ᠮᠤᠷᠢᠨᠳᠠᠪᠠᠭ᠎ᠠ ᠬᠤᠰᠢᠭᠤᠨ ᠦ《ᠤᠰᠤ》

ᠶᠡᠬᠡ ᠬᠢᠩᠭ᠋ᠠᠨ ᠲᠠᠪᠠᠭᠠᠨ ᠦ ᠨᠤᠨ ᠮᠦᠷᠡᠨ ᠪᠤᠯ  ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠮᠤᠷᠢᠨᠳᠠᠪᠠᠭ᠎ᠠ ᠵᠢᠨ ᠲᠠᠭᠤᠷ ᠦᠨᠳᠦᠰᠦᠲᠡᠨ ᠦ ᠦᠪᠡᠷᠲᠡᠭᠡᠨ ᠵᠠᠰᠠᠬᠤ ᠬᠤᠰᠢᠭᠤ ᠬᠦᠷᠳᠡᠯ᠎ᠠ ᠤᠷᠤᠰᠳᠠᠭ ᠪᠢᠯᠡ᠂ᠬᠡᠳᠦᠨ ᠮᠢᠩᠭ᠋ᠠᠨ ᠵᠢᠯ ᠦᠨ ᠲᠤᠷᠰᠢ ᠨᠤᠨ ᠮᠦᠷᠡᠨ ᠪᠠ ᠪᠤᠰᠤᠳ ᠭᠤᠤᠯ ᠮᠦᠷᠡᠨ ᠡᠨᠡ ᠬᠦ ᠬᠡᠰᠡᠭ ᠭᠠᠵᠠᠷ ᠨᠤᠲᠤᠭ ᠢ ᠢᠪᠢᠯᠤᠨ ᠤᠮᠳᠠᠯᠠᠭᠰᠠᠭᠠᠷ ᠢᠷᠡᠭᠰᠡᠨ ᠲᠤᠯᠠ ᠮᠤᠷᠢᠨᠳᠠᠪᠠᠭ᠎ᠠ ᠬᠤᠰᠢᠭᠤ ᠨᠢ ᠦᠪᠦᠷ ᠮᠤᠩᠭ᠋ᠤᠯ ᠳᠦ ᠤᠰᠤᠨ ᠡᠬᠢ ᠪᠠᠶᠠᠯᠢᠭ ᠵᠢᠡᠷ ᠬᠠᠮᠤᠭ ᠦᠨ ᠪᠠᠶᠠᠯᠢᠭ ᠭᠠᠵᠠᠷ ᠨᠤᠲᠤᠭ ᠦᠨ ᠨᠢᠬᠡ ᠪᠤᠯᠤᠭᠰᠠᠨ ᠪᠠᠢᠢᠨ᠎ᠠ᠃

ᠮᠤᠷᠢᠨᠳᠠᠪᠠᠭ᠎ᠠ ᠬᠤᠰᠢᠭᠤᠨ ᠦ《ᠤᠰᠤ》 ᠵᠢ ᠬᠡᠯᠡᠬᠦ ᠲᠠᠢ ᠵᠡᠷᠬᠡ ᠡᠩ ᠲᠡᠷᠢᠭᠦᠨ ᠳᠦ ᠨᠢᠷᠬᠢ ᠤᠰᠤᠨ ᠠᠰᠢᠭᠯᠠᠯᠲᠠ ᠵᠢᠨ ᠲᠦᠪ ᠢ ᠲᠤᠷᠠᠳᠤᠭᠤᠰᠢᠲᠠᠢ ᠪᠠᠢᠢᠨ᠎ᠠ᠃ ᠲᠤᠰ ᠪᠠᠷᠢᠯᠭ᠎ᠠ ᠵᠢ2001 ᠤᠨ ᠡᠴᠡ ᠡᠬᠢᠯᠡᠬᠦᠯᠵᠦ᠂2006 ᠤᠨ ᠳᠦ ᠪᠠᠢᠢᠭᠤᠯᠵᠦ ᠲᠠᠭᠤᠰᠬᠠᠪᠠ᠃ᠨᠢᠷᠬᠢ ᠤᠰᠤᠨ ᠠᠰᠢᠭᠯᠠᠯᠲᠠ ᠵᠢᠨ ᠲᠦᠪ ᠪᠤᠯ ᠤᠯᠤᠰ ᠦᠨ ᠠᠷᠪᠠᠳᠤᠭᠠᠷ ᠲᠠᠪᠤᠨ ᠵᠢᠯ ᠦᠨ ᠲᠦᠯᠦᠪᠵᠢᠬᠦᠯᠬᠡ ᠪᠡᠷ ᠵᠦᠪᠰᠢᠶᠡᠷᠡᠭᠦᠯᠦᠨ ᠪᠠᠢᠢᠭᠤᠯᠤᠭᠰᠠᠨ ᠲᠤᠮᠤ ᠬᠡᠯᠪᠡᠷᠢ ᠵᠢᠨ ᠤᠰᠤᠨ ᠠᠰᠢᠭᠯᠠᠯᠲᠠ ᠵᠢᠨ ᠪᠠᠷᠢᠯᠭ᠎ᠠ ᠵᠢᠨ ᠵᠦᠢᠯᠡᠰ ᠪᠦᠬᠡᠳ ᠪᠠᠰᠠ ᠴᠦ ᠤᠯᠤᠰ ᠡᠴᠡ ᠪᠠᠷᠠᠭᠤᠨ ᠬᠡᠰᠡᠭ ᠦᠨ ᠭᠠᠵᠠᠷ ᠤᠷᠤᠨ ᠢ ᠶᠡᠬᠡ ᠪᠡᠷ ᠨᠡᠭᠡᠭᠡᠨ ᠬᠦᠭᠵᠢᠬᠦᠯᠬᠦ ᠪᠠᠢᠢᠯᠳᠤᠬᠤ ᠪᠤᠳᠤᠯᠭ᠎ᠠ ᠵᠢᠨ ᠪᠡᠯᠬᠡ ᠲᠡᠮᠳᠡᠭ ᠦᠨ ᠴᠢᠨᠠᠷᠲᠠᠢ ᠪᠠᠷᠢᠯᠭ᠎ᠠ ᠵᠢᠨ  ᠵᠦᠢᠯᠡᠰ ᠦᠨ ᠨᠢᠬᠡ ᠮᠦᠨ᠂ᠲᠡᠭᠦᠨ ᠳᠦ ᠦᠶᠡᠷ ᠢ ᠰᠡᠷᠬᠡᠢᠢᠯᠡᠬᠦ᠂ᠤᠰᠤ ᠬᠠᠩᠭ᠋ᠠᠬᠤ᠂ᠴᠠᠬᠢᠯᠭᠠᠨ ᠭᠠᠷᠭᠠᠬᠤ᠂ᠤᠰᠤᠨ ᠲᠡᠭᠡᠭᠡᠪᠦᠷᠢ ᠡᠷᠬᠢᠯᠡᠬᠦ᠂ ᠤᠷᠴᠢᠨ ᠠᠬᠤᠢ ᠵᠢ ᠬᠠᠮᠠᠭᠠᠯᠠᠬᠤ᠂ᠵᠢᠭᠠᠰᠤ ᠬᠤᠯᠤᠰᠤ ᠲᠡᠵᠢᠬᠡᠨ ᠪᠤᠢᠢᠵᠢᠭᠤᠯᠬᠤ ᠵᠡᠷᠬᠡ ᠶᠡᠷᠦᠩᠬᠡᠢᠯᠡᠭᠰᠡᠨ ᠴᠢᠳᠠᠮᠵᠢ ᠲᠠᠢ ᠪᠠᠢᠢᠳᠠᠭ᠃2007 ᠤᠨ ᠳᠦ ᠨᠢᠷᠬᠢ ᠵᠢᠨ ᠤᠰᠤᠨ ᠠᠰᠢᠭᠯᠠᠯᠲᠠ ᠵᠢᠨ ᠲᠦᠪ ᠪᠠᠷᠢᠯᠭ᠎ᠠ ᠵᠢᠨ ᠤᠰᠤ ᠬᠠᠳᠠᠭᠠᠯᠠᠵᠦ ᠴᠠᠬᠢᠯᠭᠠᠨ  ᠭᠠᠷᠭᠠᠭᠰᠠᠨ ᠶᠠᠪᠤᠳᠠᠯ ᠨᠢ ᠮᠤᠷᠢᠨᠳᠠᠪᠠᠭ᠎ᠠ ᠬᠤᠰᠢᠭᠤ ᠵᠢᠨ ᠠᠵᠦ ᠠᠬᠤᠢ ᠵᠢᠨ ᠬᠦᠭᠵᠢᠯᠲᠡ  ᠳᠦ ᠤᠷᠢᠳ ᠭᠠᠷᠤᠭ᠎ᠠ ᠦᠭᠡᠢ ᠠᠵᠠ ᠵᠠᠪᠰᠢᠶᠠᠨ ᠢ ᠤᠯᠭᠤᠭᠰᠠᠨ ᠪᠠᠢᠢᠨ᠎ᠠ᠂ᠤᠰᠤᠨ ᠴᠦᠬᠦᠷᠤᠮ ᠢ ᠪᠠᠢᠢᠭᠤᠯᠵᠦ ᠲᠠᠭᠤᠰᠤᠭᠰᠠᠨ ᠦ ᠲᠠᠷᠠᠭ᠎ᠠ ᠲᠤᠬᠠᠢ ᠵᠢᠨ ᠭᠠᠵᠠᠷ ᠦᠨ ᠵᠢᠭᠤᠯᠴᠢᠯᠠᠯ᠂ᠵᠢᠭᠠᠰᠤᠨ ᠠᠵᠦ ᠠᠬᠤᠢ ᠪᠠ ᠲᠠᠷᠢᠶᠠᠯᠠᠩ ᠦᠨ ᠤᠰᠤᠯᠤᠯᠲᠠ ᠳᠦ ᠬᠦᠭᠵᠢᠯᠲᠡ ᠵᠢᠨ ᠲᠤᠬᠢᠶᠠᠯ ᠤᠯᠭᠤᠪᠠ᠃

ᠨᠢᠷᠬᠢ ᠤᠰᠤᠨ ᠠᠰᠢᠭᠯᠠᠯᠲᠠ ᠵᠢᠨ  ᠲᠦᠪ ᠪᠠᠷᠢᠯᠭ᠎ᠠ ᠨᠢ ᠤᠰᠤ ᠬᠠᠳᠠᠭᠠᠯᠠᠭᠰᠠᠨ ᠦ ᠲᠠᠷᠠᠭ᠎ᠠ ᠦᠩᠬᠡ ᠦᠵᠡᠮᠵᠢ ᠪᠡᠷ ᠭᠤᠢᠢᠳᠠ ᠰᠠᠢᠢᠬᠠᠨ ᠨᠢᠷᠬᠢ ᠵᠢᠨ ᠨᠠᠭᠤᠷ ᠦᠨ ᠦᠵᠡᠮᠵᠢ ᠵᠢ ᠪᠤᠢ ᠪᠤᠯᠭᠠᠪᠠ᠃ᠨᠠᠭᠤᠷ ᠦᠨ ᠲᠡᠷᠭᠡᠳᠡ ᠪᠠᠢᠢᠭᠤᠯᠤᠭᠰᠠᠨ《ᠲᠤᠮᠳᠠᠳᠦ ᠤᠯᠤᠰ ᠦᠨ ᠲᠠᠭᠤᠷ ᠦᠨᠳᠦᠰᠦᠲᠡᠨ ᠦ ᠬᠦᠷᠢᠶᠡᠯᠡᠩ》ᠨᠢ2008 ᠤᠨ ᠦ 8 ᠰᠠᠷ᠎ᠠ ᠳᠦ ᠵᠤᠴᠢᠨ ᠤᠭᠳᠤᠵᠠᠢ᠂ᠲᠤᠰ ᠬᠦᠷᠢᠶᠡᠯᠡᠩ ᠪᠤᠯ ᠲᠠᠭᠤᠷ ᠦᠨᠳᠦᠰᠦᠲᠡᠨ ᠦ ᠲᠡᠥᠬᠡ ᠰᠤᠶᠤᠯ᠂ᠵᠠᠩ ᠠᠷᠠᠨᠰᠢᠨ ᠵᠡᠷᠭᠡ ᠨᠢ ᠨᠢᠬᠡᠨ  ᠴᠤᠭᠴᠠᠵᠢᠭᠤᠯᠤᠨ ᠲᠦᠪᠯᠡᠷᠡᠩᠭᠦᠢ ᠢᠯᠡᠷᠡᠭᠦᠯᠦᠭᠰᠡᠨ ᠲᠤᠮᠳᠠᠳᠦ ᠤᠯᠤᠰ ᠦᠨ《ᠤᠮᠠᠷᠠᠲᠦ ᠵᠢᠨ ᠨᠡᠷᠡᠲᠦ ᠬᠦᠷᠢᠶᠡᠯᠡᠩ》ᠮᠦᠨ᠂ᠪᠠᠰᠠ ᠴᠦ ᠮᠤᠷᠢᠨᠳᠠᠪᠠᠭ᠎ᠠ ᠬᠤᠰᠢᠭᠤᠨ ᠦ ᠬᠠᠮᠤᠭ ᠦᠨ ᠲᠦᠯᠦᠬᠡᠯᠡᠬᠦ ᠴᠢᠨᠠᠷᠲᠠᠢ ᠵᠢᠭᠤᠯᠴᠢᠯᠠᠯ ᠦᠨ ᠦᠵᠡᠮᠵᠢᠲᠦ ᠤᠷᠤᠨ ᠮᠦᠨ᠃

ᠲᠠᠭᠤᠷ ᠪᠦᠰᠡᠬᠦᠢ ᠸᠸᠨ ᠵᠢᠶᠤᠤ ᠬᠤᠩ ᠪᠤᠯ  ᠳᠤᠢᠩ ᠪᠦᠸᠸ ᠷᠦᠩ ᠭᠠᠴᠠᠭᠠᠨ ᠦ ᠬᠦᠮᠦᠨ ᠶᠤᠮ᠂ᠲᠡᠷᠡ ᠡᠨᠳᠡ ᠤᠤᠯ ᠨᠢ ᠤᠰᠤᠨ ᠲᠤᠳᠤᠷᠭ᠎ᠠ ᠲᠠᠷᠢᠵᠦ ᠦᠩᠭᠡᠷᠡᠭᠰᠡᠨ ᠦᠭᠡᠢ᠃ᠤᠳᠤ ᠤᠰᠤᠨ ᠲᠤᠳᠤᠷᠭ᠎ᠠ ᠵᠢᠨ ᠤᠷᠤᠯᠭ᠎ᠠ ᠨᠢ ᠰᠢᠷ᠎ᠠ ᠪᠤᠷᠴᠠᠭ᠂ᠡᠷᠳᠡᠨᠢ ᠰᠢᠰᠢ ᠂ᠪᠤᠭᠤᠳᠠᠢ ᠵᠢᠨ ᠤᠷᠤᠯᠭ᠎ᠠ ᠡᠴᠡ ᠦᠨᠳᠦᠷ ᠰᠢᠭ ᠪᠤᠯᠬᠤᠷ ᠲᠡᠷᠡ ᠤᠰᠤᠨ ᠲᠤᠳᠤᠷᠭ᠎ᠠ ᠵᠢ ᠲᠠᠷᠢᠬᠤ ᠮᠡᠷᠭᠡᠵᠢᠯ ᠢ ᠡᠵᠡᠮᠰᠢᠭᠰᠡᠨ ᠪᠠᠢᠢᠨ᠎ᠠ᠃ᠲᠡᠳᠡᠨ ᠦ ᠤᠰᠤᠨ ᠲᠤᠳᠤᠷᠭ᠎ᠠ ᠵᠢᠨ ᠲᠠᠷᠢᠶ᠎ᠠ ᠨᠢ ᠴᠦᠬᠡᠨ ᠪᠠᠢᠢᠳᠠᠭ ᠤᠴᠢᠷ ᠡᠴᠡ ᠪᠠᠰᠠ50ᠮᠦ ᠤᠰᠤᠨ ᠲᠤᠳᠤᠷᠭ᠎᠎ᠠ ᠵᠢᠨ ᠲᠠᠷᠢᠶ᠎ᠠ ᠲᠦᠷᠢᠶᠡᠰᠦᠯᠡᠵᠦ ᠬᠡᠳᠦᠨ ᠰᠠᠷ᠎ᠠ ᠵᠢᠨ ᠬᠤᠭᠤᠴᠠᠭᠠᠨ ᠳᠦ1.6 ᠲᠦᠮᠡᠨ ᠲᠦᠭᠦᠷᠢᠭ᠌ ᠤᠷᠴᠢᠮ ᠦᠨ ᠤᠷᠤᠯᠭ᠎ᠠ ᠤᠯᠵᠠᠢ᠃

ᠨᠢᠷᠬᠢ ᠪᠠᠯᠭᠠᠰᠤᠨ ᠦ ᠰᠢᠯᠡᠵᠢᠨ ᠭᠠᠴᠠᠭᠠᠨ ᠦ ᠴᠸᠨ ᠹᠦ᠋ ᠪᠤᠯ ᠮᠤᠷᠢᠨᠳᠠᠪᠠᠭ᠎ᠠ ᠬᠤᠰᠢᠭᠤᠨ ᠦ ᠤᠰᠤᠨ ᠲᠤᠳᠤᠷᠭ᠎ᠠ ᠵᠢᠨ ᠠᠵᠢᠯ ᠨᠢᠬᠡᠲᠡᠨ ᠦ ᠲᠤᠳᠤᠷᠠᠬᠢ ᠨᠡᠷᠡᠲᠦ ᠬᠦᠮᠦᠨ ᠮᠦᠨ᠂2008ᠤᠨ ᠳᠦ ᠲᠡᠷᠡᠪᠡᠷ ᠹᠦ᠋ ᠹᠠᠩ ᠤᠰᠤᠨ ᠲᠤᠳᠤᠷᠭ᠎ᠠ ᠲᠠᠷᠢᠵᠦ ᠤᠢᠢᠵᠢᠭᠤᠯᠬᠤ ᠲᠠᠷᠢᠶᠠᠴᠢᠳ ᠦᠨ ᠲᠤᠰᠬᠠᠢ ᠬᠤᠷᠰᠢᠶᠠᠯᠠᠯ ᠢ ᠲᠠᠩᠰᠠᠯᠠᠭᠤᠯᠤᠨ ᠪᠠᠢᠢᠭᠤᠯᠵᠦ ᠬᠡᠷᠡᠭ ᠮᠡᠳᠡᠭᠴᠢ ᠪᠤᠯᠵᠠᠢ᠃ᠬᠡᠳᠦᠨ ᠵᠢᠯ ᠦᠨ ᠲᠤᠷᠰᠢ᠂ᠲᠡᠷᠡ ᠨᠢᠭᠡ ᠲᠠᠯ᠎ᠠ ᠪᠡᠷ ᠦᠢᠯᠡᠳᠪᠦᠷᠢᠯᠡᠯ ᠪᠤᠷᠤᠯᠠᠭᠤᠯᠲᠠ ᠵᠢ ᠠᠳᠬᠤᠵᠦ᠂ᠨᠦᠬᠦᠭᠡ ᠲᠠᠯ᠎ᠠ ᠪᠡᠷ ᠤᠰᠤᠨ ᠲᠤᠳᠤᠷᠭ᠎ᠠ ᠵᠢᠨ ᠰᠠᠭᠤᠷᠢᠨ ᠭᠠᠵᠠᠷ ᠦᠨ ᠪᠦᠳᠦᠬᠡᠨ ᠪᠠᠢᠢᠭᠤᠯᠤᠯᠲᠠ ᠵᠢ ᠠᠳᠬᠤᠵᠦ᠂ᠬᠤᠷᠰᠢᠶᠠᠯᠠᠯ ᠨᠢ ᠪᠤᠬᠢᠷᠳᠠᠯ ᠦᠭᠡᠢ ᠨᠡᠷᠡᠲᠦ ᠲᠡᠮᠳᠡᠭ ᠢ ᠡᠭᠦᠳᠬᠦ᠂ᠠᠵᠦ ᠠᠬᠤᠢᠢᠯᠠᠯ ᠦᠨ ᠬᠡᠪᠴᠢᠶ᠎ᠠ ᠪᠠᠨ ᠪᠤᠵᠠᠭᠠᠢᠢᠷᠠᠭᠤᠯᠵᠦ᠂ᠲᠠᠷᠢᠶᠠᠴᠢᠳ ᠦᠨ ᠤᠷᠤᠯᠭ᠎᠎ᠠ ᠵᠢ ᠨᠡᠮᠡᠭᠳᠡᠬᠦᠯᠬᠦ ᠳᠦ ᠴᠢᠬᠤᠯᠠ ᠦᠢᠯᠡᠳᠦᠯ ᠦᠵᠡᠭᠦᠯᠪᠡ᠃ᠤᠳᠤ ᠹᠦ᠋ ᠹᠠᠩ ᠤᠰᠤᠨ ᠲᠤᠳᠤᠷᠭ᠎ᠠ ᠲᠠᠷᠢᠵᠦ ᠤᠢᠢᠵᠢᠭᠤᠯᠬᠤ ᠲᠠᠷᠢᠶᠠᠴᠢᠳ ᠦᠨ ᠲᠤᠰᠬᠠᠢ ᠬᠤᠷᠰᠢᠶᠠᠯᠠᠯ ᠦᠨ ᠬᠡᠰᠢᠬᠦᠨ ᠨᠢ ᠠᠩᠬ᠎ᠠ ᠪᠠᠢᠢᠭᠤᠯᠤᠭᠳᠠᠬᠤ ᠦᠶ᠎ᠠ ᠵᠢᠨ 10 ᠡᠷᠦᠬᠡ ᠪᠠᠢᠢᠭᠰᠠᠨ ᠡᠴᠡ ᠪᠠᠨ500ᠡᠷᠦᠬᠡ ᠪᠤᠯᠵᠦ᠂ᠲᠠᠷᠢᠵᠦ ᠤᠢᠢᠵᠢᠭᠤᠯᠬᠤ᠂ᠬᠠᠳᠠᠭᠠᠯᠠᠨ ᠬᠦᠮᠦᠷᠭᠡᠯᠡᠬᠦ᠂ᠪᠤᠯᠪᠠᠰᠤᠷᠠᠭᠤᠯᠬᠤ᠂ᠪᠤᠷᠤᠯᠠᠭᠤᠯᠬᠤ ᠵᠢ ᠨᠢᠬᠡ ᠴᠤᠭᠴᠠᠵᠢᠭᠤᠯᠤᠭᠰᠠᠨ ᠲᠠᠷᠢᠶᠠᠴᠢᠳ ᠦᠨ ᠲᠤᠰᠬᠠᠢ ᠬᠤᠷᠰᠢᠶᠠᠯᠠᠯ ᠦᠨ ᠵᠤᠬᠢᠶᠠᠨ ᠪᠠᠢᠢᠭᠤᠯᠤᠯᠲᠠ ᠪᠤᠯᠤᠭᠰᠠᠨ ᠪᠠᠢᠢᠨ᠎ᠠ᠃

ᠮᠤᠷᠢᠨᠳᠠᠪᠠᠭ᠎ᠠ ᠬᠤᠰᠢᠭᠤᠨ ᠦ ᠨᠤᠮᠢᠨ ᠭᠤᠤᠯ ᠪᠤᠯ ᠦᠩᠬᠡ ᠦᠵᠡᠮᠵᠢ ᠰᠠᠢᠢᠬᠠᠨ ᠭᠠᠵᠠᠷ ᠶᠤᠮ᠂2007 ᠤᠨ ᠳᠦ ᠪᠠᠷᠠᠭᠤᠨ  ᠪᠦᠸᠸ ᠷᠦᠩ ᠭᠠᠴᠠᠭᠠᠨ ᠦ ᠨᠤᠮᠢᠨ ᠭᠤᠤᠯ ᠦᠨ ᠬᠦᠪᠡᠬᠡᠨ ᠳᠦ ᠲᠠᠭᠤᠷ ᠦᠨᠳᠦᠰᠦᠲᠡᠨ ᠦ ᠨᠢᠬᠡ ᠠᠬ᠎ᠠ ᠲᠡᠭᠦᠦ ᠬᠤᠶᠠᠭᠤᠯᠠ ᠪᠠᠨ ᠰᠡᠯᠡᠬᠦᠴᠡᠯ ᠦᠨ ᠭᠠᠵᠠᠷ ᠪᠠᠢᠢᠭᠤᠯᠤᠭᠰᠠᠨ ᠪᠠᠢᠢᠨ᠎ᠠ᠃ᠴᠠᠭᠠᠨ ᠬᠤᠰᠤᠨ ᠦᠷᠦᠬᠡ ᠭᠤᠤᠯ ᠦᠨ ᠲᠤᠭᠤᠷᠢᠨ ᠳᠦ ᠪᠠᠢᠢᠷᠢᠯᠠᠵᠦ᠂ᠲᠦᠯᠬᠡᠬᠡᠨ ᠤᠷᠤᠰᠬᠤ ᠭᠤᠤᠯ ᠮᠦᠷᠡᠨ᠂ᠨᠤᠮᠢᠨ ᠴᠡᠯᠡᠬᠡᠷ ᠲᠠᠯ᠎ᠠ ᠨᠢ ᠮᠠᠰᠢ ᠤᠯᠠᠨ ᠵᠢᠭᠤᠯᠴᠢᠯᠠᠭᠴᠢᠳ ᠦᠨ ᠪᠠᠬᠠᠷᠬᠠᠯ ᠢ ᠲᠠᠲᠠᠵᠦ᠂ᠲᠡᠳᠡ  ᠲᠠᠪᠤ ᠭᠤᠷᠪᠠ ᠪᠡᠷ ᠦᠵᠡᠮᠵᠢ ᠰᠤᠨᠢᠷᠬᠠᠨ᠂ᠶᠠᠷᠢᠶ᠎ᠠ ᠬᠦᠭᠵᠢᠬᠡᠨ᠂ᠲᠠᠭᠤᠷ ᠦᠨᠳᠦᠰᠦᠲᠡᠨ ᠦ ᠤᠯᠠᠮᠵᠢᠯᠠᠯᠲᠦ ᠢᠳᠡᠭᠡᠨ ᠠᠮᠰᠠᠵᠦ᠂ᠪᠠᠰᠠ ᠦᠳᠡᠰᠢ ᠵᠢᠨ ᠪᠦᠷᠦᠢ ᠪᠠᠭᠤᠬᠤ ᠪᠡᠷ ᠭᠤᠤᠯ ᠦᠨ ᠬᠦᠪᠡᠬᠡᠨ ᠳᠦ ᠲᠦᠳᠡᠭ ᠦᠨ ᠨᠠᠢᠢᠷ ᠬᠢᠵᠦ ᠪᠤᠯᠳᠠᠭ ᠪᠢᠯᠡ᠃

ᠨᠢᠷᠭᠢ ᠤᠰᠤᠨ ᠠᠰᠢᠭᠯᠠᠯᠲᠠ ᠵᠢᠨ ᠲᠦᠪ

ᠲᠤᠰᠬᠠᠢ ᠬᠤᠷᠰᠢᠶᠠᠯᠠᠯ ᠦᠨ ᠬᠡᠷᠡᠭ ᠮᠡᠳᠡᠭᠴᠢ ᠴᠧᠨ ᠳ᠋ᠧ ᠹᠦ

ᠹᠦ ᠹᠠᠩ ᠤᠰᠤᠨ ᠲᠤᠳᠤᠷᠭ᠎ᠠ ᠲᠠᠷᠢᠵᠦ ᠤᠢᠢᠵᠢᠭᠤᠯᠬᠤ ᠲᠠᠷᠢᠶᠠᠴᠢᠳ ᠦᠨ ᠲᠤᠰᠬᠠᠢ ᠬᠤᠷᠰᠢᠶᠠᠯᠠᠯ ᠦᠨ ᠭᠡᠰᠢᠬᠦᠳ ᠡᠪᠡᠰᠦ ᠠᠷᠢᠯᠭᠠᠵᠦ ᠪᠤᠢ

ᠨᠤᠮᠢᠨ ᠭᠤᠤᠯ ᠦᠨ ᠬᠦᠪᠡᠭᠡᠨ ᠳᠡᠬᠢ ᠰᠡᠯᠡᠭᠦᠴᠡᠯ ᠦᠨ ᠭᠠᠵᠠᠷ

ᠳ᠋ᠸ ᠰᠢᠶᠤᠤ ᠬᠤᠩ ᠲᠤᠳᠤᠷᠭ᠎ᠠ ᠵᠢᠨ ᠲᠠᠷᠢᠶᠠᠨ ᠳᠦ ᠪᠠᠨ ᠶᠠᠭᠠᠷᠠᠵᠦ ᠪᠤᠢ

ᠮᠤᠷᠢᠨᠳᠠᠪᠠᠭ᠎ᠠ ᠬᠤᠰᠢᠭᠤ ᠪᠤᠯ ᠲᠤᠮᠳᠠᠳᠤ ᠤᠯᠤᠰ ᠦᠨ《ᠪᠤᠢᠢᠺᠦ ᠪᠦᠮᠪᠦᠭᠡ ᠵᠢᠨ ᠨᠤᠲᠤᠭ》ᠮᠦᠨ᠂ᠪᠠᠰᠠ ᠴᠦ ᠲᠤᠮᠳᠠᠳᠤ ᠤᠯᠤᠰ ᠦᠨ ᠪᠤᠢᠢᠺᠦ ᠪᠦᠮᠪᠦᠬᠡ ᠵᠢᠨ ᠵᠤᠨ ᠦ ᠤᠯᠠᠷᠢᠯ ᠦᠨ ᠪᠤᠯᠪᠠᠰᠤᠷᠠᠭᠤᠯᠤᠯ ᠦᠨ ᠰᠠᠭᠤᠷᠢᠨ ᠭᠠᠵᠠᠷ ᠮᠦᠨ

ᠨᠤᠨ ᠮᠦᠷᠡᠨ ᠦ ᠬᠦᠪᠡᠭᠡᠨ ᠳᠦ ᠵᠢᠭᠠᠰᠦ ᠠᠩᠨᠠᠵᠦ ᠪᠠᠢᠢᠭ᠎ᠠ ᠬᠦᠮᠦᠰ

ᠮᠤᠷᠢᠨᠳᠠᠪᠠᠭ᠎ᠠ ᠬᠤᠰᠢᠭᠤᠨ ᠦ ᠲᠠᠭᠤᠷ ᠦᠨᠳᠦᠰᠦᠲᠡᠨ ᠦ ᠮᠦᠽᠧᠢ ᠳᠦ ᠲᠡᠯᠭᠡᠨ ᠦᠵᠡᠬᠦᠯᠵᠦ ᠪᠠᠢᠢᠭ᠎ᠠ ᠤᠯᠠᠮᠵᠢᠯᠠᠯᠲᠦ ᠵᠢᠭᠠᠰᠦ ᠠᠩᠨᠠᠬᠤ ᠪᠠᠭᠠᠵᠢ

ᠨᠤᠨ ᠮᠦᠷᠡᠨ ᠦ ᠬᠦᠪᠡᠭᠡᠨ ᠳᠡᠬᠢ ᠤᠷᠤᠨ ᠰᠠᠭᠤᠴᠠ ᠵᠢᠨ ᠲᠤᠭᠤᠷᠢᠭ

ᠵᠢᠭᠠᠰᠤᠴᠢᠨ



ᠵᠤᠬᠢᠶᠠᠭᠴᠢ᠄ ᠯᠢ ᠯᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 284
ᠴᠠᠭ᠄ 2015 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁