪᠣᠷᠤᠭᠠᠨ ᠴᠠᠰᠤ ᠬᠤᠯᠢᠯᠳᠤᠨ ᠪᠠᠭᠤᠵᠤ ᠪᠠᠢ᠌ᠯ᠎ᠠ ᠃ ᠮᠠᠰᠢᠨ ᠴᠤ ᠳᠤᠰᠤ ᠳᠤᠳᠠᠭᠰᠠᠨ ᠶᠢᠡᠨ ᠮᠡᠳᠡᠭᠦᠯᠪᠡ ᠃ ᠪᠢᠳᠠ ᠴᠠᠭᠠᠠᠭᠤᠤᠯ ᠳᠤ ᠪᠣᠴᠠᠵᠤ ᠳᠤᠰᠤ ᠪᠠᠨ ᠨᠠᠮᠠᠵᠤ ᠳᠦᠭᠦᠷᠭᠡᠭᠡᠤᠨ ᠬᠠᠢ᠌ᠯᠳᠠ ᠪᠠᠨ ᠥᠷᠭᠦᠯᠵᠢᠯᠡᠭᠦᠯᠪᠡ ᠃ ᠳᠡᠭ᠍ᠷᠢ ᠠᠪᠣ ᠴᠡᠩᠭᠡᠷ ᠤᠨ ᠣᠭᠳᠠᠷᠭᠤᠢ ᠡᠴᠡ ᠪᠢᠳᠠ ᠬᠤᠶ‍ᠠᠷ ᠮᠤᠩᠭ᠋ᠤᠯ ᠢ ᠢᠨᠢᠶ‍ᠡᠮᠰᠦᠭ᠍ᠯᠡᠨ ᠬᠠᠷᠠᠵᠤ ᠪᠠᠢ᠌ᠯ᠎ᠠ ᠃ ᠣᠢᠳᠠ ᠶᠢᠨ ᠨᠠᠷᠠ ᠳᠤᠯᠠᠢ᠌ᠵᠤ ᠪᠠᠢ᠌ᠬᠤ ᠪᠠᠷ ᠪᠢᠳᠠ ᠭᠤᠷᠪᠠᠨ ᠨᠠᠭᠤᠷ ᠲᠤ ᠭᠦᠷᠴᠤ ᠣᠴᠢᠯ᠎ᠠ ᠃ ᠭᠡᠳᠤᠨ ᠬᠤᠨ ᠂ ᠰᠥᠷᠦᠭ᠌ ᠨᠤᠭᠤᠰᠤ ᠪᠢᠳᠠ ᠬᠤᠶ‍ᠠᠭᠤᠯᠠ ᠶᠢ ᠴᠢᠮᠡᠭᠡ ᠥᠭᠡᠢ᠌ᠭᠡᠨ ᠣᠭᠳᠤᠵᠤ ᠠᠪᠣᠪᠠ ᠃

ᠭᠤᠷᠪᠠᠨ ᠨᠠᠭᠤᠷ ᠰᠢᠠᠵᠢᠶ‍ᠠᠩ ᠤᠨ ᠴᠡᠩᠭᠡᠷ ᠰᠢᠶ‍ᠠᠨ ᠡᠴᠡ ᠵᠡᠭᠦᠨ ᠬᠣᠢ᠌ᠰᠢ 153 ᠺᠢᠯᠤᠮᠸᠲ᠋ᠷ ᠲᠤ ᠂ ᠵᠤᠢᠩᠭ᠋ᠠᠷ ᠤᠨ ᠬᠤᠳᠤᠭᠤᠷ ᠤᠨ ᠵᠡᠭᠦᠨ ᠬᠣᠢ᠌ᠳᠤ ᠵᠠᠬ᠎ᠠ ᠶᠢ ᠭᠦᠪᠠᠭᠡᠳᠡᠨ ᠂ ᠠᠯᠳᠠᠢ ᠨᠢᠷᠤᠭᠤᠨ ᠤ ᠳᠤᠮᠳᠠᠳᠤ ᠮᠤᠩᠭ᠋ᠤᠯ ᠤᠨ ᠭᠢᠯᠢ ᠶᠢᠨ ᠵᠠᠭᠠᠭ ᠪᠣᠯᠤᠭᠰᠠᠨ ᠭᠡᠰᠡᠭ᠌ ᠲᠤ ᠣᠷᠤᠰᠢᠵᠤ ᠪᠣᠢ ᠃ ᠭᠤᠷᠪᠠᠨ ᠨᠠᠭᠤᠷ ᠳᠠᠯᠠᠢ ᠶᠢᠨ ᠳᠤᠢᠪᠰᠢᠨ ᠡᠴᠡ 2638 ᠮᠸᠲ᠋ᠷ ᠣᠢᠠᠳᠤᠷ ᠂ ᠨᠤᠭᠤᠭᠠᠨ ᠨᠠᠭᠤᠷ ᠂ ᠴᠡᠩᠭᠡᠷ ᠨᠠᠭᠤᠷ ᠂ ᠴᠠᠭᠠᠨ ᠨᠠᠭᠤᠷ ᠵᠡᠷᠭᠡ ᠭᠤᠷᠪᠠᠨ ᠥᠡᠳᠦᠷᠯᠢᠭ᠌ ᠤᠨ ᠨᠠᠭᠤᠷ ᠶᠢᠡᠷ ᠪᠦᠷᠢᠯᠳᠤᠨ ᠳᠤᠭᠳᠠᠵᠠᠢ ᠃ ᠡᠨᠡ ᠭᠦ ᠬᠠᠷᠠᠭ᠎ᠠ ᠳᠤᠷᠬᠤ ᠦᠭᠡᠶ ᠠᠭᠤᠵᠢᠭᠤ ᠳᠡᠭ᠍ᠰᠢᠭᠡᠨ ᠭᠠᠵᠠᠷ ᠣᠰᠤ ᠡᠯᠪᠠᠭ᠌ ᠂ ᠣᠷᠭᠤᠮᠠᠯ ᠤᠨ ᠣᠷᠭᠤᠴᠠ ᠰᠠᠢ᠌ᠨ ᠂ ᠠᠭᠤᠯᠠᠨ ᠤ ᠴᠠᠰᠤ ᠬᠠᠢ᠌ᠯᠵᠤ ᠣᠷᠤᠰᠬᠤ ᠳᠠᠭᠠᠨ ᠨᠠᠭᠤᠷ ᠪᠣᠯᠵᠤ ᠲ᠋ᠤᠭᠳᠠᠳᠠᠭ ᠠᠵᠢ ᠃ ᠭᠤᠷᠪᠠᠨ ᠨᠠᠭᠤᠷ ᠤᠨ ᠡᠡᠳᠡ ᠨᠢᠭᠡᠡᠳᠡ ᠶ‍ᠡᠭᠡ ᠪᠠᠭ᠎ᠠ ᠵᠢᠷᠠᠭᠠᠤᠨ ᠣᠩᠭ᠋ᠤᠨ ᠢ ᠢᠯᠡᠷᠡᠭᠦᠯᠵᠡᠢ ᠂ ᠬᠠᠮᠤᠭ ᠳᠤᠮᠤ ᠨᠢ ᠴᠠᠭᠠᠨ ᠨᠠᠭᠤᠷ ᠲᠤ ᠪᠠᠢ᠌ᠬᠤ ᠪᠦᠭᠡᠤᠨ ᠭᠦᠷᠢᠶ‍ᠡᠨ ᠣᠷᠳᠤ ᠨᠢ ᠪᠠᠷᠤᠭ 300 ᠮᠸᠲ᠋ᠷ ᠂ ᠣᠢᠠᠳᠤᠷ ᠨᠢ 14 ᠮᠸᠲ᠋ᠷ ᠂ ᠳ᠋ᠢᠶ‍ᠠᠮᠸᠲ᠋ᠷ ᠨᠢ 61 ᠮᠸᠲ᠋ᠷ ᠂ ᠱᠤᠷᠤᠯᠵᠢᠨ ᠭᠡᠯᠪᠠᠷᠢᠳᠡᠢ ᠃ ᠳᠤᠭᠤᠷᠢᠨ ᠳ᠋ᠤᠨᠢ 1.5 ᠺᠢᠯᠤᠮᠸᠲ᠋ᠷ ᠣᠷᠳᠤ ᠳᠠᠳᠠᠮᠠᠯ ᠭᠤᠤᠯ ᠮᠤᠷᠤᠯᠵᠠᠨ ᠣᠷᠤᠰᠤᠨ᠎ᠠ ᠃ ᠪᠠᠷᠢᠯᠭ᠎ᠠ ᠶᠢ ᠣᠷᠳᠤ ᠥᠷᠭᠡᠨ ᠶᠢᠡᠷ ᠶᠢᠡᠨ 0.2-0.5 ᠮᠸᠲ᠋ᠷ ᠤᠨ ᠬᠠᠪᠳᠠᠭᠠᠢ ᠴᠢᠯᠠᠭᠤ ᠪᠠᠷ ᠣᠢᠷᠤᠵᠤ ᠭᠠᠷᠭᠠᠭᠰᠠᠨ ᠪᠦᠭᠡᠤᠨ ᠳᠡᠮᠳᠡᠭᠯᠡᠯ ᠢ ᠣᠢᠠᠳᠤᠰᠤᠯᠠᠪᠠᠯ ᠂ ᠭᠡᠷᠡᠭᠯᠡᠭ᠍ᠰᠡᠨ ᠴᠢᠯᠠᠭᠤ ᠨᠢ 2 ᠳᠤᠢᠮᠠᠨ ᠺᠦᠢᠪ ᠮᠸᠲ᠋ᠷ ᠢ ᠳᠠᠪᠠᠵᠠᠢ ᠃ ᠡᠳᠡᠭᠡᠷ ᠴᠢᠯᠠᠭᠤ ᠶᠢ 400 ᠮᠸᠲ᠋ᠷ ᠬᠤᠯᠠ ᠪᠠᠢ᠌ᠷᠢᠯᠠᠬᠤ ᠠᠭᠤᠯᠠᠨ ᠡᠴᠡ ᠠᠪᠣᠭᠰᠠᠨ ᠪᠠᠢ᠌ᠵᠠᠢ ᠃ ᠭᠤᠷᠪᠠᠨ ᠨᠠᠭᠤᠷ ᠤᠨ ᠡᠷᠳᠡᠨ ᠤ ᠣᠩᠭ᠋ᠤᠨ ᠪᠠ ᠴᠢᠯᠠᠭᠤᠨ ᠣᠪᠣᠭᠠᠨ ᠤ ᠳᠤᠬᠠᠢ ᠡᠷᠳᠡᠮᠳᠡᠳ ᠨᠠᠷᠠᠨ ᠰᠠᠭᠢᠭᠤᠯᠰᠤᠨ ᠤ ᠳᠠᠢ᠌ᠯᠭ᠎ᠠ ᠶᠢᠨ ᠭᠠᠵᠠᠷ ᠭᠡᠭᠦ ᠪᠣᠶ‍ᠤ ᠮᠤᠩᠭ᠋ᠤᠯ ᠬᠠᠭᠠᠨ ᠤ ᠪᠣᠩᠬᠤᠨ ᠂ ᠡᠰᠡᠭᠦᠯ᠎ᠡ ᠰᠠᠺᠠᠴᠤᠳ ᠤᠨ ᠡᠵᠡᠡᠳᠡᠨ ᠭᠠᠭᠴᠠ ᠨᠢᠳᠤᠳᠤ ᠭᠦᠮᠤᠨ ᠤ ᠪᠣᠩᠬᠤᠨ ᠭᠡᠭᠦ ᠮᠠᠳᠤ ᠠᠳᠠᠯᠢ ᠪᠣᠰᠤ ᠪᠠᠷ ᠣᠢᠵᠠᠵᠤ ᠪᠣᠢ ᠃ ᠨᠤᠳᠤᠭ ᠤᠨ ᠭᠦᠮᠦᠰ ᠡᠡᠳᠡᠭᠢ ᠶᠢ ᠮᠤᠩᠭ᠋ᠤᠯ ᠬᠠᠭᠠᠠᠳᠤ ᠳᠤᠢᠷᠤ ᠶᠢᠨ ᠭᠤᠷᠪᠠᠳᠤᠭᠠᠷ ᠬᠠᠭᠠᠨ ᠭᠦᠶ‍ᠦᠭ᠌ ᠬᠠᠭᠠᠨ ᠤ ᠪᠣᠩᠬᠤᠨ ᠭᠡᠵᠤ ᠬᠠᠭᠤᠴᠢᠯᠠᠳᠠᠭ ᠃ ︽ ᠶ‍ᠤᠸᠠᠨ ᠤ ᠰᠤᠳᠤᠷ ︾ ᠲᠤ ᠳᠡᠮᠳᠡᠭᠯᠡᠭ᠍ᠰᠡᠨ ᠶᠢᠡᠷ ᠂ ᠭᠤᠷᠪᠠᠨ ᠨᠠᠭᠤᠷ ᠤᠨ ᠵᠡᠭᠦᠨ ᠬᠣᠢ᠌ᠳᠠᠢ 3.5 ᠺᠢᠯᠤᠮᠸᠲ᠋ᠷ ᠤᠨ ᠵᠠᠢ᠌ᠳᠠᠢ ᠪᠠᠢ᠌ᠭ᠎ᠠ ᠬᠠᠰ ᠳᠠᠪᠠᠭᠠᠨ ᠪᠣᠯ ᠶ‍ᠤᠸᠠᠨ ᠤ ᠣᠢᠶ᠎ᠠ ᠶᠢᠨ ᠣᠯᠠᠭ᠎ᠠ ᠰᠤᠯᠢᠳᠠᠭ ᠥᠷᠳᠡᠭᠡ ᠪᠠᠢ᠌ᠵᠠᠢ ᠂ ᠴᠢᠩᠭᠢᠰ ᠬᠠᠭᠠᠨ ᠂ ᠥᠭᠡᠳᠡᠢ ᠬᠠᠭᠠᠨ ᠂ ᠭᠦᠶ‍ᠦᠭ᠌ ᠬᠠᠭᠠᠨ ᠭᠤᠷᠪᠠᠨ ᠣᠢᠶ᠎ᠠ ᠶᠢᠨ ᠭᠢᠨ ᠪᠦᠷ ᠡᠨᠡᠭᠦᠷ ᠴᠡᠷᠢᠭ᠌ ᠳᠠᠢ᠌ᠴᠢᠯᠠᠵᠤ ᠥᠩᠭᠡᠷᠡᠭ᠍ᠰᠡᠨ ᠪᠦᠭᠡᠤᠨ ᠭᠦᠶ‍ᠦᠭ᠌ ᠬᠠᠭᠠᠨ ᠭᠤᠷᠪᠠᠨ ᠨᠠᠭᠤᠷ ᠤᠨ ᠣᠷᠴᠢᠮ ᠳᠡᠭ᠍ᠷᠢ ᠳᠤ ᠬᠠᠯᠢᠭᠰᠠᠨ᠎ᠠ ᠮᠤᠢᠨ ᠡᠡᠳᠡ ᠣᠷᠤᠰᠢᠭᠤᠯᠤᠭᠰᠠᠨ ᠭᠡᠳᠡᠭ᠌ ᠃

ᠣᠩᠭ᠋ᠤᠳ ᠤᠨ ᠳᠤᠮᠳᠠᠭᠢ ᠪᠣᠭᠤᠨ ᠴᠢᠯᠠᠭᠤ ᠨᠢ ᠴᠤ ᠭᠦᠮᠦᠰ ᠤᠨ ᠠᠩᠬᠠᠷᠤᠯ ᠢ ᠶ‍ᠡᠭᠡ ᠳᠠᠳᠠᠵᠤ ᠪᠠᠢ᠌ᠳᠠᠭ ᠃ ᠰᠢᠠᠵᠢᠯᠠᠯᠳᠠ ᠶᠢ ᠣᠢᠠᠳᠤᠰᠤᠯᠠᠪᠠᠯ ᠂ ᠪᠣᠭᠤᠨ ᠴᠢᠯᠠᠭᠤ 3000-4000 ᠵᠢᠯ ᠤᠨ ᠳᠡᠦᠭᠡ ᠲᠡᠶ ᠃ ᠳᠠᠷᠠ ᠨᠢ ᠶ‍ᠠᠷᠢᠶ‍ᠠᠨ ᠦᠭᠡᠶ ᠪᠣᠭᠤ ᠰᠡᠢ᠌ᠯᠦᠭ᠍ᠰᠡᠨ ᠴᠢᠯᠠᠭᠤᠳ ᠪᠣᠯᠤᠨ᠎ᠠ ᠃ ᠭᠡᠭᠦ ᠳᠡᠭᠡᠨ ᠡᠨᠡ ᠨᠢ ᠵᠥᠪᠭᠡᠨ ᠳᠣᠢ᠌ᠮᠤ ᠳᠠᠭᠤᠳᠠᠯᠭ᠎ᠠ ᠳᠠᠳᠤᠢ ᠂ ᠮᠠᠰᠢ ᠣᠯᠠᠨ ᠴᠢᠯᠠᠭᠤᠨ ᠭᠦᠰᠢᠶ᠎ᠡ ᠶᠢᠨ ᠳᠡᠭᠡᠷ᠎ᠡ ᠨᠢ ᠪᠣᠭᠤᠨ ᠡᠷᠢᠶ᠎ᠡ ᠦᠭᠡᠶ ᠃ ᠪᠣᠭᠤᠨ ᠴᠢᠯᠠᠭᠤ ᠡᠸᠥᠷᠦᠫᠡ ᠠᠽᠢᠶ᠎ᠠ ᠶᠢᠨ ᠠᠭᠤᠳᠠᠮ ᠳᠠᠯ᠎ᠠ ᠳᠤ ᠨᠠᠢ᠌ᠳᠠᠮ ᠪᠠᠢ᠌ᠨ᠎ᠠ ᠂ ᠣᠳᠤ ᠳᠤ ᠂ ᠪᠣᠭᠤᠨ ᠴᠢᠯᠠᠭᠤ ᠭᠡᠭ᠍ᠳᠡᠵᠤ ᠪᠣᠯᠤᠮᠠᠷ ᠭᠦᠰᠢᠶ᠎ᠡ ᠭᠡᠯᠪᠠᠷᠢᠳᠡᠢ ᠴᠢᠯᠠᠭᠤ ᠳᠡᠯᠡᠭᠡᠢ ᠶᠢᠨ ᠭᠡᠪᠴᠢᠶ‍ᠡᠨ ᠳᠤ 600 ᠭᠠᠵᠠᠷ ᠡᠴᠡ ᠣᠯᠳᠠᠵᠤ ᠪᠠᠢ᠌ᠳᠠᠭ ᠃ ᠰᠢᠠᠵᠢᠶ‍ᠠᠩ ᠡᠴᠡ ᠪᠣᠭᠤᠨ ᠴᠢᠯᠠᠭᠤᠨ ᠭᠦᠰᠢᠶ᠎ᠡ 53 ᠣᠯᠳᠠᠭᠰᠠᠨ ᠪᠦᠭᠡᠤᠨ ᠳᠡᠭᠦᠨ ᠤ 18 ᠨᠢ ᠭᠤᠷᠪᠠᠨ ᠨᠠᠭᠤᠷ ᠡᠴᠡ ᠣᠯᠳᠠᠵᠠᠢ ᠃

2002 ᠣᠨ ᠤ 7 ᠰᠠᠷ᠎ᠠ ᠳᠤ ᠂ ᠰᠢᠠᠵᠢᠶ‍ᠠᠩ ᠤᠨ ᠬᠠᠭᠤᠴᠢ ᠰᠤᠳᠤᠯᠭᠠᠨ ᠤ ᠭᠠᠵᠠᠷ ᠭᠢᠭᠡᠤᠨ ᠴᠡᠩᠭᠡᠷ ᠰᠢᠶ‍ᠠᠨ ᠤ ᠵᠢᠭᠤᠯᠴᠢᠯᠠᠯ ᠤᠨ ᠳᠤᠪᠴᠢᠶ‍ᠠᠨ ᠤ ᠭᠢᠨ ᠬᠠᠮᠳᠤ ᠪᠠᠷ ᠭᠤᠷᠪᠠᠨ ᠨᠠᠭᠤᠷ ᠲᠤ ᠪᠠᠢ᠌ᠴᠠᠭᠠᠯᠳᠠ ᠭᠢᠭᠡᠤᠨ ᠪᠠᠰᠠ 14 ᠪᠣᠭᠤᠨ ᠴᠢᠯᠠᠭᠤᠨ ᠭᠦᠰᠢᠶ᠎ᠡ ᠶᠢ ᠣᠯᠤᠭᠰᠠᠨ ᠶᠢᠡᠷ ᠡᠡᠳᠡ ᠡᠴᠡ ᠢᠯᠡᠷᠡᠭᠦᠯᠦᠭ᠍ᠰᠡᠨ ᠪᠣᠭᠤᠨ ᠴᠢᠯᠠᠭᠤᠨ ᠭᠦᠰᠢᠶ᠎ᠡ 33 ᠪᠣᠯᠪᠠ ᠃ ᠪᠣᠭᠤᠨ ᠴᠢᠯᠠᠭᠤᠨ ᠤ ᠳᠤᠬᠠᠢ ᠭᠦᠮᠦᠰ ᠳᠤᠲ᠋ᠸᠮ ᠤᠨ ᠪᠠᠭᠠᠨ᠎ᠠ ᠶ‍ᠤᠮ ᠦᠦ ᠳᠠᠢ᠌ᠯᠭ᠎ᠠ ᠶᠢᠨ ᠪᠠᠭᠠᠨ᠎ᠠ ᠶ‍ᠤᠮ ᠦᠦ ᠂ ᠡᠰᠡᠭᠦᠯ᠎ᠡ ᠣᠶ‍ᠠᠭ᠎ᠠ ᠶ‍ᠤᠮ ᠦᠦ ᠭᠡᠭᠦ ᠮᠠᠳᠤ ᠪᠠᠷ ᠳᠠᠢ᠌ᠯᠪᠣᠷᠢᠯᠠᠵᠤ ᠪᠠᠢ᠌ᠬᠤ ᠪᠦᠭᠡᠤᠨ ᠵᠠᠷᠢᠮᠤᠳ ᠨᠢ ᠳᠡᠯᠡᠭᠡᠢ ᠶᠢᠨ ᠠᠭᠤᠯᠠ ᠂ ᠳᠡᠯᠡᠭᠡᠢ ᠶᠢᠨ ᠮᠤᠳᠤ ᠂ ᠪᠠᠰᠠ ᠵᠠᠷᠢᠮᠤᠳ ᠨᠢ ᠶ‍ᠠᠭᠤ ᠨᠢ ᠣᠢᠯᠤ ᠮᠡᠳᠡᠭ᠍ᠳᠡᠭᠦ ᠨᠢᠰᠦᠭ᠍ᠴᠢ ᠶ‍ᠠᠭᠤᠮᠠᠨ ᠤ ᠠᠮᠢᠳᠠᠨ ᠢ ᠭᠢᠳᠤᠭᠰᠠᠨ ᠪᠠᠢ᠌ᠳᠠᠯ ᠢ ᠢᠯᠡᠷᠭᠡᠢ᠌ᠯᠡᠭ᠍ᠰᠡᠨ ᠴᠢᠯᠠᠭᠤᠳ ᠭᠡᠵᠤ ᠣᠢᠵᠠᠵᠤ ᠪᠣᠢ ᠃ ᠭᠤᠷᠪᠠᠨ ᠨᠠᠭᠤᠷ ᠤᠨ ᠪᠣᠭᠤᠨ ᠴᠢᠯᠠᠭᠤᠨ ᠳᠤ ᠪᠣᠭᠤ ᠂ ᠪᠦᠳᠦᠡᠭ᠌ ᠂ ᠮᠤᠷᠢ ᠂ ᠬᠤᠨᠢ ᠢᠮᠠᠭ᠎ᠠ ᠂ ᠨᠤᠮᠤ ᠰᠤᠮᠤ ᠂ ᠨᠠᠷᠠ ᠂ ᠳᠠᠰᠢᠭᠤ ᠵᠢᠷᠤᠭᠠᠰᠤ ᠂ ᠴᠠᠭᠠᠷᠢᠭ ᠂ ᠴᠡᠷᠢᠭ᠌ ᠤᠨ ᠵᠡᠪᠰᠡᠭ᠌ ᠤᠨ ᠡᠷᠢᠶ᠎ᠡ ᠳᠤᠢᠷᠰᠤ ᠪᠠᠢ᠌ᠬᠤ ᠪᠦᠭᠡᠤᠨ ᠡᠳᠡᠭᠡᠷ ᠨᠢ ᠶ‍ᠠᠭᠤ ᠶᠢ ᠢᠯᠡᠷᠭᠡᠢ᠌ᠯᠡᠵᠤ ᠪᠠᠢ᠌ᠭ᠎ᠠ ᠨᠢ ᠡᠳᠦᠢ ᠪᠣᠯᠳᠠᠯ᠎ᠠ ᠳᠤᠳᠤᠷᠬᠠᠢ᠌ᠯᠠᠭᠳᠠᠭ᠎ᠠ ᠦᠭᠡᠶ ᠃ ᠡᠡᠳᠡᠭᠢ ᠨᠢ 2001 ᠤ 7 ᠰᠠᠷ᠎ᠠ ᠳᠤ ᠳᠤᠢᠷᠤ ᠶᠢᠨ ᠶ‍ᠠᠪᠣᠳᠠᠯ ᠤᠨ ᠬᠤᠷᠢᠶ‍ᠠᠨ ᠤ ᠳᠠᠪᠣᠳᠤᠭᠠᠷ ᠣᠳᠠᠭ᠎ᠠ ᠨᠡᠢ᠌ᠳᠡᠯᠡᠭ᠍ᠰᠡᠨ ᠭᠤᠤᠯᠳᠠᠯᠠᠭ᠎ᠠ ᠲᠡᠶ ᠰᠤᠶ‍ᠤᠯ ᠤᠨ ᠬᠠᠮᠠᠭᠠᠯᠠᠯᠳᠠ ᠲᠡᠶ ᠣᠷᠤᠨ ᠪᠣᠯᠵᠠᠢ ᠃ ( ᠰᠡᠷᠭᠦᠯᠡᠩ ᠨᠠᠢ᠌ᠷᠠᠭᠤᠯᠤᠨ ᠣᠷᠴᠢᠭᠤᠯᠪᠠ )

ᠴᠡᠩᠭᠡᠷ ᠨᠠᠭᠤᠷ ᠨᠢ ᠣᠰᠤᠨ ᠤ ᠰᠢᠪᠠᠭᠤᠳ ᠤᠨ ᠣᠢᠷᠠᠵᠢᠨ ᠠᠮᠢᠳᠤᠷᠠᠬᠤ ᠵᠢᠷᠭᠠᠯ ᠤᠨ ᠣᠷᠤᠨ

ᠴᠠᠭᠠᠨ ᠨᠠᠭᠤᠷ ᠨᠠᠮᠤᠷ ᠲᠠᠭᠠᠨ ᠳᠠᠳᠠᠷᠠᠨ᠎ᠠ

ᠬᠤᠯᠪᠣᠭ᠎ᠠ ᠭᠤᠷᠪᠠᠨ ᠨᠠᠭᠤᠷ

ᠨᠡᠭᠦᠳᠡᠯᠯᠡᠵᠤ ᠪᠠᠢ᠌ᠭ᠎ᠠ ᠬᠠᠰᠠᠭ ᠮᠠᠯᠴᠢᠨ᠍᠍

ᠵᠤᠬᠢᠶᠠᠭᠴᠢ᠄ ᠴᠧᠨ ᠯᠢᠩ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 410
ᠴᠠᠭ᠄ 2015 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁