ᠲᠤᠲ᠋ᠧᠮ

ᠲᠡᠯᠬᠡᠬᠥᠷ ᠲᠦᠬᠥᠷᠡᠨᠭ᠌ ᠪᠠᠷᠠᠭᠠᠨ ᠲᠣᠮᠳᠠ ᠡᠴᠡ

ᠲᠡᠬᠡᠳᠥᠰ ᠤᠨ ᠮᠢᠨᠢ ᠬᠦᠷᠥᠭ ᠬᠠᠷᠠᠭᠳᠠᠪᠠ

ᠲᠡᠷᠬᠡᠳᠡᠬᠥᠷ ᠨᠢ ᠪᠢ ᠵᠦᠷᠢᠵᠦ ᠴᠢᠳᠠᠯ ᠦᠭᠡᠶ ᠵᠠᠯᠪᠠᠷᠢᠪᠠ

ᠲᠠᠪᠠᠯ ᠤᠨ ᠬᠢᠨᠢ ᠥᠩᠬᠡ ᠶᠢ ᠣᠩᠭ᠋ᠣᠳᠠᠯ᠎ᠠ ᠣᠳᠠᠭᠠᠵᠣ ᠵᠠᠷᠣᠯ᠎ᠠ ᠴᠤ

ᠲᠣᠣᠭᠣᠷ ᠣᠢᠨ᠎ᠡ ᠪᠠᠷ ᠠᠪᠣᠭ᠎ᠠ ᠦᠭᠡᠶ ᠥᠩᠬᠡᠷᠡᠯ᠎ᠡ︕


ᠬᠡᠬᠡᠨ ᠲᠥᠷᠢ ᠨᠢ ᠪᠣᠳᠣᠯ ᠳᠤ ᠮᠢᠨᠢ ᠰᠢᠩᠬᠡᠵᠦ

ᠬᠡᠷᠡᠯᠲᠦ ᠰᠣᠷᠭᠠᠯ ᠨᠢ ᠬᠦᠷᠳᠡᠯ᠎ᠡ

ᠰᠠᠳᠬᠢᠯ ᠳᠤ ᠬᠠᠯᠠᠭᠣᠨ ᠶᠢᠠᠷ ᠶᠢᠠᠨ ᠪᠠᠢ᠌ᠭ᠎ᠠ

ᠲᠡᠯᠠᠬᠡᠢ ᠶᠡᠬᠡ ᠴᠢᠩᠬᠢᠰ ᠤᠨ

ᠬᠡᠲᠦ 〈 ᠣᠢᠨ᠎ᠡ 〉 ᠲᠡᠶ ᠶᠢ ᠪᠢ

ᠮᠡᠳᠡᠳᠡᠭ ᠪᠣᠯᠣᠭᠠᠳ ᠲᠠᠷᠠ︕

ᠭᠠᠩᠭ᠋ᠠᠯᠠᠵᠣ ᠣᠷᠠᠯᠠᠵᠣ ᠬᠦᠷᠥᠭ ᠢ ᠨᠢ

ᠭᠠᠯᠪᠠ ᠲᠦᠬᠥᠷᠡᠨᠭ᠌ ᠬᠣᠳᠠᠯᠳᠣᠯ᠎ᠠ ᠴᠤ

ᠭᠠᠭᠴᠠᠬᠠᠨ ᠮᠢᠨᠣ ᠰᠠᠳᠬᠢᠯ ᠳᠤ ᠰᠥᠮᠪᠥᠷᠯᠡᠭ᠍ᠰᠡᠨ

ᠭᠠᠵᠠᠷ ᠲᠡᠭ᠍ᠷᠢ ᠶᠢᠨ ᠡᠢᠷᠥᠬᠡᠯ ᠰᠢᠪᠰᠢᠭ᠍ᠰᠡᠨ

ᠭᠣᠪᠢ ᠠᠯᠳᠠᠢ ᠶᠢᠨ ᠣᠩᠭ᠋ᠣᠨ ᠰᠥᠯᠳᠡ ᠶᠢ

ᠬᠦᠠᠳᠡᠵᠦ ᠴᠢᠳᠠᠬᠣ ᠦᠭᠡᠶ ᠶᠢ ᠪᠢ

ᠡᠢᠳᠡᠬᠡᠳᠡᠭ ᠪᠣᠯᠣᠭᠠᠳ ᠲᠠᠷᠠ ᠡ ᠁


ᠵᠤᠬᠢᠶᠠᠭᠴᠢ ᠶᠢᠨ ᠬᠠᠶ‍ᠢᠭ᠄ ᠪᠠᠷᠠᠭᠣᠨ ᠦᠵᠥᠮᠣᠴᠢᠨ ᠬᠣᠰᠢᠭᠣᠨ ᠤ ᠪᠡᠶᠡᠨᠬᠣᠧᠨ ᠪᠠᠯᠭᠠᠰᠣᠨ ᠤ ᠦᠥᠷ ᠤᠨ ᠲᠣᠶᠠᠭ᠎ᠠ ᠭᠠᠴᠠᠭ᠎ᠠ

ᠵᠤᠬᠢᠶᠠᠭᠴᠢ᠄ ᠰ᠂ᠳᠠᠢ᠌ᠨᠴᠢ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 247
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁