ᠲᠦᠩᠯᠢᠶᠤᠤ ᠬᠤᠳᠠ ᠵᠢᠨ ᠦᠨᠳᠦᠰᠤᠲᠡᠨ ᠦ ᠰᠤᠷᠭᠠᠨ ᠬᠦᠮᠦᠵᠢᠯ

ᠲᠦᠩᠯᠢᠶᠤᠤ ᠬᠤᠳᠠ ᠦᠪᠦᠷ ᠮᠤᠩᠭ᠋ᠤᠯ ᠦᠨ ᠦᠪᠡᠷᠳᠡᠭᠡᠨ ᠵᠠᠰᠠᠬᠤ ᠤᠷᠤᠨ ᠦ ᠵᠡᠬᠦᠨ ᠬᠡᠰᠡᠭ ᠲᠦ ᠪᠠᠢᠢᠷᠢᠯᠠᠵᠦ᠂309.46ᠲᠦᠮᠡᠨ ᠬᠦᠮᠦᠨ ᠠᠮᠠ ᠲᠠᠢ ᠪᠦᠬᠡᠳ ᠡᠬᠦᠨ ᠳᠦ ᠮᠤᠩᠭ᠋ᠤᠯ ᠦᠨᠳᠦᠰᠦᠲᠡᠨ ᠦ ᠬᠦᠮᠦᠨ ᠠᠮᠠ ᠨᠢ147.67ᠲᠦᠮᠡ ᠪᠠᠢᠢᠵᠦ᠂ᠪᠦᠬᠦ ᠬᠤᠳᠠ ᠵᠢᠨ ᠶᠡᠷᠦᠩᠬᠡᠢ ᠬᠦᠮᠦᠨ ᠠᠮᠠ ᠵᠢᠨ45.7%ᠵᠢ ᠡᠵᠡᠯᠡᠵᠦ ᠪᠠᠢᠢᠳᠠᠭ᠃ᠪᠦᠬᠦ ᠬᠤᠳᠠ ᠳᠦ ᠤᠳᠤ ᠡᠯ᠎ᠠ ᠲᠦᠷᠦᠯ ᠦᠨ ᠮᠤᠩᠭ᠋ᠤᠯ ᠦᠨᠳᠦᠰᠦᠲᠡᠨ ᠦ ᠰᠤᠷᠭᠠᠭᠤᠯᠢ256 ᠪᠠᠢᠢᠵᠦ᠂ᠮᠤᠩᠭ᠋ᠤᠯ ᠬᠡᠯᠡᠨ ᠪᠡᠷ ᠬᠢᠴᠢᠶᠡᠯᠯᠡᠵᠦ ᠪᠠᠢᠢᠭ᠎ᠠ ᠰᠤᠷᠤᠭᠴᠢᠳ78436ᠪᠤᠢ᠃ᠬᠡᠥᠬᠡᠳ ᠦᠨ ᠴᠡᠴᠡᠷᠯᠢᠭ98᠂ᠮᠤᠩᠭ᠋ᠤᠯ ᠵᠢᠡᠷ ᠬᠢᠴᠢᠶᠡᠯᠯᠡᠵᠦ ᠪᠠᠢᠢᠭ᠎ᠠ ᠬᠡᠥᠬᠡᠳ14485;118ᠪᠠᠭ᠎ᠠ ᠰᠤᠷᠭᠠᠭᠤᠯᠢ ᠨᠢ 34657ᠰᠤᠷᠤᠭᠴᠢ ᠲᠠᠢ;ᠠᠩᠬ᠎ᠠ ᠵᠡᠷᠬᠡ ᠵᠢᠨ ᠲᠤᠮᠳᠠᠳᠤ ᠰᠤᠷᠭᠠᠭᠤᠯᠢ ᠨᠢ27ᠪᠠᠢᠢᠬᠤ ᠪᠦᠬᠡᠳ16541ᠰᠤᠷᠤᠭᠴᠢ ᠲᠠᠢ;ᠡᠩ ᠦᠨ ᠲᠡᠭᠡᠳᠦ ᠵᠡᠷᠬᠡ ᠵᠢᠨ ᠲᠤᠮᠳᠠᠳᠤ ᠰᠤᠷᠭᠠᠭᠤᠯᠢ 9ᠪᠠᠢᠢᠵᠦ᠂11772ᠰᠤᠷᠤᠭᠴᠢ ᠲᠠᠢ;ᠠᠵᠢᠯ ᠮᠡᠷᠭᠡᠵᠢᠯ ᠦᠨ ᠲᠤᠮᠳᠠᠳᠤ ᠵᠡᠷᠬᠡ ᠵᠢᠨ ᠲᠤᠰᠬᠠᠢ ᠮᠡᠷᠭᠡᠵᠢᠯ ᠦᠨ ᠰᠤᠷᠭᠠᠭᠤᠯᠢ4 ᠪᠠᠢᠢᠵᠦ᠂ᠮᠤᠩᠭ᠋ᠤᠯ ᠵᠢᠡᠷ ᠬᠢᠴᠢᠶᠡᠯᠯᠡᠵᠦ ᠪᠠᠢᠢᠭ᠎ᠠ ᠰᠤᠷᠤᠭᠴᠢ981ᠪᠤᠢ᠃ᠲᠦᠩᠯᠢᠶᠤᠤ ᠬᠤᠳᠠ ᠰᠤᠷᠬᠤ ᠨᠠᠰᠦᠨ ᠡᠴᠡ ᠡᠮᠦᠨᠡᠬᠢ ᠰᠤᠷᠭᠠᠨ ᠬᠦᠮᠦᠵᠢᠯ ᠡᠴᠡ ᠲᠡᠭᠡᠳᠦ ᠵᠡᠷᠭᠡ ᠵᠢᠨ ᠲᠤᠮᠳᠠᠳᠦ ᠰᠤᠷᠭᠠᠭᠤᠯᠢ ᠵᠢᠨ ᠰᠤᠷᠭᠠᠨ ᠬᠦᠮᠦᠵᠢᠯ ᠬᠦᠷᠳᠡᠯᠡᠬᠢ ᠰᠤᠷᠤᠭᠴᠢᠳ ᠦᠨ ᠢᠷᠡᠯᠲᠡ ᠲᠤᠭᠳᠠᠪᠤᠷᠢᠲᠠᠢ᠂ᠪᠠᠭᠰᠢ ᠵᠢᠨ ᠡᠩᠨᠠᠬᠡ ᠬᠦᠷᠦᠷᠭᠡᠭ᠌᠂ᠰᠤᠷᠭᠠᠭᠤᠯᠢ ᠡᠷᠬᠢᠯᠡᠬᠦ ᠨᠦᠬᠦᠴᠡᠯ ᠲᠡᠭᠦᠯᠳᠡᠷᠵᠢᠭᠰᠡᠨ ᠮᠦᠷᠳᠡᠭᠡᠨ ᠰᠤᠷᠭᠠᠭᠤᠯᠢ ᠡᠷᠬᠢᠯᠡᠬᠦ ᠴᠢᠨᠠᠷ ᠴᠢᠨᠰᠠᠭ᠎ᠠ ᠨᠡᠯᠢᠶᠡᠳ ᠰᠠᠢᠢᠨ ᠦᠨᠳᠦᠰᠦᠲᠡᠨ ᠦ ᠰᠤᠷᠭᠠᠨ ᠬᠦᠮᠦᠵᠢᠯ ᠦᠨ ᠰᠢᠰᠲ᠋ᠧᠮ ᠢ ᠪᠦᠷᠢᠯᠳᠦᠬᠦᠯᠵᠠᠢ᠃

ᠬᠤᠳᠠ ᠵᠢᠨ ᠨᠠᠮ ᠦᠨ ᠬᠤᠷᠢᠶ᠎ᠠ᠂ᠵᠠᠰᠠᠭ ᠦᠨ ᠤᠷᠳᠤᠨ ᠡᠴᠡ ᠦᠨᠳᠦᠰᠦᠲᠡᠨ ᠦ ᠰᠤᠷᠭᠠᠨ ᠬᠦᠮᠦᠵᠢᠯ ᠦᠨ ᠬᠦᠭᠵᠢᠯᠲᠡ ᠵᠢ ᠲᠡᠭᠡᠳᠦ ᠬᠡᠮᠵᠢᠶ᠎ᠠ ᠪᠡᠢ ᠴᠢᠬᠤᠯᠠᠴᠢᠯᠠᠵᠦ᠂《ᠭᠤᠤᠯᠳᠠᠯᠭ᠎ᠠ ᠵᠢ ᠬᠠᠷᠭᠠᠯᠵᠠᠬᠤ》ᠬᠦᠭᠵᠢᠯᠲᠡ ᠵᠢᠨ ᠰᠤᠷᠭᠠᠨ ᠬᠦᠮᠦᠵᠢᠯ ᠦᠨ ᠴᠢᠭᠯᠡᠯᠲᠠ ᠵᠢ  ᠪᠠᠷᠢᠮᠳᠠᠯᠠᠭᠰᠠᠭᠠᠷ ᠢᠷᠡᠪᠡ᠃ᠪᠦᠬᠦ ᠦᠪᠡᠷᠲᠡᠬᠡᠨ ᠵᠠᠰᠠᠬᠤ ᠤᠷᠤᠨ ᠦ ᠬᠡᠪᠴᠢᠶᠡᠨ ᠳᠦ᠂《ᠨᠢᠬᠡ ᠰᠤᠮᠤ ᠨᠢᠭᠡ ᠴᠡᠴᠡᠷᠯᠢᠭ᠍ ᠲᠠᠢ᠂ᠨᠢᠭᠡ ᠭᠠᠴᠠᠭ᠎ᠠ ᠨᠢᠭᠡ ᠴᠡᠴᠡᠷᠯᠢᠭ᠌᠍ ᠲᠠᠢ᠂ᠲᠤᠮᠤ ᠭᠠᠴᠠᠭ᠎ᠠ ᠲᠤᠰᠠᠭᠠᠷ ᠡᠷᠬᠢᠯᠡᠵᠦ᠂ᠪᠠᠭ᠎ᠠ ᠭᠠᠴᠠᠭ᠎ᠠ ᠬᠤᠯᠪᠤᠭᠠᠯᠠᠨ ᠡᠷᠬᠢᠯᠡᠬᠦ》ᠰᠤᠷᠬᠤ ᠨᠠᠰᠤᠨ ᠡᠴᠡ ᠡᠮᠦᠨᠡᠬᠢ ᠰᠤᠷᠭᠠᠨ ᠬᠦᠮᠦᠵᠢᠯ ᠦᠨ ᠪᠠᠢᠢᠷᠢᠰᠢᠯ ᠢ ᠲᠦᠷᠦᠬᠦᠯᠦᠨ ᠪᠦᠷᠢᠯᠳᠦᠬᠦᠯᠵᠦ᠂ᠮᠤᠩᠭ᠋ᠤᠯ ᠬᠡᠯᠡ ᠪᠡᠷ ᠬᠢᠴᠢᠶᠡᠯᠯᠡᠬᠦ ᠬᠡᠥᠬᠡᠳ ᠦᠨ ᠴᠡᠴᠡᠷᠯᠢᠭ᠍ ᠲᠦ ᠤᠷᠤᠬᠤ ᠬᠡᠷᠡᠭᠴᠡᠬᠡ ᠵᠢ ᠦᠨᠳᠦᠰᠦᠨ ᠳᠦ ᠪᠠᠨ ᠬᠠᠩᠭ᠋ᠠᠪᠠ;ᠡᠭᠦᠨ ᠦ ᠵᠡᠷᠭᠡᠴᠡᠬᠡ᠂ᠬᠤᠳᠠ ᠵᠢᠨ ᠮᠤᠩᠭ᠋ᠤᠯ ᠦᠨᠳᠦᠰᠦᠲᠡᠨ ᠦ ᠬᠡᠥᠬᠡᠳ ᠦᠨ ᠴᠡᠴᠡᠷᠯᠢᠭ᠍ ᠢ ᠰᠢᠨ᠎ᠠ ᠪᠡᠷ ᠪᠠᠢᠢᠭᠤᠯᠵᠦ᠂ᠬᠤᠳᠠ ᠵᠢᠨ ᠲᠤᠭᠤᠷᠢᠭ ᠦᠨ ᠮᠤᠩᠭ᠋ᠤᠯ ᠦᠨᠳᠦᠰᠦᠳᠡᠨ ᠦ ᠵᠤᠬᠢᠬᠤ ᠨᠠᠰᠤᠨ ᠦ ᠬᠡᠥᠬᠡᠳ ᠦᠨ ᠴᠡᠴᠡᠷᠯᠢᠭ᠍ ᠲᠦ ᠤᠷᠤᠬᠤ ᠱᠠᠭᠠᠷᠳᠠᠯᠭ᠎ᠠ ᠵᠢ ᠬᠠᠩᠭ᠋ᠠᠪᠠ;ᠮᠠᠯᠵᠢᠬᠤ ᠲᠠᠷᠢᠶᠠᠯᠠᠬᠤ ᠤᠷᠤᠨ ᠦ ᠲᠤᠮᠳᠠᠳᠤ ᠪᠠᠭ᠎ᠠ ᠰᠤᠷᠭᠠᠭᠤᠯᠢ ᠵᠢᠨ ᠪᠠᠢᠢᠷᠢ ᠵᠢᠨ ᠬᠡᠷ ᠦᠨ ᠠᠶᠤᠯᠭᠦᠢ ᠢᠨᠵᠧᠨ᠍ᠧᠷᠢᠩ᠂ᠪᠠᠭᠤᠷᠠᠢ ᠰᠤᠷᠭᠠᠭᠤᠯᠢ ᠵᠢ ᠦᠭᠡᠷᠴᠢᠯᠡᠬᠦ ᠢᠨᠵᠧᠨ᠍ᠧᠷᠢᠩ ᠦᠨ ᠪᠡᠯᠡ ᠮᠦᠩᠬᠦ ᠪᠠ ᠦᠨᠳᠦᠰᠦᠲᠡᠨ ᠦ ᠰᠤᠷᠭᠠᠨ ᠬᠦᠮᠦᠵᠢᠯ ᠦᠨ ᠲᠤᠰᠬᠠᠢ ᠫᠷᠤᠵᠧᠺᠲ ᠦᠨ ᠨᠦᠬᠦᠪᠦᠷᠢ ᠪᠡᠯᠡ ᠮᠦᠩᠬᠦ ᠵᠢ ᠠᠰᠢᠭᠯᠠᠵᠦ᠂ᠠᠯᠪᠠᠨ ᠵᠢᠷᠤᠮ ᠦᠨ ᠰᠤᠷᠭᠠᠨ ᠬᠦᠮᠦᠵᠢᠯ ᠦᠨ ᠱᠠᠳᠤᠨ ᠦ ᠦᠨᠳᠦᠰᠦᠲᠡᠨ ᠦ ᠰᠤᠷᠭᠠᠭᠤᠯᠢ ᠵᠢᠨ ᠰᠤᠷᠭᠠᠭᠤᠯᠢ ᠡᠷᠬᠢᠯᠡᠬᠦ ᠨᠦᠬᠦᠴᠡᠯ ᠢ ᠰᠠᠢᠢᠵᠢᠷᠠᠭᠤᠯᠤᠨ ᠦᠨᠳᠦᠰᠦᠲᠡᠨ ᠦ ᠠᠯᠪᠠᠨ ᠵᠢᠷᠤᠮ ᠦᠨ ᠰᠤᠷᠭᠠᠨ ᠬᠦᠮᠦᠵᠢᠯ ᠦᠨ《ᠬᠤᠶᠠᠷ ᠦᠨᠳᠦᠰᠦᠨ ᠳᠦ ᠪᠠᠨ》 ᠦ ᠪᠡᠬᠢᠵᠢᠯᠡᠯᠲᠡ ᠲᠡᠭᠡᠭ᠍ᠰᠢᠯᠡᠯᠲᠡ᠂ᠰᠤᠷᠭᠠᠭᠤᠯᠢ ᠵᠢᠨ ᠪᠠᠷᠢᠮᠵᠢᠶᠠᠯᠠᠯᠲᠠ ᠵᠢᠨ ᠪᠠᠢᠢᠭᠤᠯᠤᠯᠲᠠ᠂ᠤᠷᠤᠨ ᠪᠦᠰᠡ ᠵᠢᠨ ᠲᠤᠳᠤᠷᠠᠬᠢ ᠲᠠᠩᠴᠡᠬᠦᠷᠢᠲᠡᠢ ᠬᠦᠭᠵᠢᠯᠲᠡ ᠵᠢᠨ ᠬᠢᠷᠢ ᠲᠦᠪᠰᠢᠨ ᠨᠢ ᠦᠪᠦᠷ ᠮᠤᠩᠭ᠋ᠤᠯ ᠦᠨ ᠦᠪᠡᠷᠳᠡᠭᠡᠨ ᠵᠠᠰᠠᠬᠤ ᠤᠷᠤᠨ ᠦ ᠲᠡᠷᠢᠬᠦᠨ ᠡᠩᠨᠠᠭᠡ ᠳᠦ ᠤᠷᠤᠪᠠ᠃

2013 ᠤᠨ ᠦ ᠨᠠᠮᠤᠷ ᠡᠴᠡ ᠲᠦᠩᠯᠢᠶᠤᠤ ᠬᠤᠳᠠ ᠮᠠᠯᠵᠢᠬᠤ ᠲᠠᠷᠢᠶᠠᠯᠠᠬᠤ ᠤᠷᠤᠨ ᠳᠦ ᠰᠢᠨ᠎ᠠ ᠪᠡᠷ ᠪᠠᠢᠢᠭᠤᠯᠤᠭᠰᠠᠨ ᠠᠯᠪᠠᠨ ᠡᠴᠡ ᠡᠷᠬᠢᠯᠡᠬᠦ ᠮᠤᠩᠭ᠋ᠤᠯ ᠦᠨᠳᠦᠰᠦᠲᠡᠨ ᠦ ᠬᠡᠥᠬᠡᠳ ᠦᠨ ᠴᠡᠴᠡᠷᠯᠢᠭ᠍ ᠲᠦ ᠰᠤᠷᠳᠠᠭ ᠬᠡᠥᠬᠡᠳ ᠢ ᠠᠰᠠᠷᠠᠵᠦ ᠬᠦᠮᠦᠵᠢᠬᠦᠯᠬᠦ ᠵᠠᠷᠤᠳᠠᠯ ᠪᠠ ᠬᠠᠮᠢᠶᠠᠷᠤᠯᠳᠠ ᠵᠢᠨ ᠮᠦᠩᠬᠦ ᠵᠢ ᠤᠰᠠᠳᠬᠠᠵᠦ᠂ᠠᠯᠪᠠᠨ ᠵᠢᠷᠤᠮ ᠦᠨ ᠰᠤᠷᠭᠠᠨ ᠬᠦᠮᠦᠵᠢᠯ ᠦᠨ ᠱᠠᠳᠤᠨ ᠦ ᠰᠤᠷᠤᠭᠴᠢᠳ ᠦᠨ ᠠᠯᠪᠠᠨ ᠡᠴᠡ ᠬᠡᠷᠡᠭᠯᠡᠬᠦ  ᠲᠤᠮᠳᠠᠴᠢ ᠵᠠᠷᠤᠳᠠᠯ ᠢ ᠲᠡᠭᠡᠭ᠍ᠰᠢᠯᠡᠬᠦᠯᠵᠦ᠂ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠳᠦ ᠲᠡᠳᠬᠦᠮᠵᠢ ᠵᠢᠨ ᠮᠦᠩᠬᠦ ᠤᠯᠭᠤᠬᠤ ᠲᠤᠷᠰᠢᠯᠲᠠ ᠵᠢᠨ ᠴᠢᠭ᠌ ᠭᠠᠷᠭᠠᠵᠦ᠂ᠵᠢᠯ ᠪᠦᠷᠢ ᠮᠤᠩᠭ᠋ᠤᠯ ᠬᠡᠯᠡ ᠪᠡᠷ ᠬᠢᠴᠢᠶᠡᠯᠯᠡᠵᠦ ᠪᠠᠢᠢᠭ᠎ᠠ ᠲᠤᠮᠳᠠᠳᠦ ᠪᠠᠭ᠎ᠠ ᠰᠤᠷᠭᠠᠭᠤᠯᠢ ᠵᠢᠨ ᠰᠤᠷᠤᠭᠴᠢᠳ ᠲᠦ ᠲᠡᠳᠭᠦᠮᠵᠢ ᠵᠢᠨ ᠮᠦᠩᠬᠦ ᠤᠯᠭᠤᠬᠤ ᠪᠤᠯᠪᠠ᠃2011 ᠤᠨ ᠡᠴᠡ ᠲᠦᠩᠯᠢᠶᠤᠤ ᠬᠤᠳᠠ ᠲᠤᠰ ᠱᠠᠳᠤᠨ ᠦ ᠡᠳ᠋ ᠦᠨ ᠵᠠᠰᠠᠭ ᠲᠦ ᠦᠨᠳᠦᠰᠦᠲᠡᠨ ᠦ ᠰᠤᠷᠭᠠᠨ ᠬᠦᠮᠦᠵᠢᠯ ᠦᠨ ᠲᠤᠰᠬᠠᠢ ᠫᠷᠤᠵᠧᠺᠲ ᠦᠨ ᠨᠦᠬᠦᠪᠦᠷᠢ ᠮᠦᠩᠬᠦ ᠪᠠᠢᠢᠭᠤᠯᠤᠨ᠂ᠡᠯ᠎ᠠ ᠬᠤᠰᠢᠭᠤ ᠰᠢᠶᠠᠨ ᠬᠤᠳᠠ ᠲᠤᠭᠤᠷᠢᠭ ᠦᠨ ᠡᠳ᠋ ᠦᠨ ᠵᠠᠰᠠᠭ ᠲᠤᠬᠠᠢ ᠵᠢᠨ ᠭᠠᠵᠠᠷ ᠤᠷᠤᠨ ᠦ ᠪᠠᠨ ᠦᠨᠳᠦᠰᠦᠲᠡᠨ ᠦ ᠰᠤᠷᠭᠠᠨ ᠬᠦᠮᠦᠵᠢᠯ ᠦᠨ ᠠᠵᠢᠯ ᠦᠨ ᠬᠤᠪᠢ ᠵᠢᠨ ᠵᠢᠩ ᠳᠦ ᠰᠠᠭᠤᠷᠢᠯᠠᠨ ᠲᠤᠬᠢᠷᠠᠮᠵᠢᠲᠠᠢ ᠪᠡᠷ ᠲᠤᠰᠬᠠᠢ ᠫᠷᠤᠵᠧᠺᠲ ᠦᠨ ᠨᠦᠬᠦᠪᠦᠷᠢ ᠮᠦᠩᠬᠦ ᠪᠠᠢᠢᠭᠤᠯᠵᠦ᠂ᠦᠨᠳᠦᠰᠦᠲᠡᠨ ᠦ ᠰᠤᠷᠭᠠᠨ ᠬᠦᠮᠦᠵᠢᠯ ᠦᠨ ᠦᠢᠯᠡᠰ ᠦᠨ ᠬᠦᠭᠵᠢᠯᠲᠡ ᠳᠦ ᠲᠤᠯᠭᠠᠷᠠᠵᠦ ᠪᠠᠢᠢᠭ᠎ᠠ ᠬᠦᠴᠢᠷᠳᠡᠯ ᠦᠨ ᠲᠤᠪᠤᠢᠢᠭᠰᠠᠨ ᠠᠰᠠᠭᠤᠳᠠᠯ ᠢ ᠦᠨᠡᠨ ᠬᠦ ᠰᠡᠢᠢᠳᠪᠦᠷᠢᠯᠡᠪᠡ᠃

ᠮᠤᠩᠭ᠋ᠤᠯ ᠬᠢᠳᠠᠳ ᠲᠦ ᠪᠠᠨ ᠨᠡᠪᠲᠡᠷᠡᠭᠰᠡᠨ ᠶᠡᠬᠡ ᠲᠡᠭᠡᠳᠦ ᠲᠤᠰᠬᠠᠢ ᠮᠡᠷᠭᠡᠵᠢᠯ ᠦᠨ ᠰᠤᠷᠭᠠᠭᠤᠯᠢ ᠲᠡᠭᠦᠰᠦᠭᠰᠡᠨ ᠤᠶᠤᠲᠠᠳ ᠦᠨ ᠠᠵᠢᠯ ᠤᠯᠭᠤᠯᠲᠠ ᠵᠢᠨ ᠠᠵᠢᠯ ᠢ ᠦᠨᠡᠨ ᠬᠦ ᠰᠠᠢᠢᠨ ᠬᠢᠬᠦ ᠵᠢᠨ ᠲᠦᠯᠦᠬᠡ᠂2013 ᠤᠨ ᠡᠴᠡ ᠲᠦᠩᠯᠢᠶᠤᠤ ᠬᠤᠳᠠ᠂ᠬᠤᠰᠢᠭᠤ ᠰᠢᠶᠠᠨ ᠬᠤᠶᠠᠷ ᠱᠠᠳᠤᠨ ᠦ ᠨᠠᠮ ᠵᠠᠰᠠᠭ ᠦᠨ ᠪᠠᠢᠢᠭᠤᠯᠭ᠎ᠠ ᠠᠯᠪᠠᠲᠠᠨ ᠰᠢᠯᠭᠠᠨ ᠬᠡᠷᠡᠭᠯᠡᠬᠦ ᠪᠠ ᠠᠵᠢᠯ ᠦᠢᠯᠡᠰ ᠦᠨ ᠨᠢᠬᠡᠴᠢ ᠠᠵᠢᠯᠲᠠᠨ ᠡᠯᠰᠡᠨ ᠬᠡᠷᠡᠭᠯᠡᠬᠦ ᠳᠦ ᠪᠠᠨ ᠲᠤᠬᠢᠷᠠᠮᠵᠢᠲᠠᠢ ᠬᠠᠷᠭᠠᠯᠵᠠᠯ ᠦᠨ ᠲᠦᠷᠦ ᠵᠢᠨ ᠪᠤᠳᠤᠯᠭ᠎ᠠ ᠲᠤᠭᠳᠠᠭᠠᠵᠦ᠂ᠶᠡᠬᠡ ᠲᠡᠭᠡᠳᠦ ᠰᠤᠷᠭᠠᠭᠤᠯᠢ ᠪᠠ ᠲᠤᠰᠬᠠᠢ ᠮᠡᠷᠭᠡᠵᠢᠯ ᠦᠨ ᠰᠤᠷᠭᠠᠭᠤᠯᠢ ᠡᠴᠡ ᠲᠡᠭᠦᠰᠦᠭᠰᠡᠨ ᠮᠤᠩᠭ᠋ᠤᠯ ᠬᠢᠳᠠᠳ ᠲᠦ ᠨᠡᠪᠲᠡᠷᠡᠭᠰᠡᠨ ᠤᠶᠤᠲᠠᠳ ᠦᠨ ᠰᠢᠯᠭᠠᠨ ᠬᠡᠷᠡᠭᠯᠡᠬᠦ ᠬᠠᠷᠢᠴᠠᠯ ᠢ 15% ᠡᠴᠡ ᠲᠤᠤᠷ᠎ᠠ ᠪᠠᠢᠢᠯᠭᠠᠬᠤ ᠦᠭᠡᠢ ᠪᠠᠢᠢᠬᠤ ᠵᠢ ᠪᠠᠳᠤᠯᠠᠵᠦ᠂ᠡᠭᠦᠨ ᠦ ᠬᠠᠮᠳᠦ ᠡᠯ᠎ᠠ ᠲᠦᠷᠦᠯ ᠦᠨ ᠠᠵᠦ ᠠᠬᠤᠢᠢᠯᠠᠯ ᠳᠦ ᠮᠤᠩᠭ᠋ᠤᠯ  ᠬᠢᠳᠠᠳ ᠲᠦ ᠨᠡᠪᠲᠡᠷᠡᠭᠰᠡᠨ ᠠᠵᠢᠯᠲᠠᠳ ᠢ ᠡᠯᠬᠡᠨ ᠬᠡᠷᠡᠭᠯᠡᠬᠦ ᠵᠢ ᠢᠳᠡᠪᠬᠢᠲᠡᠢ ᠵᠢᠯᠤᠭᠤᠳᠤᠨ ᠵᠤᠷᠢᠭᠵᠢᠭᠤᠯᠤᠭᠰᠠᠨ ᠪᠠᠢᠢᠨ᠎ᠠ᠃

ᠬᠤᠤᠰ ᠬᠡᠯᠡᠨ ᠦ ᠰᠤᠷᠭᠠᠨ ᠬᠦᠮᠦᠵᠢᠯ ᠢ ᠤᠷᠳᠤ ᠬᠤᠭᠤᠴᠠᠭ᠎ᠠ ᠪᠡᠷ ᠴᠢᠬᠤᠯᠠᠴᠢᠯᠠᠭᠰᠠᠨ ᠵᠢᠡᠷ1982ᠤᠨ ᠡᠴᠡ ᠨᠠᠭᠠᠰᠢᠬᠢ ᠶᠡᠬᠡ ᠰᠤᠷᠭᠠᠭᠤᠯᠢ ᠵᠢᠨ ᠰᠢᠯᠭᠠᠯᠲᠠ ᠳᠦ ᠦᠪᠦᠷ ᠮᠤᠩᠭ᠋ᠤᠯ ᠦᠨ ᠮᠤᠩᠭ᠋ᠤᠯ  ᠬᠡᠯᠡ ᠪᠡᠷ ᠬᠢᠴᠢᠶᠡᠯᠯᠡᠵᠦ ᠪᠠᠢᠢᠭ᠎ᠠ ᠨᠡᠢᠢᠭᠡᠮ ᠦᠨ ᠬᠢ ᠪᠠ ᠪᠠᠢᠢᠭᠠᠯᠢ ᠵᠢᠨ ᠰᠢᠨᠵᠢᠯᠡᠬᠦ ᠤᠬᠠᠭᠠᠨ ᠦ ᠰᠠᠯᠪᠤᠷᠢ ᠵᠢᠨ ᠵᠦᠸᠠᠩᠶᠤᠸᠠᠨ 25ᠴᠤᠯᠭᠤᠷᠠᠵᠦ᠂2005ᠤᠨ ᠡᠴᠡ ᠨᠠᠭᠠᠰᠢ 7 ᠰᠤᠷᠤᠭᠴᠢ ᠴᠢᠩᠬᠤᠸᠠ ᠶᠡᠬᠡ ᠰᠤᠷᠭᠠᠭᠤᠯᠢ ᠪᠠ ᠪᠡᠭᠡᠵᠢᠩ ᠶᠡᠬᠡ ᠰᠤᠷᠭᠠᠭᠤᠯᠢ ᠳᠦ ᠡᠯᠰᠡᠭᠳᠡᠭᠰᠡᠨ ᠪᠦᠬᠡᠳ ᠦᠨᠳᠦᠰᠦᠨ ᠠᠩᠬᠢ ᠪᠠ ᠭᠤᠤᠯᠳᠠᠯᠭ᠎ᠠ ᠲᠠᠢ ᠦᠨᠳᠦᠰᠦᠨ ᠠᠩᠬᠢ ᠵᠢᠨ ᠡᠯᠰᠡᠯᠲᠡ ᠵᠢᠨ ᠱᠤᠭᠤᠮ ᠡᠴᠡ ᠲᠠᠪᠠᠭᠰᠠᠨ ᠨᠤᠷᠮ᠎ᠠ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠲᠤᠮᠳᠠᠴᠢ ᠬᠢᠷᠢ ᠲᠦᠪᠰᠢᠨ ᠡᠴᠡ20%ᠭᠠᠷᠤᠢ ᠦᠨᠳᠦᠷ ᠪᠤᠯᠵᠦ᠂ᠰᠤᠷᠭᠠᠭᠤᠯᠢ ᠲᠠᠪᠰᠢᠯᠲᠠ ᠵᠢᠨ ᠴᠢᠨᠠᠷ ᠦᠪᠦᠷ ᠮᠤᠩᠭ᠋ᠤᠯ ᠳᠦ ᠲᠦᠷᠦᠬᠦᠯᠡᠭᠰᠡᠭᠡᠷ ᠢᠷᠡᠪᠡ᠃


ᠭᠠᠵᠤᠭ᠎ᠠ ᠨᠢᠭᠡᠳᠦᠭᠡᠷ ᠲᠤᠮᠳᠠᠳᠦ ᠰᠤᠷᠭᠠᠭᠤᠯᠢ ᠪᠤᠯ ᠬᠤᠷᠴᠢᠨ ᠵᠡᠭᠦᠨ ᠭᠠᠷᠤᠨ ᠬᠤᠢᠢᠳᠦ ᠬᠤᠰᠢᠭᠤᠨ ᠦ ᠮᠤᠩᠭ᠋ᠤᠯ ᠬᠢᠳᠠᠳ ᠢ ᠨᠡᠢᠢᠯᠡᠬᠦᠯᠦᠭᠰᠡᠨ ᠠᠩᠬᠠᠳᠠᠭᠴᠢ ᠪᠦᠷᠢᠨ ᠲᠤᠮᠳᠠᠳᠦ ᠰᠤᠷᠭᠠᠭᠤᠯᠢ

ᠬᠤᠤᠯᠢᠩᠭᠤᠤᠯ ᠬᠤᠳᠠ ᠵᠢᠨ ᠮᠤᠩᠭ᠋ᠤᠯ ᠦᠨᠳᠦᠰᠦᠲᠡᠨ ᠦ ᠰᠤᠷᠭᠠᠭᠤᠯᠢ 1983 ᠤᠨ ᠦ 10 ᠰᠠᠷ᠎ᠠ ᠳᠦ ᠪᠠᠢᠢᠭᠤᠯᠤᠭᠳᠠᠵᠦ᠂ᠪᠠᠭ᠎ᠠ᠂ᠠᠩᠬ᠎ᠠ ᠲᠤᠮᠳᠠᠳᠦ᠂ᠲᠡᠭᠡᠳᠦ ᠰᠤᠷᠭᠠᠭᠤᠯᠢ ᠵᠢ ᠨᠢᠭᠡ ᠴᠤᠭᠴᠠᠵᠢᠭᠤᠯᠤᠭᠰᠠᠨ ᠦᠨᠳᠦᠰᠦᠲᠡᠨ ᠦ ᠰᠤᠷᠭᠠᠨ ᠬᠦᠮᠦᠵᠢᠯ ᠦᠨ ᠭᠤᠤᠯ ᠰᠤᠷᠭᠠᠭᠤᠯᠢ ᠪᠤᠯᠪᠠ

ᠬᠤᠷᠴᠢᠨ ᠵᠡᠬᠦᠨ ᠭᠠᠷᠤᠨ ᠬᠤᠢᠢᠳᠦ ᠬᠤᠰᠢᠭᠤᠨ ᠦ ᠮᠤᠩᠭ᠋ᠤᠯ ᠦᠨᠳᠦᠰᠦᠲᠡᠨ ᠦ  ᠲᠤᠷᠰᠢᠯᠲᠠ ᠵᠢᠨ ᠪᠠᠭ᠎ᠠ ᠰᠤᠷᠭᠠᠭᠤᠯᠢ ᠵᠢᠨ ᠰᠤᠷᠤᠭᠴᠢᠳ ᠦᠨ ᠤᠷᠠᠨ ᠰᠠᠢᠢᠬᠠᠨ ᠦ ᠲᠤᠭᠯᠠᠯᠲᠠ

ᠬᠤᠷᠴᠢᠨ ᠵᠡᠬᠦᠨ ᠭᠠᠷᠤᠨ ᠲᠤᠮᠳᠠᠳᠦ ᠬᠤᠰᠢᠭᠤᠨ ᠦ ᠮᠤᠩᠭ᠋ᠤᠯ ᠦᠨᠳᠦᠰᠦᠲᠡᠨ ᠦ ᠲᠤᠷᠰᠢᠯᠲᠠ ᠵᠢᠨ ᠰᠤᠷᠭᠠᠭᠤᠯᠢ ᠪᠤᠯ 197  ᠤᠨ ᠳᠦ ᠪᠠᠢᠢᠭᠤᠯᠤᠭᠳᠠᠭᠰᠠᠨ ᠮᠤᠩᠭ᠋ᠤᠯ ᠵᠢᠡᠷ ᠬᠢᠴᠢᠶᠡᠯᠯᠡᠳᠡᠭ ᠶᠢᠰᠦᠨ ᠵᠢᠯ ᠦᠨ ᠲᠦᠷᠢᠮᠳᠦ ᠰᠤᠷᠭᠠᠭᠤᠯᠢ ᠮᠦᠨ᠂ᠤᠳᠤ 2000 ᠰᠢᠬᠠᠮ ᠰᠤᠷᠤᠭᠴᠢ ᠲᠠᠢ᠃《ᠪᠦᠬᠦ ᠤᠯᠤᠰ ᠦᠨ ᠲᠡᠷᠢᠬᠦᠨ ᠦ ᠨᠤᠮ ᠦᠨ ᠰᠠᠩ》《ᠪᠦᠬᠦ ᠤᠯᠤᠰ ᠦᠨ ᠤᠯᠠᠭᠠᠨ ᠲᠤᠭᠴᠢ ᠶᠡᠬᠡ ᠠᠩᠬᠢ》ᠵᠡᠷᠬᠡ ᠴᠤᠯᠠ ᠵᠢ ᠤᠯᠠᠨᠳᠠ ᠬᠦᠷᠳᠡᠪᠡ

ᠬᠤᠷᠴᠢᠨ ᠵᠡᠭᠦᠨ ᠭᠠᠷᠤᠨ ᠬᠤᠢᠢᠳᠦ ᠬᠤᠰᠢᠭᠤᠨ ᠦ ᠮᠤᠩᠭ᠋ᠤᠯ ᠦᠨᠳᠦᠰᠦᠲᠡᠨ ᠦ ᠲᠤᠷᠰᠢᠯᠲᠠ ᠵᠢᠨ ᠪᠠᠭ᠎ᠠ ᠰᠤᠷᠭᠠᠭᠤᠯᠢ 2004 ᠤᠨ ᠦ 9ᠰᠠᠷ᠎ᠠ ᠳᠦ ᠪᠠᠢᠢᠯᠤᠭᠳᠠᠪᠠ᠃ᠤᠳᠤ 24 ᠠᠩᠬᠢ᠂1418 ᠰᠤᠷᠤᠭᠴᠢ  ᠲᠠᠢ᠃ᠵᠢᠷᠤᠭ᠄ᠬᠡᠷ ᠦᠨ ᠠᠬᠠᠮᠠᠳ ᠰᠤᠷᠤᠭᠴᠢᠳ ᠦᠨ ᠭᠠᠷ ᠤᠷᠠᠯᠠᠯ ᠦᠨ ᠪᠦᠳᠦᠭᠡᠯ ᠢ ᠰᠤᠨᠢᠷᠬᠠᠵᠦ ᠪᠤᠢ

ᠬᠤᠷᠴᠢᠨ ᠵᠡᠬᠦᠨ ᠭᠠᠷᠤᠨ ᠲᠤᠮᠳᠠᠳᠦ ᠬᠤᠰᠢᠭᠤᠨ ᠦ ᠮᠤᠩᠭ᠋ᠤᠯ ᠦᠨᠳᠦᠰᠦᠲᠡᠨ ᠦ ᠲᠤᠷᠰᠢᠯᠲᠠ ᠵᠢᠨ ᠲᠤᠮᠳᠠᠳᠦ ᠰᠤᠷᠭᠠᠭᠤᠯᠢ ᠪᠤᠯ 1986 ᠤᠨ ᠳᠦ ᠪᠠᠢᠢᠭᠤᠯᠤᠭᠳᠠᠭᠰᠠᠨ᠂ᠪᠢᠳᠡᠭᠦᠮᠵᠢᠯᠡᠭᠰᠡᠨ ᠬᠠᠮᠢᠶᠠᠷᠤᠯᠲᠠ ᠬᠢᠬᠡᠳ ᠴᠢᠯᠦᠬᠡᠳᠡᠢ ᠵᠢᠭᠠᠨ ᠰᠤᠷᠭᠠᠯᠲᠠ ᠲᠠᠢ᠂ᠨᠡᠢᠢᠳᠡ ᠵᠢᠨ ᠪᠠᠭᠤᠳᠠᠯ ᠮᠠᠶᠢᠭ ᠵᠢᠡᠷ ᠬᠠᠮᠢᠶᠠᠷᠠᠬᠤ ᠪᠠᠢᠢᠷᠢ ᠳᠦ ᠰᠠᠭᠤᠬᠤ ᠲᠦᠷᠢᠮᠳᠦ ᠰᠤᠷᠭᠠᠭᠤᠯᠢ

ᠬᠦᠷᠢᠶ᠎ᠠ  ᠬᠤᠰᠢᠭᠤᠨ ᠦ ᠮᠤᠩᠭ᠋ᠤᠯ ᠦᠨᠳᠦᠰᠦᠲᠡᠨ ᠦ ᠪᠠᠭ᠎ᠠ ᠰᠤᠷᠭᠠᠭᠤᠯᠢ ᠪᠤᠯ ᠮᠤᠩᠭ᠋ᠤᠯ ᠠᠩᠬᠢᠯᠢ ᠬᠢᠳᠠᠳ ᠭᠤᠷᠪᠠᠨ ᠬᠡᠯᠡ ᠪᠡᠷ ᠬᠢᠴᠢᠶᠡᠯᠯᠡᠵᠦ ᠪᠠᠢᠢᠭ᠎ᠠ ᠪᠠᠢᠢᠷᠢ ᠳᠦ ᠰᠠᠭᠤᠬᠤ ᠲᠦᠷᠢᠮᠳᠦ ᠪᠠᠭ᠎ᠠ ᠰᠤᠷᠭᠠᠭᠤᠯᠢ᠃ᠵᠢᠷᠤᠭ᠄ ᠰᠤᠷᠤᠭᠴᠢᠳ ᠠᠨᠳᠠᠢ ᠵᠢᠨ ᠲᠠᠮᠢᠷ ᠬᠢᠵᠦ ᠪᠤᠢ

ᠬᠦᠷᠢᠶ᠎ᠠ ᠬᠤᠰᠢᠭᠤᠨ ᠦ ᠨᠢᠭᠡᠳᠦᠬᠡᠷ ᠲᠤᠮᠳᠠᠳᠦ ᠰᠤᠷᠭᠠᠭᠤᠯᠢ 1954 ᠤᠨ ᠳᠦ ᠪᠠᠢᠢᠭᠤᠯᠤᠭᠳᠠᠪᠠ᠃ᠵᠢᠷᠤᠭ᠄ᠵᠢᠱᠢᠶ᠎ᠠ ᠦᠵᠡᠬᠦᠯᠬᠦ ᠬᠢᠴᠢᠶᠡᠯ ᠤᠷᠤᠵᠦ ᠪᠤᠢ

ᠬᠦᠷᠢᠶ᠎ᠠ ᠬᠤᠰᠢᠭᠤᠨ ᠳᠦ ᠪᠤᠯᠤᠭᠰᠠᠨ ᠨᠠᠢᠮᠠᠨ ᠮᠤᠵᠢ ᠤᠷᠤᠨ ᠦ 《ᠨᠠᠢᠮᠠᠨ ᠰᠢᠷᠭ᠎ᠠ ᠬᠤᠨᠳᠠᠭᠠᠳᠦ》ᠮᠤᠩᠭ᠋ᠤᠯ  ᠬᠡᠯᠡᠨ ᠦ ᠵᠤᠬᠢᠶᠠᠯ ᠦᠨ ᠤᠷᠤᠯᠳᠤᠭᠠᠨ ᠦ ᠱᠠᠩᠨᠠᠯ ᠤᠯᠭᠤᠬᠤ ᠶᠤᠰᠤᠯᠠᠯ

ᠲᠦᠩᠯᠢᠶᠤᠤ ᠬᠤᠳᠠ ᠵᠢᠨ ᠮᠤᠩᠭ᠋ᠤᠯ ᠦᠨᠳᠦᠰᠦᠲᠡᠨ ᠦ ᠰᠤᠷᠭᠠᠭᠤᠯᠢ 1984 ᠤᠨ ᠳᠦ ᠪᠠᠢᠢᠭᠤᠯᠤᠭᠳᠠᠭᠰᠠᠨ ᠪᠦᠬᠡᠳ ᠤᠳᠤ 3000 ᠭᠠᠷᠤᠢ ᠰᠤᠷᠤᠭᠴᠢ ᠲᠠᠢ᠃ᠵᠢᠷᠤᠭ᠄ᠰᠤᠷᠤᠭᠴᠢᠳ ᠲᠡᠥᠬᠡᠨ ᠵᠦᠴᠦᠬᠡ ᠲᠤᠭᠯᠠᠵᠦ ᠪᠤᠢ

1983 ᠤᠨ ᠰᠦ ᠪᠠᠢᠢᠭᠤᠯᠤᠭᠳᠠᠭᠰᠠᠨ ᠲᠦᠩᠯᠢᠶᠤᠤ ᠵᠢᠨ ᠮᠤᠩᠭ᠋ᠤᠯ ᠦᠨᠳᠦᠰᠦᠲᠡᠨ ᠦ ᠬᠡᠥᠬᠡᠳ ᠦᠨ ᠴᠡᠴᠡᠷᠯᠢᠭ᠌ ᠪᠤᠯ ᠦᠯᠢᠬᠡᠷ ᠲᠠᠭᠤᠷᠢᠶᠠᠯ ᠦᠨ ᠴᠢᠨᠠᠷᠲᠠᠢ ᠬᠡᠥᠬᠡᠳ ᠦᠨ ᠴᠡᠴᠡᠷᠯᠢᠭ᠌ ᠮᠦᠨ

ᠵᠠᠷᠤᠳ ᠬᠤᠰᠢᠭᠤᠨ ᠦ ᠮᠤᠩᠭ᠋ᠤᠯ ᠦᠨᠳᠦᠰᠦᠲᠡᠨ ᠦ ᠬᠤᠶᠠᠳᠤᠭᠠᠷ ᠲᠤᠮᠳᠠᠳᠦ ᠰᠤᠷᠭᠠᠭᠤᠯᠢ ᠤᠳᠤ 1800 ᠭᠠᠷᠤᠢ ᠰᠤᠷᠤᠭᠴᠢ ᠲᠠᠢ ᠪᠦᠬᠡᠳ98% ᠨᠢ ᠪᠠᠢᠢᠷᠢ ᠳᠦ ᠰᠠᠭᠤᠵᠦ ᠪᠤᠢ

ᠵᠠᠷᠤᠳ ᠬᠤᠰᠢᠭᠤᠨ ᠦ ᠮᠤᠩᠭ᠋ᠤᠯ ᠦᠨᠳᠦᠰᠦᠲᠡᠨ ᠦ ᠨᠢᠭᠡᠳᠦᠬᠡᠷ ᠲᠤᠮᠳᠠᠳᠦ ᠰᠤᠷᠭᠠᠭᠤᠯᠢ 1982 ᠤᠨ ᠳᠦ ᠪᠠᠢᠢᠭᠤᠯᠤᠭᠳᠠᠵᠦ᠂ᠤᠳᠤ1400 ᠭᠠᠷᠤᠢ ᠰᠤᠷᠤᠭᠴᠢ ᠲᠠᠢ᠃ᠰᠤᠷᠭᠠᠭᠤᠯᠢ ᠵᠢᠨ ᠬᠢᠨ ᠦᠷᠭᠦᠯᠵᠢ ᠮᠤᠩᠭ᠋ᠤᠯ ᠰᠤᠶᠤᠯ ᠦᠨ ᠬᠦᠳᠡᠯᠬᠡᠬᠡᠨ ᠦᠷᠨᠢᠭᠦᠯᠳᠡᠭ

ᠲᠦᠩᠯᠢᠶᠤᠤ ᠬᠤᠳᠠ ᠵᠢᠨ ᠮᠤᠩᠭ᠋ᠤᠯ ᠦᠨᠳᠦᠰᠦᠲᠡᠨ ᠦ ᠲᠤᠮᠳᠠᠳᠦ ᠰᠤᠷᠭᠠᠭᠤᠯᠢ ᠪᠤᠯ 1954 ᠤᠨ ᠳᠦ ᠪᠠᠢᠢᠯᠤᠭᠳᠠᠭᠰᠠᠨ᠂ᠤᠳᠤ3600ᠭᠠᠷᠤᠢ ᠰᠤᠷᠤᠭᠴᠢ ᠲᠠᠢ ᠪᠦᠬᠡᠳ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠴᠢᠨᠠᠭᠰᠢᠯᠠᠭᠠᠳ ᠪᠦᠬᠦ ᠤᠯᠤᠰ ᠲᠦ ᠮᠤᠩᠭ᠋ᠤᠯ ᠰᠤᠷᠤᠭᠴᠢ ᠬᠠᠮᠤᠭ ᠤᠯᠠᠨ᠂ᠬᠡᠪᠴᠢᠶ᠎ᠠ ᠬᠠᠮᠤᠭ ᠦᠨ ᠶᠬᠡ ᠮᠤᠩᠭ᠋ᠤᠯ ᠦᠨᠳᠦᠰᠦᠲᠡᠨ ᠦ ᠲᠡᠬᠡᠳᠦ ᠵᠡᠷᠬᠡ ᠵᠢᠨ ᠲᠤᠮᠳᠠᠳᠦ ᠰᠤᠷᠭᠠᠭᠤᠯᠢ ᠶᠤᠮ᠃ᠰᠤᠷᠭᠠᠭᠤᠯᠢ ᠪᠠᠢᠢᠭᠤᠯᠤᠭᠳᠠᠭᠰᠠᠨ ᠡᠴᠡ ᠨᠠᠰᠢ᠂ᠤᠯᠤᠰ ᠲᠦ30000ᠰᠢᠬᠠᠮ ᠤᠶᠤᠲᠠᠨ ᠪᠠ ᠡᠯ᠎ᠠ ᠲᠡᠰ ᠡᠯ᠎ᠠ ᠲᠦᠷᠦᠯ ᠦᠨ ᠰᠢᠯᠢᠳᠡᠭ ᠴᠢᠳᠠᠪᠦᠷᠢᠳᠠᠨ ᠢ ᠬᠦᠮᠦᠵᠢᠬᠦᠯᠪᠡ᠃ᠵᠢᠷᠤᠭ᠄ᠲᠤᠰ ᠰᠤᠷᠭᠠᠭᠤᠯᠢ ᠵᠨ ᠰᠤᠷᠤᠭᠴᠢᠳ ᠪᠡᠭᠡᠵᠢᠩ ᠦᠨ ᠠᠷᠪᠠᠨ ᠰᠠᠷ᠎ᠠ ᠵᠢᠨ ᠨᠢᠬᠡᠨ ᠨᠡᠷᠡᠮᠵᠢᠳᠦ ᠰᠤᠷᠭᠠᠭᠤᠯᠢ ᠵᠢᠨ ᠬᠢᠨ ᠲᠠᠢ ᠵᠤᠰᠠᠯᠠᠩ ᠦᠨ ᠠᠵᠢᠯᠯᠠᠭ᠎ᠠ ᠦᠷᠨᠢᠬᠦᠯᠪᠡ

ᠲᠤᠰ ᠰᠤᠷᠭᠠᠭᠤᠯᠢ ᠡᠴᠡ ᠴᠤᠯᠭᠤᠷᠠᠭᠰᠠᠨ ᠵᠦᠸᠠᠩᠶᠤᠸᠠᠨ ᠨᠠᠷ



ᠵᠤᠬᠢᠶᠠᠭᠴᠢ᠄ ᠭᠤᠣ᠎ᠠ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 423
ᠴᠠᠭ᠄ 2015 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁