ᠭᠤᠷᠪᠠᠨ ᠮᠦᠷᠳᠤ ᠨᠤᠬᠦᠳ

ᠭᠣᠷᠪᠠᠨ ᠡᠳᠣᠷ ᠤᠨ ᠪᠣᠷᠣᠭ᠎ᠠ

ᠭᠣᠨᠢᠭ ᠡᠴᠡ ᠮᠢᠨᠢ

ᠭᠣᠷᠪᠠᠨ ᠲᠣᠰᠣᠯ ᠲᠣᠳᠠᠭᠣ᠃


ᠡᠬᠥᠳᠡ ᠪᠠᠨ ᠰᠡᠮᠠᠬᠡᠷᠬᠡᠨ ᠣᠩᠭ᠋ᠣᠢ᠌ᠯᠭᠠᠵᠣ

ᠦᠪᠡᠷ ᠢ ᠪᠠᠨ ᠪᠠᠰᠠ ᠨᠢᠬᠡ ᠬᠠᠭᠣᠷᠣᠯ᠎ᠠ

ᠴᠢᠨᠣ ᠵᠢᠷᠣᠭ ᠰᠢᠷᠡᠬᠡᠨ ᠲᠡᠬᠡᠷ᠎ᠡ ᠡᠢᠨᠢᠶᠡᠭ᠍ᠰᠡᠨ ᠴᠤ ᠦᠭᠡᠶ᠃


ᠪᠠᠭᠣᠴᠠᠨ ᠲᠡᠬᠡᠷ᠎ᠡ ᠡᠴᠡ ᠮᠢᠨᠢ

ᠰᠢᠷᠭᠣᠯᠵᠢ ᠪᠠᠰᠠ ᠨᠡᠬᠥᠨ᠎ᠡ

ᠲᠣᠰᠣᠨ ᠤ ᠬᠣᠳᠳᠣᠭ ᠯᠠ ᠲᠣᠬᠢᠯᠵᠠᠨ᠎ᠠ᠃


ᠡᠷᠳᠡᠨᠢᠸᠴᠢᠷ ᠵᠤᠳᠣᠭ ᠲᠠᠢ᠌ᠯᠣᠭᠰᠠᠨ ᠵᠤᠨ

ᠨᠠᠭᠠᠳᠣᠮ ᠤᠨ ᠴᠢᠮᠡᠬᠡ ᠣᠯᠳᠠᠭᠰᠠᠨ ᠦᠭᠡᠶ

ᠪᠢ ᠮᠣᠷᠢᠨ ᠤ ᠵᠢᠷᠣᠭ ᠴᠣᠭᠯᠠᠭᠣᠯᠣᠨ᠎ᠠ᠃


ᠪᠡᠳᠥᠮᠣᠢᠩᠬᠡ ᠱᠠᠭ᠎ᠠ ᠶᠢ

ᠲᠠᠬᠢᠭᠠᠳ ᠭᠣᠷᠪᠠᠠᠳᠠ ᠣᠷᠬᠢᠪᠠ

ᠣᠯᠣᠰᠪᠣᠯᠣᠳ ᠬᠣᠣᠷᠯᠠᠭᠳᠠᠵᠠᠢ᠃


ᠰᠠᠷᠠ ᠠᠳᠠᠯᠢ ᠨᠢᠴᠥᠬᠥᠨ᠂ ᠮᠥᠷᠡᠨ ᠠᠳᠠᠯᠢ ᠲᠥᠯᠬᠡᠬᠡᠨ

ᠲᠠᠷᠠ ᠵᠢᠷᠭᠠᠯ ᠬᠡᠵᠢᠶ᠎ᠡ ᠡᠢᠷᠡᠬᠥ ᠪᠣᠯ︖

ᠰᠠᠯᠬᠢ ᠡᠷᠬᠢᠬᠥ ᠦᠭᠡᠶ ᠯᠠ ᠪᠠᠢ᠌ᠨ᠎ᠠ᠃


ᠴᠢᠮ᠎ᠠ ᠳᠤ ᠬᠠᠳᠠᠭᠠᠯᠠᠭᠰᠠᠨ

ᠭᠣᠷᠪᠠᠨ ᠠᠯᠢᠮ᠎ᠠ

ᠨᠠᠮᠠᠢᠢ ᠬᠠᠷᠠᠭᠠᠳ ᠦᠷᠴᠢᠢᠨ᠎ᠡ᠃


ᠴᠠᠭ ᠢ ᠬᠣᠪ ᠬᠣᠭᠣᠰᠣᠨ ᠥᠩᠬᠡᠷᠡᠬᠥᠯᠬᠥ

ᠬᠦᠮᠥᠨ ᠤ ᠪᠠᠭᠣᠤ ᠳᠤ

ᠴᠠᠭ ᠬᠣᠪ ᠬᠣᠭᠣᠰᠣᠨ ᠬᠢᠩᠬᠢᠨᠠᠨ᠎ᠠ᠃


ᠴᠢᠮᠠᠢᠢ ᠣᠬᠢᠯᠠᠭᠣᠯᠣᠭᠰᠠᠨ

ᠵᠦᠷᠢᠭᠦᠳ ᠵᠠᠡᠭ ᠶᠢᠠᠨ

ᠴᠠᠭ ᠤᠨ ᠵᠠᠬᠥᠤ ᠲᠡᠬᠡᠷ᠎ᠡ ᠡᠯᠬᠥᠵᠦ ᠬᠠᠳᠠᠭᠠᠪᠠ᠃


ᠬᠦᠮᠥᠨ ᠴᠢᠯᠠᠭᠣ ᠮᠢᠨᠢ

ᠴᠠᠪᠠ ᠲᠡᠶ ᠬᠠᠰ ᠡᠴᠡ ᠡᠢᠯᠡᠬᠥᠤ

ᠴᠢᠮᠠᠢᠢ ᠪᠢ ᠬᠦᠮᠥᠨ ᠡᠴᠡ ᠨᠢᠭᠣᠨ᠎ᠠ᠃


ᠲᠡᠬᠡᠲᠦ ᠨᠠᠢ᠌ᠰᠯᠠᠯ ᠤᠨ ᠪᠠᠭᠣᠷᠢ ᠲᠡᠬᠡᠷ᠎ᠡ

ᠠᠯᠮᠠᠢ᠌ᠷᠠᠭᠰᠠᠨ ᠬᠦᠬᠡ ᠣᠨᠢᠶᠠᠷ ᠬᠦᠪᠥᠨ᠎ᠡ

ᠠᠷᠭᠠᠳᠠᠭᠠᠳ ᠰᠠᠷᠨᠢᠬᠤ ᠦᠭᠡᠶ ᠪᠣᠳᠣᠯ ᠵᠢᠪᠪᠣᠨ᠎ᠠ᠃


ᠠᠮᠢᠳᠠᠨ ᠤ ᠬᠦᠷᠢᠶᠡᠯᠡᠨᠭ᠌ ᠡᠴᠡ ᠬᠠᠷᠢᠯ᠎ᠠ

ᠬᠦᠮᠥᠨ ᠲᠥᠷᠢᠳᠡᠨ ᠨᠣᠭᠦᠳ ᠲᠡᠶ ᠪᠠᠢ᠌ᠬᠣ ᠨᠢ

ᠶᠠᠮᠠᠷ ᠴᠤ ᠣᠣᠠᠬ᠎ᠠ ᠦᠭᠡᠶ ᠰᠠᠨᠠᠭᠳᠠᠯ᠎ᠠ᠃


ᠵᠤᠬᠢᠶᠠᠭᠴᠢ ᠶᠢᠨ ᠬᠠᠶ‍ᠢᠭ᠄ ᠬᠦᠬᠡᠬᠣᠳᠡ ᠶᠢᠨ ᠶᠢᠨ ᠴᠢᠶᠣᠤ ᠨᠡᠬᠡᠬᠡᠯᠳᠡ ᠶᠢᠨ ᠲᠣᠭᠣᠷᠢᠭ ᠤᠨ ᠦᠪᠥᠷ ᠮᠣᠩᠭ᠋ᠣᠯ ᠤᠨ ᠡᠳᠣᠷ ᠤᠨ ᠰᠣᠨᠢᠨ ᠤ ᠬᠣᠷᠢᠶᠠᠨ ᠤ ᠠᠰᠠᠷ ᠤᠨ 8 ᠳ᠋ᠣᠭᠠᠷ ᠲᠠᠪᠬᠣᠷᠭ᠎ᠠ


ᠵᠤᠬᠢᠶᠠᠭᠴᠢ᠄ ᠡ᠊᠂ᠤᠷᠬᠢᠯ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 447
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁