ᠯᠠᠥᠰ ᠲᠦ ᠦᠵᠡᠵᠦ ᠰᠤᠨᠤᠰᠤᠭᠰᠠᠨ ᠲᠡᠮᠳᠡᠭᠯᠡᠯ

ᠯᠠᠥᠰ ᠪᠤᠯ ᠵᠡᠭᠦᠨ ᠡᠮᠦᠨᠡᠳᠦ ᠬᠤᠢᠢᠭ ᠦᠨ ᠴᠤᠷᠢ ᠵᠢᠨ ᠭᠠᠭᠴᠠ ᠲᠤᠳᠤᠭᠠᠳᠦ ᠬᠠᠭᠤᠷᠠᠢ ᠵᠢᠨ ᠤᠯᠤᠰ ᠪᠤᠯᠬᠤ ᠶᠤᠮ᠂ᠲᠡᠭᠦᠨ ᠢ ᠡᠷᠲᠡᠨ ᠳᠦ ᠪᠠᠨ 《ᠯᠢᠶᠤᠤ》ᠭᠡᠳᠡᠭ ᠪᠠᠢᠢᠭᠰᠠᠨ ᠪᠦᠬᠡᠳ ᠬᠤᠢᠢᠨ᠎ᠠ ᠡᠴᠡ ᠨᠢ ᠡᠮᠦᠨᠡᠰᠢ ᠪᠠᠨ ᠲᠡᠭᠡᠳᠦ ᠯᠢᠶᠤᠤ᠂ᠲᠤᠮᠳᠠᠳᠤ ᠯᠢᠶᠤᠤ᠂ᠲᠤᠤᠷᠠᠳᠤ ᠯᠢᠶᠤᠤ ᠭᠡᠮᠡᠨ ᠨᠡᠷᠡᠯᠡᠵᠦ ᠪᠠᠢᠢᠵᠠᠢ᠃ᠶᠦᠨᠨᠠᠨ ᠵᠢᠡᠷ ᠲᠡᠮᠵᠢᠵᠦ ᠯᠠᠥᠰ ᠤᠯᠤᠰ ᠦᠨ ᠬᠢᠯᠢ ᠳᠦ ᠤᠷᠤᠪᠠᠯ ᠲᠠᠷᠤᠢ ᠲᠡᠭᠡᠳᠦ ᠯᠢᠶᠤᠤ ᠪᠤᠯᠤᠨ᠎ᠠ᠂ᠡᠨᠳᠡᠬᠢ ᠦᠩᠬᠡ ᠦᠵᠡᠮᠵᠢ ᠨᠢ ᠰᠢᠱᠤᠸᠠᠩᠪᠠᠨᠨᠠ ᠲᠠᠢ ᠲᠡᠮᠡᠢ ᠢᠯᠭᠠᠭ᠎ᠠ ᠦᠭᠡᠢ᠂ᠵᠦᠪᠬᠡᠨ ᠬᠦᠮᠦᠨ ᠠᠮᠢᠳᠠᠨ ᠬᠡᠷ ᠪᠠᠷᠢᠯᠭ᠎ᠠ ᠴᠦᠬᠡᠨ ᠪᠤᠯᠬᠤᠷ ᠪᠠᠢᠢᠭᠠᠯᠢ ᠠᠬᠤᠢ ᠨᠢ ᠮᠠᠰᠢ ᠠᠭᠤᠳᠠᠮ ᠰᠠᠷᠠᠭᠤᠯ ᠰᠠᠨᠠᠭᠳᠠᠨ᠎ᠠ᠃ᠪᠢᠳᠡᠨ ᠦ ᠶᠠᠪᠤᠭᠰᠠᠨ93 ᠨᠤᠮᠸᠷᠲᠦ ᠵᠠᠰᠠᠮᠠᠯ ᠵᠠᠮ ᠢ ᠲᠡᠭᠡᠷ᠎ᠠ ᠵᠠᠭᠤᠨ ᠦ ᠵᠢᠷᠠᠭᠠᠳ ᠤᠨ ᠳᠦ ᠲᠤᠮᠳᠠᠳᠦ ᠤᠯᠤᠰ ᠡᠴᠡ ᠲᠡᠮᠵᠢᠵᠦ ᠪᠠᠢᠢᠭᠤᠯᠤᠭᠰᠠᠨ ᠶᠤᠮ᠂ᠬᠤᠯᠠ ᠤᠢᠢᠷ᠎ᠠ ᠳᠦ ᠨᠡᠷᠡᠲᠡᠢ《ᠬᠤ ᡁᠢ ᠮᠢᠩ ᠵᠦᠷᠢᠭ᠌》 ᠨᠢ ᠲᠠᠷᠤᠢ ᠡᠨᠡ ᠬᠦ ᠵᠠᠰᠠᠮᠠᠯ ᠵᠠᠮ ᠲᠠᠭᠠᠥ ᠪᠠᠢᠢᠳᠠᠭ ᠠᠵᠠᠢ᠃ᠪᠦᠳᠦᠨ ᠡᠳᠦᠷ ᠵᠠᠮᠨᠠᠭᠠᠳ ᠪᠢᠳᠡ ᠪᠦᠷᠦᠢ ᠪᠤᠯᠬᠤ ᠵᠢᠨ ᠠᠯᠲᠠ ᠳᠦ ᠯᠠᠥᠰ ᠦᠨ ᠬᠤᠢᠢᠳᠦ ᠬᠡᠰᠡᠭ ᠦᠨ ᠴᠢᠬᠤᠯᠠ ᠪᠠᠯᠭᠠᠰᠦ ᠪᠤᠯᠬᠤ ᠯᠦᠸᠠᠩ ᠫᠠᠷᠠᠪᠠᠩ ᠳᠦ ᠬᠦᠷᠪᠡ᠃

ᠯᠦᠸᠠᠩ ᠫᠠᠷᠠᠪᠠᠩ ᠪᠤᠯ ᠯᠠᠥᠰ ᠦᠨ ᠬᠤᠢᠢᠲᠦ ᠬᠡᠰᠡᠭ ᠦᠨ ᠬᠠᠮᠤᠭ ᠦᠨ ᠲᠤᠮᠤ ᠬᠤᠳᠠ ᠪᠤᠯᠬᠤ ᠶᠤᠮ᠂ᠯᠠᠥᠰ ᠸᠠᠩᠲᠦ ᠲᠦᠷᠦ ᠵᠢᠨ ᠬᠡᠳᠦᠨ ᠦᠶ᠎ᠠ ᠵᠢᠨ ᠨᠡᠢᠢᠰᠯᠡᠯ ᠪᠤᠯᠤᠭᠰᠠᠨ ᠡᠨᠡ ᠬᠦ ᠮᠢᠩᠭ᠋ᠠᠨ ᠵᠢᠯ ᠦᠨ ᠲᠡᠥᠬᠡ ᠲᠠᠢ ᠡᠷᠲᠡᠨ ᠦ ᠬᠤᠳᠠ ᠵᠢ 1995 ᠤᠨ ᠳᠦ ᠤᠯᠠᠨ ᠤᠯᠤᠰ ᠦᠨ ᠬᠤᠯᠪᠤᠭᠠᠲᠦ ᠪᠠᠢᠢᠭᠤᠯᠭ᠎ᠠ ᠵᠢᠨ ᠰᠤᠷᠭᠠᠯ ᠬᠦᠮᠦᠵᠢᠯ ᠰᠢᠨᠵᠢᠯᠡᠬᠦ ᠤᠬᠠᠭᠠᠨ ᠰᠤᠶᠤᠯ ᠦᠨ ᠵᠤᠬᠢᠶᠠᠨ ᠪᠠᠢᠢᠭᠤᠯᠤᠯᠲᠠ ᠡᠴᠡ《ᠲᠡᠯᠡᠬᠡᠢ ᠵᠢᠨ ᠲᠡᠥᠬᠡ ᠵᠢᠨ ᠦᠪ ᠦᠨ ᠨᠡᠷᠡᠰ》ᠲᠦ ᠤᠷᠤᠭᠤᠯᠵᠠᠢ᠃ᠡᠨᠳᠡ ᠦᠨᠳᠦᠷ ᠰᠦᠷᠯᠢᠭ᠌ ᠠᠰᠠᠷ ᠲᠠᠭᠲᠦ ᠬᠢᠭᠡᠳ ᠲᠡᠷᠭᠡ ᠤᠨᠤᠭ᠎ᠠ ᠰᠦᠯᠵᠢᠯᠳᠦᠭᠰᠡᠨ ᠬᠦᠭᠵᠢᠶᠡᠨᠳᠦ ᠪᠠᠢᠢᠳᠠᠯ ᠦᠭᠡᠢ᠂ᠬᠡᠳᠦᠢᠢᠪᠡᠷ ᠦᠷᠦᠨᠡᠳᠠᠬᠢᠨ ᠦ ᠵᠤᠭᠠᠴᠠᠭᠰᠠᠳ ᠬᠠᠶᠠ ᠦᠭᠡᠢ ᠬᠠᠷᠠᠭᠳᠠᠬᠤ ᠪᠤᠯᠪᠠᠴᠦ ᠢᠭᠴᠦ ᠰᠠᠬᠤᠯᠢᠭ ᠤᠢ ᠮᠤᠳᠤ ᠪᠡᠷ ᠴᠢᠮᠡᠭᠯᠡᠭᠳᠡᠭᠰᠡᠨ ᠡᠷᠳᠡᠨ ᠦ ᠰᠦᠮ᠎᠎ᠠ ᠬᠢᠬᠡᠳ ᠹᠷᠠᠨᠼᠢ ᠵᠢᠨ ᠺᠤᠯᠤᠨᠢᠴᠢᠯᠠᠯ ᠦᠨ ᠬᠠᠭᠤᠴᠢᠨ ᠬᠡᠷ ᠪᠠᠢᠢᠰᠢᠩ ᠦᠳ ᠡᠨᠡ ᠬᠦ ᠮᠸᠢᠢᠭᠤᠩ ᠮᠦᠷᠡᠨ ᠪᠤᠯᠤᠨ ᠨᠠᠮᠺᠠᠮ ᠮᠦᠷᠡᠨ ᠦ ᠭᠤᠷᠪᠠᠯᠵᠢᠨ ᠬᠤᠢᠢᠭ ᠦᠨ ᠤᠷᠤᠨ ᠳᠦ ᠮᠦᠨ ᠡᠬᠡᠯ ᠪᠤᠷᠤᠭᠵᠢᠭᠤᠨ ᠠᠮᠤᠷ ᠲᠠᠢᠢᠪᠤᠩ ᠠᠭᠤᠷ ᠠᠮᠢᠰᠬᠤᠯ ᠠᠪᠴᠢᠷᠠᠵᠦ ᠪᠠᠢᠢᠯ᠎ᠠ᠃

ᠪᠠᠭ᠎ᠠ ᠬᠦᠯᠭᠡᠨ ᠪᠤᠷᠬᠠᠨ ᠱᠠᠰᠢᠨ ᠰᠢᠳᠦᠳᠡᠭ ᠯᠠᠥᠰ ᠤᠯᠤᠰ ᠲᠦ ᠱᠠᠰᠢᠨ ᠰᠢᠳᠦᠯᠭᠡ ᠨᠢ ᠬᠦᠮᠦᠰ ᠦᠨ ᠠᠮᠢᠳᠤᠷᠠᠯ ᠳᠦ ᠠᠯᠢ ᠬᠡᠳᠦᠢᠢᠨ ᠬᠦᠨ ᠨᠠᠪᠴᠢᠵᠠᠢ᠃ᠯᠠᠥᠰ ᠦᠨ ᠡᠷᠡᠭᠲᠡᠢᠴᠤᠳ ᠨᠢᠬᠡ ᠨᠠᠰᠤᠨ ᠳᠦ ᠪᠠᠨ ᠡᠷᠬᠡᠪᠰᠢ ᠬᠡᠳᠦᠨ ᠡᠳᠦᠷ ᠪᠤᠶᠤ ᠬᠡᠳᠦᠨ ᠵᠢᠯ ᠵᠢᠡᠷ ᠦᠰᠦ ᠪᠠᠨ ᠬᠤᠰᠤᠵᠦ ᠪᠠᠨᠳᠢ ᠪᠤᠯᠬᠤ ᠬᠡᠷᠡᠭᠲᠡᠢ ᠪᠠᠢᠢᠳᠠᠭ᠃ᠰᠦᠮ᠎ᠠ ᠬᠡᠢᠢᠳ ᠲᠦ ᠭᠠᠯ ᠲᠦᠯᠡᠵᠦ ᠪᠤᠯᠬᠤ ᠦᠭᠡᠢ ᠪᠤᠯᠬᠤᠷ ᠯᠠᠮᠠ ᠬᠤᠸᠠᠷᠠᠭᠴᠤᠳ ᠵᠦᠪᠬᠡᠨ ᠮᠦᠷᠭᠦᠯᠴᠢᠳ ᠦᠨ ᠦᠭᠯᠢᠬᠡ ᠪᠡᠷ ᠬᠤᠭᠤᠯᠠ ᠤᠮᠳᠠ ᠪᠤᠯᠭᠠᠳᠠᠭ᠂《ᠪᠠᠲ᠋ᠠ》ᠬᠡᠮᠡᠬᠦ ᠦᠷᠯᠦᠬᠡ ᠵᠢᠨ ᠦᠭᠯᠢᠬᠡ ᠨᠢ ᠮᠢᠩᠭ᠋᠎ᠠ ᠰᠢᠬᠠᠮ ᠵᠢᠯ ᠵᠢᠯ ᠦᠨ ᠲᠡᠥᠬᠡ ᠲᠠᠢ ᠪᠤᠯᠤᠭᠰᠠᠨ ᠪᠦᠬᠡᠳ ᠲᠡᠷᠡ ᠨᠢ ᠮᠦᠨ ᠯᠠᠥᠰᠴᠤᠳ ᠦᠨ ᠨᠢᠭᠡ ᠡᠳᠦᠷ ᠦᠨ ᠠᠵᠢᠯ ᠠᠮᠢᠳᠤᠷᠠᠯ ᠦᠨ ᠬᠢᠨᠢ ᠰᠠᠢᠢᠨ ᠰᠠᠢᠢᠬᠠᠨ ᠡᠬᠢᠯᠡᠯᠲᠡ ᠪᠤᠯᠳᠠᠭ ᠪᠠᠢᠢᠵᠠᠢ᠃

ᠦᠷᠯᠦᠭᠡᠨ ᠵᠠᠬ᠎ᠠ ᠳᠦ ᠤᠴᠢᠬᠤ ᠪᠤᠯ ᠲᠤᠬᠠᠢ ᠵᠢᠨ ᠭᠠᠵᠠᠷ ᠦᠨ ᠵᠠᠩ ᠵᠠᠩᠰᠢᠯ ᠢ ᠤᠢᠢᠯᠠᠭᠠᠬᠤ ᠬᠠᠮᠤᠭ ᠦᠨ ᠰᠠᠢᠢᠨ ᠠᠷᠭ᠎ᠠ ᠪᠤᠯᠬᠤ ᠶᠤᠮ᠃ᠢᠪᠴᠤᠤ ᠴᠢᠬᠤᠯ ᠭᠤᠳᠤᠮᠵᠢᠨ ᠳᠦ ᠤᠯᠠᠩᠬᠢ ᠨᠢ ᠨᠤᠭᠤᠭ᠎ᠠ ᠬᠤᠳᠠᠯᠳᠤᠭᠴᠢ ᠪᠦᠰᠡᠭᠦᠢᠢᠴᠤᠤᠯ ᠪᠠᠢᠢᠯ᠎ᠠ᠂ᠵᠡᠬᠡᠯᠢ ᠵᠢᠨ ᠵᠠᠬ᠎ᠠ ᠪᠡᠷ ᠬᠠᠷᠢᠨ ᠡᠯᠳᠡᠪ ᠵᠦᠢᠯ ᠦᠨ ᠬᠤᠪᠤᠷ ᠴᠤᠬᠠᠭ ᠪᠠᠷᠠᠭ᠎ᠠ ᠲᠠᠸᠠᠷ ᠲᠡᠯᠬᠡᠨ ᠬᠤᠳᠠᠯᠳᠦᠵᠦ ᠪᠠᠢᠢᠯ᠎ᠠ᠃ᠡᠨᠳᠡ ᠦᠷᠯᠦᠬᠡ ᠡᠷᠳᠡ ᠮᠸᠢᠢᠭᠤᠩ ᠮᠦᠷᠡᠨ ᠡᠴᠡ ᠠᠩᠨᠠᠵᠦ ᠠᠪᠴᠢᠷᠠᠭᠰᠠᠨ ᠵᠢᠭᠠᠰᠦ ᠬᠤᠳᠠᠯᠳᠤᠳᠠᠭ ᠶᠤᠮ᠂ᠪᠠᠭ᠎ᠠ ᠵᠢ ᠨᠢ ᠫᠸᠩᠰᠠᠨ ᠳᠦ ᠬᠢᠵᠦ᠂ᠲᠤᠮᠤ ᠵᠢ ᠨᠢ ᠪᠤᠯ ᠰᠢᠭᠤᠳ ᠨᠤᠮᠢᠨ ᠨᠤᠭᠤᠭᠠᠨ ᠪᠠᠳᠠᠯᠢ ᠵᠢᠨ ᠨᠠᠪᠴᠢᠨ ᠲᠡᠭᠡᠷ᠎ᠠ ᠲᠠᠯᠪᠢᠭᠠᠳ ᠬᠡᠰᠡᠭ ᠬᠡᠰᠡᠭ ᠵᠢᠡᠷ ᠬᠡᠷᠴᠢᠵᠦ ᠬᠤᠳᠠᠯᠳᠤᠨ᠎ᠠ᠃ᠦᠩᠬᠡ ᠪᠦᠷᠢ ᠵᠢᠨ ᠢᠳᠡᠰᠢᠨ ᠨᠤᠭᠤᠭ᠎ᠠ ᠪᠤᠯᠤᠨ ᠬᠠᠯᠠᠭᠤᠨ ᠪᠦᠰᠡᠨ ᠦ ᠠᠯᠢᠮ᠎ᠠ ᠵᠢᠮᠢᠰ ᠡᠨᠳᠡ ᠲᠡᠨᠳᠡ ᠦᠭᠡᠢ ᠲᠡᠯᠭᠡᠭ᠍ᠳᠡᠨ ᠵᠢᠷᠤᠭ ᠰᠢᠭ ᠦᠵᠡᠰᠭᠦᠯᠡᠩ ᠲᠠᠢ ᠬᠠᠷᠠᠭᠳᠠᠵᠦ ᠪᠠᠢᠢᠯ᠎ᠠ᠃

ᠦᠷᠯᠦᠬᠡ ᠵᠢᠨ ᠵᠠᠬ᠎ᠠ ᠵᠢᠨ ᠨᠢᠭᠡ ᠪᠤᠯᠤᠩ ᠳᠦ ᠵᠦᠷᠵᠢᠨ ᠦᠩᠬᠡ ᠵᠢᠨ ᠴᠡᠴᠡᠭ ᠲᠦᠭᠦᠷᠡᠩ ᠲᠡᠯᠭᠡᠭᠡᠰᠦᠲᠡᠢ ᠪᠠᠢᠢᠯ᠎ᠠ᠂ᠲᠡᠷᠡ ᠬᠦ ᠬᠤᠷᠴᠠ ᠬᠡᠬᠡᠨᠴᠢᠷ ᠵᠦᠷᠵᠢᠨ ᠦᠩᠬᠡ ᠨᠠᠳᠠ ᠳᠦ ᠦᠷᠯᠦᠬᠡ ᠵᠢᠨ ᠦᠭᠯᠢᠬᠡ ᠵᠢᠨ ᠦᠶ᠎᠎ᠠ ᠵᠢᠨ ᠯᠠᠮᠠ ᠬᠤᠸᠠᠷᠠᠭᠴᠤᠳ ᠢ ᠰᠠᠨᠠᠭᠳᠠᠭᠤᠯᠪᠠ᠂ᠡᠢᠢᠮᠦᠷᠬᠦᠦ ᠴᠡᠴᠡᠭ ᠨᠢ ᠪᠤᠷᠬᠠᠨ ᠱᠠᠰᠢᠨ ᠦ ᠲᠠᠬᠢᠯ ᠦᠨ ᠡᠳ᠋ ᠪᠤᠯᠬᠤ ᠶᠤᠮ᠃ᠡᠨᠡ ᠬᠦ ᠨᠠᠮ ᠰᠠᠯᠡᠬᠦᠬᠡᠨ ᠵᠢᠵᠢᠭ᠍ᠬᠡᠨ ᠬᠤᠳᠠ ᠳᠦ᠂ᠪᠤᠷᠬᠠᠨ ᠱᠠᠰᠢᠨ ᠨᠢᠬᠡᠨᠳᠡ ᠬᠦᠮᠦᠰ ᠦᠨ ᠠᠮᠢᠳᠤᠷᠠᠯ ᠦᠨ ᠦᠨᠴᠦᠭ ᠪᠤᠯᠤᠩ ᠪᠦᠬᠦᠨ ᠳᠦ ᠨᠡᠪᠴᠢᠨ ᠤᠷᠤᠭᠰᠠᠨ ᠨᠢ ᠢᠯᠡᠬᠡᠨ ᠪᠠᠢᠢᠯ᠎ᠠ᠃

ᠬᠦᠮᠦᠰ ᠦᠷᠯᠦᠬᠡ ᠪᠦᠷᠢ ᠪᠠᠳᠠᠷᠢᠴᠢᠨ ᠯᠠᠮᠠ ᠨᠠᠷ ᠲᠦ ᠦᠭᠯᠢᠬᠡ ᠦᠭᠳᠡᠭ

ᠦᠷᠯᠦᠭᠡ ᠦᠭᠯᠢᠬᠡ ᠬᠦᠯᠢᠶᠡᠵᠦ ᠪᠠᠢᠢᠭ᠎ᠠ ᠯᠠᠮᠠ ᠬᠤᠸᠠᠷᠠᠭᠴᠤᠳ

ᠰᠢᠶᠠᠩ ᠲᠦᠩ ᠰᠸ ᠰᠦᠮ᠎ᠠ ᠵᠢᠨ ᠭᠤᠶᠤ ᠬᠡᠬᠡᠨᠴᠢᠷ ᠪᠠᠷᠢᠯᠭ᠎ᠠ

ᠦᠳᠡᠰᠢ ᠵᠢᠨ ᠮᠸᠢᠭᠤᠩ ᠮᠦᠷᠡᠨ

ᠬᠤᠯᠤᠰᠤᠨ ᠰᠦᠶ᠎ᠠ  ᠬᠤᠳᠠᠯᠳᠤᠨ᠎ᠠ

ᠰᠤᠮᠤᠨ ᠤᠩᠭᠤᠴᠠ ᠪᠡᠷ ᠮᠸᠢᠭᠤᠩ ᠮᠦᠷᠡᠨ ᠢ ᠬᠡᠳᠦᠯᠳᠡᠭ

ᠦᠷᠯᠦᠬᠡ ᠵᠢᠨ ᠵᠠᠬ᠎ᠠ ᠡᠴᠡ ᠴᠡᠴᠡᠭ ᠬᠤᠳᠠᠯᠳᠤᠨ ᠠᠪᠤᠭᠰᠠᠨ ᠪᠦᠰᠡᠭᠦᠢ

ᠦᠷᠯᠦᠬᠡ ᠵᠢᠨ ᠵᠠᠬ᠎ᠠ ᠳᠦ ᠶᠠᠪᠤᠭ᠎ᠠ ᠯᠠᠥᠰ ᠪᠦᠰᠡᠭᠦᠢᠢᠴᠤᠳ

ᠵᠢᠭᠠᠰᠦ ᠬᠤᠳᠠᠯᠳᠤᠨ᠎ᠠ

ᠰᠦᠨᠢ ᠵᠢᠨ ᠵᠠᠬ᠎ᠠ ᠳᠡᠬᠢ ᠪᠠᠬ᠎ᠠ ᠵᠢ ᠲᠠᠲᠠᠮ᠎ᠠ  ᠪᠠᠷᠠᠭ᠎ᠠ ᠲᠠᠸᠠᠷ ᠦᠳ

ᠦᠷᠯᠦᠭᠡᠨ ᠦ ᠵᠠᠬ᠎ᠠ ᠳᠡᠬᠢ ᠦᠩᠭᠡ ᠢᠯᠭᠠᠷᠠᠭᠰᠠᠨ ᠨᠤᠭᠤᠭ᠎ᠠ ᠵᠢᠮᠢᠰ

ᠯᠠᠥᠰ ᠦᠨ ᠤᠯᠠᠮᠵᠢᠯᠠᠯᠲᠦ ᠢᠳᠡᠬᠡᠨ ᠪᠤᠯᠤᠨ ᠹᠷᠠᠨᠼᠢ ᠮᠠᠶᠢᠭ ᠦᠨ ᠲᠠᠯᠬ᠎ᠠ ᠵᠢ ᠬᠠᠮᠳᠦ ᠳᠦ ᠨᠢ ᠬᠤᠳᠠᠯᠳᠤᠨ᠎ᠠ

ᠵᠤᠬᠢᠶᠠᠭᠴᠢ᠄ ᠾᠸ ᠶᠦᠩ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 421
ᠴᠠᠭ᠄ 2015 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁