《ᠭᠡᠰᠡᠷ》ᠬᠢᠬᠡᠳ ᠠᠮᠠᠨ ᠲᠤᠤᠯᠢ ᠵᠢᠨ ᠤᠯᠠᠨ ᠤᠯᠤᠰ ᠦᠨ ᠡᠷᠳᠡᠮ ᠰᠢᠨᠵᠢᠯᠡᠬᠡᠨ ᠦ ᠬᠤᠷᠠᠯ ᠪᠠᠭᠠᠷᠢᠨ ᠪᠠᠷᠠᠭᠤᠨ ᠬᠤᠰᠢᠭᠤᠨ ᠳᠦ ᠬᠤᠷᠠᠯᠳᠤᠪᠠ

2013 ᠤᠨ ᠦ 9 ᠰᠠᠷ᠎ᠠ ᠵᠢᠨ12 ᠡᠴᠡ16 ᠦ ᠡᠳᠦᠷ ᠪᠤᠯᠳᠠᠯ᠎ᠠ《〈ᠬᠡᠰᠡᠷ〉ᠬᠢᠬᠡᠳ ᠠᠮᠠᠨ ᠲᠤᠤᠯᠢ ᠵᠢᠨ ᠤᠯᠠᠨ ᠤᠯᠤᠰ ᠦᠨ ᠡᠷᠳᠡᠮ ᠰᠢᠨᠵᠢᠯᠡᠬᠡᠨ ᠦ ᠬᠤᠷᠠᠯ》ᠦᠪᠦᠷ ᠮᠤᠩᠭ᠋ᠤᠯ ᠦᠨ ᠪᠠᠭᠠᠷᠢᠨ ᠪᠠᠷᠠᠭᠤᠨ ᠬᠤᠰᠢᠭᠤᠨ ᠳᠦ ᠬᠤᠷᠠᠯᠳᠤᠪᠠ᠃ᠲᠤᠰ ᠬᠤᠷᠠᠯ ᠳᠦ ᠠᠮᠸᠷᠢᠺᠡ᠂ᠤᠷᠤᠰ᠂ᠶᠠᠫᠥᠨ᠂ᠮᠤᠩᠭ᠋ᠤᠯ᠂ᠲᠦᠷᠺ᠂ᠨᠢᠭᠸᠷᠢᠶ᠎ᠠ᠂ᠫᠤᠯᠠᠨᠳ᠋ ᠵᠡᠷᠭᠡ ᠤᠯᠤᠰ ᠵᠢᠴᠢ ᠲᠤᠮᠳᠠᠳᠤ ᠤᠯᠤᠰ ᠦᠨ ᠲᠠᠢᠢᠸᠠᠨ᠂ᠪᠡᠭᠡᠵᠢᠩ᠂ᠬᠦᠬᠡᠨᠠᠭᠤᠷ᠂ᠲᠦᠪᠡᠳ᠂ᠰᠸᠴᠤᠸᠠᠨ᠂ᠰᠢᠨᠵᠢᠶᠠᠩ᠂ᠭᠠᠨᠰᠦ᠂ᠦᠪᠦᠷ ᠮᠤᠩᠭ᠋ᠤᠯ ᠵᠡᠷᠬᠡ ᠭᠠᠵᠠᠷ ᠤᠷᠤᠨ ᠡᠴᠡ ᠬᠦᠷᠦᠯᠴᠡᠨ ᠢᠷᠡᠭᠰᠡᠨ ᠲᠤᠰᠬᠠᠢ ᠮᠡᠷᠭᠡᠵᠢᠯᠲᠡᠠ᠂ᠡᠷᠳᠡᠮᠳᠡᠳ ᠪᠠ ᠲᠤᠤᠯᠢ ᠤᠷᠠᠯᠢᠭᠴᠢᠳ ᠨᠡᠢᠢᠲᠡ ᠵᠠᠭᠤ ᠭᠠᠷᠤᠢ ᠬᠦᠮᠦᠰ ᠨᠡᠭᠡᠭᠡᠯᠲᠡ ᠵᠢᠨ ᠶᠤᠰᠤᠯᠠᠯ ᠳᠦ ᠤᠷᠤᠯᠴᠠᠪᠠ᠃ᠬᠤᠷᠠᠯ ᠦᠨ ᠬᠤᠭᠤᠴᠠᠭᠠᠨ ᠳᠦ᠂ᠲᠤᠰᠬᠠᠢ ᠮᠡᠷᠭᠡᠵᠢᠯᠲᠡᠳ ᠪᠠ ᠡᠷᠳᠡᠮᠳᠡᠳ《ᠦᠪᠦᠷ ᠮᠤᠩᠭ᠋ᠤᠯ ᠦᠨ ᠪᠠᠭᠠᠷᠢᠨ ᠪᠠᠷᠠᠭᠤᠨ ᠬᠤᠰᠢᠭᠤᠨ ᠦ ᠠᠩᠬᠠᠳᠠᠭᠴᠢ ᠬᠤᠭᠤᠴᠠᠭᠠᠨ ᠦ〈ᠬᠡᠰᠡᠷ ᠬᠤᠨᠳᠠᠭᠠᠲᠦ〉ᠤᠯᠠᠮᠵᠢᠯᠠᠯᠲᠦ ᠰᠤᠷ ᠬᠠᠷᠪᠤᠯᠳᠠ ᠵᠢᠨ ᠪᠦᠬᠦ ᠤᠯᠤᠰ ᠦᠨ ᠤᠷᠢᠯᠭ᠎ᠠ ᠵᠢᠨ ᠤᠷᠤᠯᠳᠤᠭᠠᠨ》 ᠳᠦ ᠤᠷᠤᠯᠴᠠᠵᠦ᠂《ᠭᠡᠰᠡᠷ ᠪᠤᠭᠳᠠ ᠠᠭᠤᠯᠠ》᠂《ᠬᠡᠰᠡᠷ ᠦᠨ ᠮᠤᠷᠢᠨ ᠤᠶᠠᠭ᠎ᠠ》᠂ᠬᠢᠯᠤᠪᠡᠷ ᠵᠤ᠋᠂ᠲᠠᠯᠠᠢ ᠨᠠᠭᠤᠷ᠂ᠠᠰᠬ᠎ᠠ ᠬᠠᠳᠠ ᠵᠡᠷ ᠭᠠᠵᠠᠷ ᠲᠦ ᠪᠠᠢᠢᠴᠠᠭᠠᠯᠲᠠ ᠬᠢᠪᠠ᠃ᠲᠤᠰ ᠤᠳᠠᠭᠠᠨ ᠦ ᠬᠤᠷᠠᠯ ᠢ ᠪᠦᠬᠦ ᠤᠯᠤᠰ ᠦᠨ《ᠬᠡᠰᠡᠷ》 ᠦᠨᠠᠵᠢᠯ ᠦᠨ ᠤᠳᠤᠷᠢᠳᠬᠤ ᠲᠤᠭᠤᠢᠢᠯᠠᠩ᠂ᠤᠯᠠᠨ ᠤᠯᠤᠰ ᠦᠨ ᠲᠤᠤᠯᠢᠰ ᠦᠨ ᠨᠡᠢᠢᠭᠡᠮᠯᠢᠭ᠌᠂ᠲᠤᠮᠳᠠᠳᠤ ᠤᠯᠤᠰ ᠦᠨ ᠰᠢᠨᠵᠢᠯᠡᠬᠦ ᠤᠬᠠᠭᠠᠨ ᠦ ᠬᠦᠷᠢᠶᠡᠯᠡᠩ ᠦᠨ ᠦᠨᠳᠦᠰᠦᠲᠡᠨ ᠦ ᠤᠳᠬ᠎ᠠ ᠵᠤᠬᠢᠶᠠᠯ ᠰᠤᠳᠤᠯᠬᠤ ᠭᠠᠵᠠᠷ᠂ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ᠂ᠤᠯᠠᠭᠠᠨᠬᠠᠳᠠ ᠬᠤᠳᠠ ᠵᠢᠨ ᠪᠠᠭᠠᠷᠢᠨ ᠬᠤᠰᠢᠭᠤᠨ ᠦ ᠠᠷᠠᠳ ᠦᠨ ᠵᠠᠰᠠᠭ ᠦᠨ ᠤᠷᠳᠤᠨ ᠡᠴᠡ ᠬᠠᠮᠳᠤᠷᠠᠨ ᠡᠷᠬᠢᠯᠡᠪᠡ᠃ᠬᠤᠷᠠᠯ ᠨᠢ ᠠᠮᠠᠨ ᠲᠤᠤᠯᠢ ᠵᠢᠨ ᠬᠤᠰᠢᠭᠤᠴᠢ ᠤᠨᠤᠯ ᠪᠠ ᠬᠦᠭᠵᠢᠯᠲᠡ ᠵᠢᠨ ᠬᠠᠨᠳᠤᠰᠢ ᠪᠡᠷ ᠭᠤᠤᠯ ᠰᠡᠳᠦᠪ ᠪᠤᠯᠭᠠᠵᠦ᠂ᠠᠮᠢᠳᠦ《ᠬᠡᠰᠡᠷ》 ᠦᠨ ᠲᠤᠤᠯᠢ ᠵᠢᠨ ᠰᠤᠶᠤᠯ ᠵᠢᠡᠷ ᠲᠠᠭᠤᠷᠢᠶᠠᠭᠳᠠᠬᠤᠨ ᠪᠤᠯᠭᠠᠨ᠂ᠠᠮᠠᠨ ᠲᠤᠤᠯᠢ ᠵᠢ ᠬᠠᠮᠠᠭᠠᠯᠠᠬᠤ ᠲᠤᠷᠰᠢᠯᠠᠭ᠎ᠠ ᠪᠠ ᠠᠷᠭ᠎ᠠ ᠵᠢᠴᠢ ᠤᠢᠢᠷ᠎ᠠ ᠵᠢᠨ ᠵᠢᠯ ᠡᠴᠡ ᠨᠠᠰᠢ《ᠬᠡᠰᠡᠷ》 ᠦᠨ ᠲᠤᠤᠯᠢ ᠵᠢᠨ ᠲᠤᠬᠠᠢ ᠡᠷᠳᠡᠮ ᠰᠢᠨᠵᠢᠯᠡᠬᠡᠨ ᠦ ᠴᠢᠬᠤᠯᠠ ᠦᠷ᠎ᠠ ᠪᠦᠳᠦᠬᠡᠯ ᠢ ᠰᠤᠳᠤᠯᠤᠨ ᠰᠦᠪᠡᠭᠴᠢᠯᠡᠵᠦ᠂ᠡᠷᠳᠡᠮ ᠰᠢᠨᠵᠢᠯᠡᠬᠡᠨ ᠦ ᠡᠳᠡᠬᠡᠳ ᠦᠨ ᠬᠢᠨ ᠪᠠ ᠤᠷᠤᠨ ᠨᠤᠲᠤᠭ ᠦᠨ ᠵᠠᠰᠠᠭ ᠦᠨ ᠤᠷᠳᠤᠨ ᠵᠢᠴᠢ ᠠᠷᠠᠳ ᠦᠨ ᠲᠤᠮᠳᠠᠬᠢ ᠤᠷᠠᠯᠢᠭᠴᠢᠳ ᠦᠨ ᠬᠠᠮᠵᠢᠯᠴᠠᠭ᠎ᠠ ᠵᠢ ᠠᠬᠢᠭᠤᠯᠵᠦ᠂ᠪᠦᠬᠦ ᠤᠯᠤᠰ ᠴᠢᠨᠠᠭᠰᠢᠯᠠᠪᠠᠯ ᠤᠯᠠᠨ ᠤᠯᠤᠰ ᠦᠨ ᠡᠷᠳᠡᠮ ᠰᠢᠨᠵᠢᠯᠡᠬᠡᠨ ᠦ ᠡᠳᠡᠬᠡᠳ ᠦᠨ ᠰᠤᠶᠤᠯ ᠦᠨ ᠡᠬᠢ ᠪᠠᠶᠠᠯᠢᠭ ᠢ ᠴᠢᠷᠮᠠᠢᠢᠨ ᠡᠮᠬᠢᠯᠡᠨ ᠨᠡᠢᠢᠯᠡᠬᠦᠯᠵᠦ᠂ᠤᠯᠠᠨ ᠤᠯᠤᠰ ᠦᠨ ᠲᠤᠤᠯᠢᠰ ᠦᠨ ᠰᠤᠳᠤᠯᠭᠠᠨ ᠦ ᠲᠠᠪᠴᠠᠩ ᠳᠦ 《ᠬᠡᠰᠡᠷ》 ᠦᠨ ᠰᠤᠶᠤᠯ ᠢ ᠶᠡᠬᠡ ᠪᠡᠷ ᠤᠬᠠᠭᠤᠯᠤᠨ ᠲᠡᠯᠭᠡᠷᠡᠭᠦᠯᠦᠭᠰᠡᠨ ᠪᠠᠢᠢᠨ᠎ᠠ᠃

《ᠬᠡᠰᠡᠷ》 ᠦᠨ ᠲᠤᠤᠯᠢ ᠨᠢ ᠲᠤᠷᠤᠨᠠᠳᠠᠬᠢᠨ ᠦ《ᠢᠯᠢᠶᠠᠳ᠋》ᠬᠡᠮᠡᠨ ᠠᠯᠳᠠᠷᠰᠢᠵᠦ᠂《ᠵᠠᠩᠭ᠋ᠠᠷ》᠂《ᠮᠠᠨᠠᠰ》ᠲᠠᠢ ᠴᠤᠭ ᠵᠢᠡᠷ ᠲᠤᠮᠳᠠᠳᠦ ᠤᠯᠤᠰ ᠦᠨ ᠭᠤᠷᠪᠠᠨ ᠶᠡᠬᠡ ᠲᠤᠤᠯᠢ ᠬᠡᠮᠡᠨ ᠨᠡᠷᠡᠯᠡᠭᠳᠡᠳᠡᠭ᠃ᠲᠡᠷᠡ  ᠪᠤᠯ ᠲᠡᠥᠬᠡ᠂ᠱᠠᠰᠢᠨ ᠰᠤᠷᠲᠠᠬᠤᠨ᠂ᠦᠨᠳᠦᠰᠦᠲᠡᠨ᠂ᠤᠷᠠᠯᠢᠭ ᠵᠡᠷᠬᠡ ᠬᠦᠮᠦᠨ ᠲᠦᠷᠦᠯᠬᠢᠲᠡᠨ ᠦ ᠨᠡᠢᠢᠬᠡᠮ ᠰᠤᠶᠤᠯ ᠦᠨ ᠠᠭᠤᠯᠭ᠎ᠠ ᠵᠢ ᠬᠠᠮᠤᠷᠤᠨ᠂ᠦᠨᠳᠦᠰᠦᠲᠡᠨ ᠪᠠ ᠤᠯᠤᠰ ᠤᠷᠤᠨ ᠠᠯᠤᠰᠯᠠᠨ ᠤᠯᠠᠮᠵᠢᠯᠠᠵᠦ ᠲᠠᠷᠬᠠᠭᠰᠠᠨ ᠲᠤᠮᠤ ᠬᠡᠯᠪᠡᠷᠢ ᠵᠢᠨ ᠠᠮᠢᠳᠦ ᠲᠤᠤᠯᠢ ᠮᠦᠨ᠃《ᠬᠡᠰᠡᠷ》ᠪᠤᠯ ᠮᠠᠨ ᠦ ᠤᠯᠤᠰ ᠦᠨ ᠮᠤᠩᠭ᠋ᠤᠯ ᠦᠨᠳᠦᠰᠦᠲᠡᠨ ᠪᠠ ᠲᠦᠪᠡᠳ ᠦᠨᠳᠦᠰᠦᠲᠡᠨ ᠦ ᠠᠷᠠᠳ ᠦᠨ ᠲᠤᠮᠳᠠ ᠡᠴᠡ ᠡᠭᠦᠰᠦᠯ ᠲᠠᠢ᠂ᠮᠤᠩᠭ᠋ᠤᠯ ᠦᠨᠳᠦᠰᠦᠲᠡᠨ ᠪᠠ ᠲᠦᠪᠡᠳ ᠦᠨᠳᠦᠰᠦᠲᠡᠨ ᠦ  ᠭᠠᠵᠠᠷ ᠤᠷᠤᠨ ᠵᠢᠡᠷ  ᠤᠯᠠᠮᠵᠢᠯᠠᠨ ᠲᠠᠷᠬᠠᠵᠦ ᠪᠠᠢᠢᠳᠠᠭ᠃ᠮᠤᠩᠭ᠋ᠤᠯ ᠦᠨᠳᠦᠰᠦᠲᠡᠨ ᠦ 《ᠬᠡᠰᠡᠷ》 ᠪᠤᠯ ᠠᠷᠠᠳ ᠦᠨ ᠲᠤᠮᠳᠠᠬᠢ ᠡᠷᠳᠡᠨ ᠦ ᠲᠤᠮᠤᠭ ᠶᠠᠷᠢᠶ᠎ᠠ᠂ᠤᠯᠠᠮᠵᠢᠯᠠᠯ ᠶᠠᠷᠢᠶ᠎ᠠ᠂ᠦᠯᠢᠬᠡᠷ᠂ᠲᠠᠭᠤᠤ᠂ᠵᠦᠢᠷ ᠦᠬᠡ ᠪᠠ ᠤᠷᠲᠦ ᠤᠬᠤᠷ ᠲᠤᠤᠯᠢᠰ ᠦᠨ ᠦᠯᠦᠬᠡᠢ ᠳᠦ ᠬᠦᠪᠦᠷᠡᠨ ᠪᠤᠢᠢᠵᠢᠵᠦ᠂ᠠᠷᠠᠳ ᠤᠯᠠᠨ ᠦ ᠬᠠᠮᠳᠦ ᠵᠢᠨ ᠡᠭᠦᠳᠦᠯᠲᠡ ᠪᠦᠬᠡᠳ ᠤᠶᠤᠨ ᠤᠬᠠᠭᠠᠨ ᠦ ᠲᠠᠯᠠᠰᠲᠦ ᠮᠦᠨ᠃ᠲᠤᠤᠯᠢ ᠳᠦ ᠪᠠᠢᠢᠳᠤᠭᠠᠨ ᠦ ᠲᠠᠯᠠᠪᠤᠷ ᠪᠠ ᠲᠡᠭᠡᠳᠦ  ᠲᠡᠭᠷᠢ ᠦᠷᠦᠰᠢᠶᠡᠬᠦ ᠦᠢᠯᠡ ᠪᠠᠢᠢᠳᠠᠯ ᠢ ᠲᠦᠷᠰᠦᠯᠡᠬᠦ ᠪᠡᠷ ᠲᠠᠮᠵᠢᠨ ᠬᠡᠰᠡᠷ ᠪᠠᠭᠠᠳᠤᠷ ᠦᠨ ᠲᠦᠷᠢ ᠵᠢ ᠪᠦᠳᠦᠭᠡᠵᠦ᠂ᠡᠭᠡᠳᠡᠷᠡᠬᠡᠨ ᠪᠤᠳᠤᠯᠢᠶᠠᠨᠲᠠᠢ ᠡᠷᠲᠡᠨ ᠦ ᠠᠢᠢᠮᠠᠭ ᠪᠦᠯᠦᠭ ᠦᠳ ᠦᠨ ᠬᠠᠷᠢᠴᠠᠭ᠎ᠠ ᠵᠢ ᠲᠤᠰᠬᠠᠨ᠂ᠮᠤᠩᠭ᠋ᠤᠯ ᠦᠨᠳᠦᠰᠦᠲᠡᠨ ᠦ ᠠᠷᠠᠳ ᠲᠦᠮᠡᠨ ᠦ ᠰᠠᠢᠢᠨ ᠰᠠᠢᠢᠬᠠᠨ ᠠᠮᠢᠳᠤᠷᠠᠯ ᠦᠨ ᠬᠦᠰᠡᠯ ᠡᠷᠡᠮᠡᠯᠵᠡᠯ ᠪᠠ ᠡᠷᠬᠢᠮ ᠲᠡᠭᠡᠳᠦ ᠬᠦᠰᠡᠯᠡᠩ ᠢ ᠢᠯᠡᠳᠭᠡᠭ᠍ᠰᠡᠨ ᠪᠠᠢᠢᠨ᠎ᠠ᠃ᠲᠡᠷᠡ  ᠨᠢ ᠮᠤᠩᠭ᠋ᠤᠯ ᠂ᠤᠷᠤᠰ᠂ᠨᠸᠫᠡᠯ ᠵᠡᠷᠭᠡ ᠤᠯᠤᠰ ᠪᠠ ᠭᠠᠵᠠᠷ ᠤᠷᠤᠨ ᠳᠦ ᠪᠠᠰᠠ ᠲᠠᠷᠬᠠᠯᠲᠠ ᠲᠠᠢ ᠪᠠᠢᠢᠳᠠᠭ᠃2009 ᠤᠨ ᠳᠦ ᠤᠯᠠᠨ ᠤᠯᠤᠰ ᠦᠨ ᠬᠤᠯᠪᠤᠭᠠᠳᠦ ᠪᠠᠢᠢᠭᠤᠯᠭ᠎ᠠ ᠵᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠦᠨ ᠵᠤᠬᠢᠶᠠᠨ ᠪᠠᠢᠢᠭᠤᠯᠤᠯᠲᠠ ᠵᠢᠨ《ᠬᠦᠮᠦᠨ ᠲᠦᠷᠦᠯᠬᠢᠳᠡᠨ ᠦ ᠪᠤᠳᠠᠰ ᠦᠨ ᠪᠤᠰᠤ ᠰᠤᠶᠤᠯ ᠦᠨ ᠦᠪ ᠦᠨ ᠲᠦᠯᠦᠭᠡᠯᠡᠭᠴᠢ ᠪᠦᠳᠦᠬᠡᠯ》 ᠦᠨ ᠨᠡᠷᠡᠰ ᠲᠦ ᠵᠢᠭᠰᠠᠭᠠᠭᠳᠠᠪᠠ᠃

2011ᠤᠨ ᠳᠦ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠡᠴᠡ ᠪᠠᠭᠠᠷᠢᠨ ᠪᠠᠷᠠᠭᠤᠨ ᠬᠤᠰᠢᠭᠤ ᠵᠢ《〈ᠬᠡᠰᠡᠷ〉 ᠦᠨ ᠰᠤᠶᠤᠯ ᠦᠨ ᠠᠮᠢ ᠠᠬᠤᠢ ᠵᠢᠨ ᠬᠠᠮᠠᠭᠠᠯᠠᠯᠲᠠ ᠵᠢᠨ ᠤᠷᠤᠨ》ᠬᠡᠮᠡᠨ ᠨᠡᠷᠡᠯᠡᠪᠡ;2012ᠤᠨ ᠦ8ᠰᠠᠷ᠎ᠠ ᠳᠦ᠂ᠪᠦᠬᠦ ᠤᠯᠤᠰ ᠦᠨ 《ᠭᠡᠰᠡᠷ》 ᠦᠨ ᠠᠵᠢᠯ ᠦᠨ ᠤᠳᠤᠷᠢᠳᠬᠤ ᠲᠤᠭᠤᠢᠢᠯᠠᠩ᠂ᠤᠯᠠᠨ ᠤᠯᠤᠰ ᠦᠨ ᠲᠤᠤᠯᠢᠰ ᠦᠨ ᠨᠡᠢᠢᠭᠡᠮᠯᠢᠭ᠌᠂ᠲᠤᠮᠳᠠᠳᠤ ᠤᠯᠤᠰ ᠦᠨ ᠨᠡᠢᠢᠭᠡᠮ ᠦᠨ ᠰᠢᠨᠵᠢᠯᠡᠬᠦ ᠤᠬᠠᠭᠠᠨ ᠦ ᠬᠦᠷᠢᠶᠡᠯᠡᠩ ᠦᠨ ᠦᠨᠳᠦᠰᠦᠲᠡᠡ ᠦ ᠤᠳᠬ᠎ᠠ ᠵᠤᠬᠢᠶᠠᠯ ᠰᠤᠳᠤᠯᠬᠤ ᠭᠠᠵᠠᠷ᠂ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ ᠡᠴᠡ ᠪᠠᠭᠠᠷᠢᠨ ᠪᠠᠷᠠᠭᠤᠨ ᠬᠤᠰᠢᠭᠤᠨ ᠳᠦ《ᠲᠤᠮᠳᠠᠳᠦ ᠤᠯᠤᠰ ᠦᠨ ᠮᠤᠩᠭ᠋ᠤᠯ〈ᠬᠡᠰᠡᠷ〉 ᠦᠨ ᠬᠠᠮᠠᠭᠠᠯᠠᠯᠲᠠ ᠪᠠ ᠰᠤᠳᠤᠯᠭᠠᠨ ᠦ ᠰᠠᠭᠤᠷᠢᠨ ᠭᠠᠵᠠᠷ》 ᠢ ᠪᠠᠢᠢᠭᠤᠯᠪᠠ᠃ᠤᠢᠢᠷ᠎ᠠ ᠵᠢᠨ ᠵᠢᠯ ᠡᠴᠡ ᠨᠠᠭᠠᠰᠢ᠂《ᠭᠡᠰᠡᠷ》 ᠦᠨ ᠲᠤᠤᠯᠢ ᠪᠡᠷ ᠲᠦᠯᠦᠭᠡᠯᠡᠭᠴᠢ ᠪᠤᠯᠭᠠᠭᠰᠠᠨ ᠲᠤᠮᠳᠠᠳᠤ ᠤᠯᠤᠰ ᠦᠨ ᠠᠮᠠᠨ ᠲᠤᠤᠯᠢ ᠵᠢ ᠬᠠᠮᠠᠭᠠᠯᠠᠭᠰᠠᠨ ᠲᠤᠷᠰᠢᠯᠠᠭ᠎ᠠ ᠪᠠ ᠲᠤᠤᠯᠢ ᠵᠢᠨ ᠰᠤᠳᠤᠯᠭᠠᠨ ᠦ ᠤᠨᠤᠯ ᠦᠨ ᠦᠷ᠎ᠠ ᠪᠦᠳᠦᠭᠡᠯ ᠨᠢ ᠲᠡᠯᠡᠬᠡᠢ ᠵᠢᠨ ᠮᠠᠰᠢ ᠤᠯᠠᠨ ᠤᠯᠤᠰ ᠡᠴᠡ ᠲᠤᠤᠯᠢ  ᠵᠢᠨ ᠰᠢᠨᠵᠢᠯᠡᠭᠡᠨ ᠦ ᠪᠦᠳᠦᠭᠡᠨ ᠪᠠᠢᠢᠭᠤᠯᠤᠯᠲᠠ ᠪᠠ ᠲᠤᠤᠯᠢ ᠵᠢᠨ ᠦᠪ ᠬᠦᠷᠦᠩᠭᠡ ᠵᠢ ᠬᠠᠮᠠᠭᠠᠯᠠᠬᠤ ᠴᠢᠬᠤᠯᠠ ᠯᠠᠪᠯᠠᠯᠲᠠ ᠪᠤᠯᠤᠭᠰᠠᠨ ᠪᠠᠢᠢᠨ᠎ᠠ᠃


ᠨᠡᠭᠡᠭᠡᠯᠲᠡ ᠵᠢᠨ ᠶᠤᠰᠤᠯᠠᠯ ᠦᠨ ᠲᠡᠷᠢᠭᠦᠯᠦᠭᠴᠢ ᠵᠢᠨ ᠲᠠᠢᠢᠰᠠ

ᠪᠠᠭᠠᠷᠢᠨ ᠪᠠᠷᠠᠭᠤᠨ ᠬᠤᠰᠢᠭᠤᠨ ᠦ ᠨᠠᠮ ᠦᠨ ᠬᠤᠷᠢᠶ᠎ᠠ ᠵᠢᠨ ᠲᠡᠳ᠋ ᠱᠦᠵᠢ ᠬᠤᠪᠢᠰᠬᠠᠯᠲᠦ ᠨᠡᠭᠡᠭᠡᠯᠲᠡ ᠵᠢᠨ ᠶᠤᠰᠤᠯᠠᠯ ᠳᠦ ᠶᠠᠷᠢᠶ᠎ᠠ ᠲᠠᠯᠪᠢᠪᠠ

ᠨᠡᠭᠡᠭᠡᠯᠲᠡ ᠵᠢᠨ ᠶᠤᠰᠤᠯᠠᠯ ᠳᠦ ᠪᠠᠭᠠᠷᠢᠨ ᠪᠠᠷᠠᠭᠤᠨ ᠬᠤᠰᠢᠭᠤᠨ ᠦ ᠲᠡᠳ᠋ ᠬᠤᠰᠢᠭᠤᠨ ᠲᠠᠷᠤᠭ᠎ᠠ ᠰᠡᠴᠡᠨᠲᠦ ᠨᠠᠷ ᠤᠷᠤᠯᠴᠠᠪᠠ

ᠪᠡᠭᠡᠵᠢᠩ ᠶᠡᠬᠡ ᠰᠤᠷᠭᠠᠭᠤᠯᠢ ᠵᠢᠨ ᠫᠷᠤᠹᠧᠰᠰᠤᠷ ᠲᠤᠯᠠᠭᠠᠨ  ᠲᠤᠭᠤᠢᠢᠯᠠᠩ ᠦᠨ ᠶᠠᠷᠢᠯᠴᠠᠭᠠᠨ ᠦ ᠳᠦᠩᠨᠠᠯᠲᠡ ᠬᠢᠪᠡ

ᠠᠮᠸᠷᠢᠺᠡ ᠵᠢᠨ ᠮᠠᠺ ᠪᠸᠨᠳ᠋ᠸᠷ ᠫᠷᠤᠹᠸᠰᠰᠤᠷ ᠶᠠᠷᠢᠶ᠎ᠠ ᠲᠠᠯᠪᠢᠪᠠ

ᠲᠠᠢᠢᠸᠠᠨ ᠦ ᠰᠢᠶᠤᠤ ᠰᠤ ᠶᠢᠩ ᠳᠤᠺᠲ᠋ᠤᠷ ᠶᠠᠷᠢᠶ᠎ᠠ ᠲᠠᠯᠪᠢᠪᠠ

ᠪᠠᠭᠠᠷᠢᠨ ᠪᠠᠷᠠᠭᠤᠨ ᠬᠤᠰᠢᠭᠤᠨ ᠦ ᠬᠡᠰᠡᠷᠴᠢᠨ ᠵᠢᠮᠪᠠᠵᠠᠮᠰᠦ《ᠬᠡᠰᠡᠷ》ᠬᠠᠢᠢᠯᠠᠵᠦ ᠪᠠᠢᠢᠨ᠎ᠠ

ᠪᠠᠭᠠᠷᠢᠨ ᠪᠠᠷᠠᠭᠤᠨ ᠬᠤᠰᠢᠭᠤᠨ ᠦ《ᠭᠡᠰᠡᠷ》 ᠦᠨ ᠰᠤᠶᠤᠯ ᠦᠨ ᠦᠵᠡᠭᠦᠯᠦᠯᠬᠡ ᠵᠢᠨ ᠲᠢᠩᠬᠢᠮ

ᠮᠤᠩᠭ᠋ᠤᠯ ᠤᠯᠤᠰ ᠦᠨ ᠰᠢᠨᠵᠢᠯᠡᠬᠦ ᠤᠬᠠᠭᠠᠨ ᠦ ᠬᠦᠷᠢᠶᠡᠯᠡᠩ ᠦᠨ ᠬᠡᠯᠡ ᠤᠳᠬ᠎ᠠ ᠵᠤᠬᠢᠶᠠᠯ ᠰᠤᠳᠤᠯᠬᠤ ᠭᠠᠵᠠᠷ ᠦᠨ ᠲᠡᠳ᠋ ᠲᠠᠷᠤᠭ᠎ᠠ ᠲᠦᠪᠰᠢᠨᠳᠡᠬᠦᠰ ᠬᠡᠰᠡᠷ ᠦᠨ ᠬᠦᠷᠦᠭ ᠲᠦ ᠵᠤᠯᠠ ᠠᠰᠠᠭᠠᠪᠠ

ᠢᠷᠡᠭᠰᠡᠨ ᠵᠤᠴᠢᠳ《ᠬᠡᠰᠡᠷ》ᠰᠤᠶᠤᠯ ᠦᠨ ᠦᠵᠡᠬᠦᠯᠦᠯᠬᠡ ᠵᠢᠨ ᠲᠢᠩᠬᠢᠮ ᠳᠦ ᠵᠢᠷᠤᠭ ᠦᠯᠡᠳᠡᠭᠡᠪᠡ

ᠡᠯ᠎ᠠ ᠭᠠᠵᠠᠷ ᠡᠴᠡ ᠢᠷᠡᠭᠰᠡᠨ ᠬᠠᠷᠪᠤᠭᠠᠴᠢᠳᠵᠤᠬᠢᠶᠠᠭᠴᠢ᠄ ᠢᠩᠬᠡᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 523
ᠴᠠᠭ᠄ 2015 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁