ᠵᠡᠭᠦᠨ ᠦᠵᠦᠮᠦᠴᠢᠨ ᠬᠤᠰᠢᠭᠤᠨ ᠦ ᠤᠪᠤᠭᠠᠨ ᠲᠠᠬᠢᠯᠭ᠎ᠠ

ᠣᠪᠣᠭ᠎ᠠ ᠳᠠᠭᠢᠯᠭ᠎ᠠ ᠳᠤ ᠪᠢ ᠣᠯᠠᠨ ᠴᠤ ᠶ‍ᠠᠪᠣᠭᠰᠠᠨ ᠂ ᠭᠡᠭᠦ ᠳᠡᠭᠡᠨ ᠰᠠᠤᠠᠭᠢᠯ ᠢ ᠮᠢᠨᠢ ᠬᠠᠮᠤᠭ ᠡᠴᠡ ᠳᠤᠭᠳᠤᠯᠤᠭᠤᠯᠤᠭᠰᠠᠨ ᠨᠢ 2009 ᠣᠨ ᠤ ᠵᠡᠭᠦᠨ ᠣᠢᠵᠤᠮᠤᠴᠢᠨ ᠬᠤᠰᠢᠭᠤᠨ ᠤ ᠪᠠᠶ‍ᠠᠨ ᠣᠪᠣᠭ᠎ᠠ ᠶᠢᠨ ᠳᠠᠭᠢᠯᠭ᠎ᠠ ᠪᠢᠯᠠ ᠃

ᠪᠢᠯᠢᠭ᠌ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠠ ᠶᠢᠨ ᠭᠤᠷᠪᠠᠨ ᠤ ᠶ‍ᠢᠰᠤᠨ ᠴᠠᠭ ᠲᠤ ᠪᠢ ᠪᠣᠭᠤᠳᠤ ᠡᠴᠡ ᠮᠠᠰᠢᠨ ᠲᠡᠶ ᠭᠠᠷᠤᠭᠠᠤᠨ ᠣᠷᠤᠢ ᠶᠢᠨ ᠶ‍ᠢᠰᠤ ᠭᠡᠭᠦ ᠳᠤ ᠵᠡᠭᠦᠨ ᠣᠢᠵᠤᠮᠤᠴᠢᠨ ᠬᠤᠰᠢᠭᠤᠨ ᠤ ᠳᠤᠢᠪ ᠣᠯᠢᠶ‍ᠠᠰᠤᠳᠠᠢ ᠪᠠᠯᠭᠠᠰᠤᠨ ᠳᠤ ᠭᠦᠷᠴᠤ ᠣᠴᠢᠪᠠ ᠃ ᠬᠤᠭᠤᠯᠠᠨ ᠤ ᠳᠠᠷᠠᠭ᠎ᠠ ᠪᠦᠭᠦᠯᠢ ᠪᠠᠷ ᠶᠢᠡᠨ ᠵᠢᠭᠠᠬᠠᠨ ᠣᠠᠳᠠᠵᠤ ᠠᠪᠣᠭᠰᠠᠨ ᠶᠢᠡᠨ ᠰᠤᠢᠨᠢ ᠶᠢᠨ ᠨᠢᠭᠡ ᠴᠠᠭ ᠭᠤᠴᠢ ᠳᠤ ᠪᠣᠰᠤᠭᠠᠤᠨ ᠪᠠᠶ‍ᠠᠨ ᠣᠪᠣᠭ᠎ᠠ ᠶᠢ ᠵᠤᠷᠢᠯ᠎ᠠ ᠃ ᠠᠭᠤᠯᠠᠨ ᠤ ᠳᠤᠤᠭᠤᠷ ᠭᠡᠳᠤᠨ ᠺᠢᠯᠤᠮᠸᠲ᠋ᠷ ᠡᠩᠨᠡᠭᠦᠯᠵᠤ ᠪᠠᠷᠢᠭᠰᠠᠨ ᠭᠡᠷ ᠮᠠᠢ᠌ᠬᠠᠨ ᠨᠤᠭᠤᠳ ᠡᠴᠡ ᠰᠥᠮᠡᠯᠵᠡᠭᠦ ᠭᠡᠷᠡᠯ ᠶ‍ᠠᠭ ᠯᠠ ᠳᠡᠭ᠍ᠷᠢ ᠶᠢᠨ ᠣᠳᠤᠳ ᠣᠨᠠᠭᠠᠤᠨ ᠢᠷᠡᠴᠢᠭᠡᠭ᠍ᠰᠡᠨ ᠰᠢᠭ ᠬᠠᠷᠠᠭᠳᠠᠵᠤ ᠪᠠᠢ᠌ᠯ᠎ᠠ ᠃

ᠭᠦᠳᠡᠭᠡ ᠶᠢᠨ ᠶ‍ᠤᠰᠤ ᠵᠤᠷᠰᠢᠯ ᠢ ᠳᠠᠭᠠᠵᠤ ᠳᠠᠭᠢᠯᠭ᠎ᠠ ᠡᠭᠢᠯᠡᠭᠦ ᠡᠴᠡ ᠡᠮᠦᠨ᠎ᠡ ᠪᠢ ᠡᠨᠡᠭᠦ ᠣᠢ᠌ᠯᠠ ᠶᠢᠨ ᠵᠤᠭᠢᠶ‍ᠠᠨ ᠪᠠᠢ᠌ᠭᠤᠯᠤᠭᠴᠢ ᠲᠡᠶ ᠣᠴᠢᠵᠤ ᠠᠭᠤᠯᠵᠠᠪᠠ ᠃ ᠳᠡᠭᠡᠭ᠍ᠰᠡᠨ ᠶᠢᠡᠨ ᠪᠦᠷᠦᠭ᠌ ᠪᠠᠷᠤᠭ ᠣᠢᠤᠷ ᠤᠨ ᠭᠡᠭᠡᠨ ᠳᠤ ᠪᠦᠷᠦᠯᠵᠡᠭᠦ ᠮᠠᠯᠴᠢᠤᠨ ᠤᠨ ᠵᠢᠷᠤᠭ ᠢ ᠠᠪᠴᠤ ᠡᠭᠢᠯᠡᠪᠡ ᠂ ᠳᠠᠳᠠᠨ ᠤ ᠳᠤᠳᠤᠷᠠᠭᠢ ᠵᠠᠷᠢᠮ ᠴᠢᠩ ᠣᠢᠨᠠᠠᠴᠢ ᠮᠥᠷᠭᠦᠯᠳᠡᠳ ᠠᠯᠬᠤᠬᠤ ᠪᠦᠷᠢ ᠳᠡᠭᠡᠨ ᠮᠥᠷᠭᠦᠵᠤ ᠶ‍ᠠᠪᠣᠨ᠎ᠠ ᠪᠢᠯᠠ ᠃

ᠣᠢᠤᠷ ᠤᠨ ᠳᠤᠢᠷᠪᠠᠨ ᠴᠠᠭ ᠲᠤ ᠳᠠᠭᠢᠯᠭ᠎ᠠ ᠵᠢᠩᠭᠢᠨᠢ ᠪᠠᠷ ᠡᠭᠢᠯᠡᠪᠡ ᠃ ᠯᠠᠮᠠ ᠬᠤᠸᠠᠷᠠᠭ ᠤᠳ ᠤᠨ ᠨᠤᠮ ᠣᠩᠰᠢᠬᠤ ᠳᠠᠭᠤᠨ ᠨᠢ ᠳᠠᠮᠠᠷᠤ ᠬᠤᠩᠬᠤᠨ ᠤ ᠳᠠᠭᠤᠨ ᠲᠡᠶ ᠨᠠᠢ᠌ᠯᠠᠵᠤ ᠠᠯᠤᠰ ᠤᠨ ᠳᠡᠭ᠍ᠷᠢ ᠳᠤ ᠴᠤᠤᠷᠢᠶ‍ᠠᠳᠤᠨ ᠪᠠᠢ᠌ᠪᠠ ᠃ ᠵᠠᠷᠢᠮ ᠭᠦᠮᠤᠨ ᠯᠠᠮᠠ ᠨᠡᠷ ᠤᠨ ᠡᠮᠦᠨ᠎ᠡ ᠠᠤᠠᠬᠤ ᠠᠤᠠᠬᠤ ᠵᠤᠭᠤᠰ ᠳᠠᠯᠪᠢᠵᠤ ᠰᠢᠳᠤᠷᠭᠤ ᠪᠠᠨ ᠢᠯᠡᠷᠭᠡᠢ᠌ᠯᠡᠨ᠎ᠡ ᠃ ᠭᠦᠮᠦᠰ ᠠᠭᠤᠯᠠᠨ ᠤ ᠣᠷᠤᠢ ᠳᠡᠭᠡᠷᠡᠭᠢ ᠣᠪᠣᠭ᠎ᠠ ᠶᠢ ᠵᠤᠢᠪ ᠭᠤᠷᠪᠠ ᠳᠤᠭᠤᠷᠢᠵᠤ ᠰᠦ᠋  ᠂ ᠰᠠᠭᠠᠯᠢ ᠶᠢᠨ ᠠᠷᠢᠭᠢ ᠪᠣᠯᠤᠨ ᠬᠠᠷ᠎ᠠ ᠠᠷᠢᠭᠢ ᠪᠠᠷ ᠰᠠᠴᠤᠯᠢ ᠡᠷᠭᠦᠨ ᠬᠠᠳᠠᠭ ᠪᠠᠷᠢᠬᠤ ᠳᠤ ᠬᠤᠷᠠᠢ᠌ᠯᠠᠬᠤ ᠳᠠᠭᠤᠨ ᠨᠢ ᠣᠢᠤᠷ ᠤᠨ ᠪᠦᠷᠦᠭ᠌ ᠳᠠᠯ᠎ᠠ ᠳᠤ ᠳᠠᠭᠤᠷᠢᠰᠴᠤ ᠪᠠᠢ᠌ᠯ᠎ᠠ ᠃

ᠳᠡᠭ᠍ᠷᠢ ᠭᠡᠭᠡᠷᠡᠪᠡ ᠃ ᠬᠤᠷᠴᠠ ᠥᠩᠭᠡ ᠲᠡᠶ ᠳᠠᠪᠠᠯ ᠵᠠᠰᠠᠯ ᠲᠡᠶ ᠭᠦᠮᠦᠰ ᠣᠪᠣᠭᠠᠨ ᠳᠡᠭᠡᠷ᠎ᠡ ᠪᠦᠭᠡᠮᠨᠡᠷᠡᠨ ᠢᠷᠡᠵᠡᠭᠡᠭᠦ ᠨᠢ ᠨᠢᠭᠡ ᠣᠳᠠᠭᠠᠨ ᠤ ᠣᠢᠵᠤᠮᠤᠴᠢᠨ ᠬᠤᠪᠴᠠᠰᠤᠨ ᠤ ᠥᠵᠡᠭᠦᠯᠦᠯᠭᠡ ᠭᠡᠮᠡᠷ ᠪᠠᠢ᠌ᠪᠠ ᠃ ᠳᠠᠭᠢᠯᠭ᠎ᠠ ᠳᠤ ᠭᠠᠭᠴᠠ ᠵᠡᠭᠦᠨ ᠣᠢᠵᠤᠮᠤᠴᠢᠨ ᠬᠤᠰᠢᠭᠤᠨ ᠤ ᠮᠠᠯᠴᠢᠤᠨ ᠶᠢᠡᠷ ᠵᠤᠭᠰᠤᠬᠤ ᠦᠭᠡᠶ ᠂ ᠵᠡᠷᠭᠡᠯᠡᠳᠡᠭᠡ ᠬᠤᠰᠢᠭᠤᠳ ᠪᠣᠯᠤᠨ ᠳᠤᠳᠤᠭᠠᠳᠤ ᠭᠠᠳᠠᠭᠠᠳᠤ ᠶᠢᠨ ᠵᠢᠭᠤᠯᠴᠢᠤᠨ ᠴᠤ ᠭᠦᠷᠦᠯᠴᠡᠨ ᠢᠷᠡᠭ᠍ᠰᠡᠨ ᠪᠠᠢ᠌ᠪᠠ ᠃ ᠠᠭᠤᠯᠠᠨ ᠤ ᠪᠠᠯ ᠡᠴᠡ ᠠᠭᠤᠯᠠᠨ ᠤ ᠣᠷᠤᠢ ᠭᠦᠷᠳᠡᠯ᠎ᠡ ᠡᠩᠨᠡᠷᠡᠭᠦᠯᠤᠨ ᠪᠣᠰᠬᠠᠭᠰᠠᠨ ᠵᠢᠵᠢᠭ᠌ ᠣᠪᠣᠭ᠎ᠠ ᠨᠤᠭᠤᠳ ᠲᠤ ᠵᠠᠷᠢᠮ ᠨᠢ ᠨᠢᠭᠡ ᠪᠦᠷᠢᠴᠢᠯᠡᠨ ᠮᠥᠷᠭᠦᠵᠤ ᠶ‍ᠠᠪᠣᠬᠤ ᠶ‍ᠤᠮ ᠃

ᠣᠪᠣᠭᠠᠨ ᠨᠠᠢ᠌ᠷ ᠠᠷᠪᠠᠨ ᠴᠠᠭ ᠲᠤ ᠠᠭᠤᠯᠠᠨ ᠤ ᠪᠠᠯ ᠳᠤ ᠡᠭᠢᠯᠡᠪᠡ ᠃ ᠮᠤᠷᠢᠨ ᠣᠷᠤᠯᠳᠤᠭᠠᠨ ᠂ ᠪᠦᠭᠡ ᠪᠠᠷᠢᠯᠳᠤᠭᠠᠨ ᠂ ᠣᠷᠳᠤ ᠶᠢᠨ ᠳᠠᠭᠤᠤ ᠢᠳᠠ ᠭᠦᠴᠤ ᠲᠡᠶ ᠪᠠᠢ᠌ᠯ᠎ᠠ ᠃ ᠭᠢᠳᠠᠤᠨ ᠤᠳ ᠤᠨ ᠬᠤᠯᠠ ᠡᠴᠡ ᠠᠪᠴᠢᠷᠠᠭᠰᠠᠨ ᠳᠤᠷᠢᠬᠠᠨ ᠵᠢᠵᠢᠭ᠌ ᠵᠠᠰᠠᠯ ᠤᠨ ᠶ‍ᠠᠭᠤᠮᠠᠰ ᠨᠢ ᠮᠤᠩᠭ᠋ᠤᠯ ᠣᠢᠭᠢᠤᠨ ᠤᠨ ᠳᠤᠷ᠎ᠠ ᠶᠢ ᠳᠠᠳᠠᠨ᠎ᠠ ᠃ ᠬᠤᠰᠢᠭᠤᠨ ᠤ ᠣᠳᠤᠷᠢᠳᠤᠯᠭ᠎ᠠ ᠰᠥ᠋ ᠲᠡᠶ ᠴᠠᠢ ᠂ ᠪᠣᠯᠤᠭᠰᠠᠨ ᠪᠣᠳᠠᠭ᠎ᠠ ᠂ ᠮᠢᠬ᠎ᠠ ᠂ ᠴᠠᠭᠠᠨ ᠢᠳᠡᠭᠡ ᠪᠠᠷ ᠶᠢᠡᠨ ᠪᠢᠳᠠᠨ ᠢ ᠳᠠᠢ᠌ᠯᠠᠵᠤ ᠭᠠᠷᠤᠯ᠎ᠠ ᠃

ᠠᠯᠵᠢᠶ‍ᠠᠯ ᠵᠥᠳᠡᠭᠡᠯ ᠲᠡᠶ ᠮᠠᠯᠴᠢᠤᠨ ᠲᠤ ᠬᠤᠪᠣᠷ ᠳᠤᠭᠢᠶ‍ᠠᠯᠳᠤᠬᠤ ᠪᠠᠶ‍ᠠᠷ ᠨᠠᠢ᠌ᠷ ᠥᠷᠭᠡᠨ ᠳᠠᠯ᠎ᠠ ᠳᠤ ᠶ‍ᠠᠪᠣᠭᠳᠠᠵᠤ ᠂ ᠮᠤᠩᠭ᠋ᠤᠯ ᠭᠡᠷ ᠡᠴᠡ ᠰᠤᠨᠤᠰᠳᠠᠬᠤ ᠣᠷᠳᠤ ᠶᠢᠨ ᠳᠠᠭᠤᠤ ᠶᠢᠨ ᠠᠶ‍ᠠᠯᠭᠤ ᠭᠦᠮᠤᠨ ᠪᠦᠭᠦᠨ ᠤ ᠰᠠᠤᠠᠭᠢᠯ ᠢ ᠴᠢᠪᠬᠠᠳᠠᠨ᠎ᠠ ᠃ ( ᠮᠥᠩᠭᠡ ᠨᠠᠢ᠌ᠷᠠᠭᠤᠯᠤᠨ ᠣᠷᠴᠢᠭᠤᠯᠪᠠ )

ᠰᠢᠯᠢ ᠵᠢᠨ ᠭᠤᠤᠯ ᠦᠨ ᠨᠤᠲᠤᠭ ᠲᠦ ᠪᠠᠢᠢᠳᠠᠬ ᠪᠠᠶᠠᠨ ᠤᠪᠤᠭ᠎ᠠ

ᠦᠳᠡᠭᠦᠰ ᠲᠠᠢ ᠪᠠᠨ

ᠰᠦᠰᠦᠭ

ᠶᠠᠪᠤᠭᠤᠯ ᠬᠤᠳᠠᠯᠳᠤᠭᠠᠴᠢᠨ ᠤᠯᠠᠨ ᠦ ᠲᠤᠮᠳᠠ

ᠠᠭᠤᠯᠠ ᠵᠢᠨ ᠤᠷᠤᠢ ᠬᠦᠷᠳᠡᠯ᠎ᠠ ᠵᠢᠭᠳᠡᠷᠡᠭᠰᠡᠨ ᠵᠢᠵᠢᠭ ᠤᠪᠤᠭ᠎ᠠ ᠨᠤᠭᠤᠳ

ᠠᠯᠬᠤᠬᠤ ᠪᠤᠷᠢ ᠳᠦ ᠪᠠᠨ ᠮᠦᠷᠭᠦᠨ᠎ᠠ



ᠵᠤᠬᠢᠶᠠᠭᠴᠢ᠄ ᠪᠤᠤ ᠨᠠᠢ ᠶᠦᠩ
ᠬᠠᠷᠢᠶ᠎ᠠ᠄
ᠳᠠᠷᠤᠮ᠄ 354
ᠴᠠᠭ᠄ 2015 ᠤᠨ ᠤ 05 ᠰᠠᠷ᠎ᠠ ᠶᠢᠨ 09
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁