ᠪᠤᠷᠬᠠᠨ ᠬᠠᠯᠳᠤᠨ ᠦᠭᠡᠳᠡ

ᠪᠣᠷᠣᠭ ᠡᠪᠠᠰᠣᠨ ᠤ ᠦᠵᠦᠬᠥᠷ ᠲᠤ

ᠪᠦᠳᠡᠭ᠍ᠬᠡᠨ ᠬᠡᠬᠡ ᠮᠡᠯᠳᠡᠬᠡᠨᠡᠨ᠎ᠡ

ᠪᠠᠭᠣᠵᠣ ᠮᠣᠷᠳᠠᠬᠣ ᠶᠢᠨ ᠲᠥᠷᠣᠬᠡᠨ ᠳᠤ

ᠣᠨ ᠵᠢᠯ ᠤᠳ ᠬᠠᠷᠰᠢᠨ᠎ᠠ

ᠪᠣᠭᠣᠷᠣᠯ ᠲᠡᠷᠳᠡᠬᠡ ᠶᠢᠨ ᠰᠦᠵᠢᠭ᠌ ᠨᠥᠮᠥᠷᠴᠦ

ᠪᠤᠳᠠᠩ ᠣᠨᠢᠶᠠᠷ ᠲᠠᠭᠠᠨ ᠲᠠᠯᠳᠠᠯᠠᠭᠰᠠᠨ

ᠪᠣᠷᠬᠠᠨ ᠬᠠᠯᠳᠣᠨ ᠦᠬᠡᠳᠡ

ᠲᠠᠮᠠᠣᠯᠪᠠ ᠪᠢ︕ ᠲᠦᠳᠡᠭ ᠭᠠᠯ ᠤᠨ ᠲᠡᠷᠬᠡᠳᠡᠬᠢ

ᠲᠠᠢ᠌ᠴᠢᠭᠣᠳ ᠤᠨ ᠦᠬᠡᠨ ᠳᠤ ᠰᠦᠪᠡᠯᠡᠬᠥᠯᠵᠦ

ᠲᠠᠮᠣᠵᠢᠨ ᠤ ᠨᠢᠭᠣᠭᠰᠠᠨ

ᠶᠢᠰᠣᠨ ᠬᠣᠨᠣᠭ ᠤᠨ ᠲᠣᠮᠳᠠᠭᠣᠷ ᠭᠠᠷᠣᠯ᠎ᠠ

ᠶᠡᠬᠡ ᠮᠣᠩᠭ᠋ᠣᠯ ᠬᠦᠷᠥᠨ ᠢ

ᠶᠢᠰᠣᠨ ᠬᠣᠨᠣᠭ ᠲᠤ ᠪᠠᠭᠳᠠᠭᠠᠵᠣ

ᠬᠦᠮᠥᠯᠳᠥᠷᠬᠡ ᠲᠣᠣᠷ᠎ᠠ ᠲᠠᠯᠳᠠᠯᠠᠭᠰᠠᠨ

ᠡᠷᠳᠠᠨ ᠤ ᠵᠦᠡᠭ ᠰᠣᠪᠢᠡᠭ ᠲᠣᠮᠳᠠᠭᠣᠷ ᠥᠩᠬᠡᠷᠡᠯ᠎ᠡ

ᠰᠠᠶ‍ᠢᠬᠠᠨ ᠡᠠᠳᠠ ᠰᠢᠷ᠎ᠠ ᠡᠢᠷᠭᠣᠢ ᠪᠣᠯᠣᠭᠰᠠᠨ

ᠰᠦᠨᠢᠥᠨ ᠤᠨ ᠬᠢᠯᠦᠬᠡᠳᠡᠢ ᠶᠢᠨ ᠰᠢᠯᠥᠭ ᠤᠨ ᠮᠦᠷ ᠦᠭᠰᠦᠵᠦ

ᠰᠢᠬᠥᠳᠡᠷᠢ ᠶᠢᠨ ᠬᠢᠨᠢ ᠲᠣᠳᠣᠷ᠎ᠠ ᠣᠬᠢᠯᠠᠭᠰᠠᠨ

ᠣᠳᠣᠳ ᠤᠨ ᠬᠣᠭᠣᠷᠣᠠᠳᠣ ᠵᠢᠣᠠᠬᠥᠯ᠎ᠡ

ᠬᠠᠮᠢᠭ᠎ᠠ ᠶᠠᠪᠣᠭᠰᠠᠨ ᠴᠤ ᠨᠣᠳᠣᠭ ᠤᠨ ᠬᠦᠬᠡ ᠪᠣᠷᠣᠭᠠᠨ ᠯᠠ

ᠨᠠᠮᠠᠢᠢ ᠣᠯᠵᠣ ᠲᠣᠰᠳᠠᠭ ᠰᠢᠭ

ᠬᠣᠯᠠ ᠶᠢᠨ ᠡᠷᠳᠠᠨ ᠡᠴᠡ ᠲᠠᠰᠣᠷᠠᠵᠣ

ᠬᠦᠬᠡᠮᠡᠢ ᠶᠢᠨ ᠡᠬᠡᠰᠢᠭ᠌ ᠨᠢ ᠨᠠᠳᠠ ᠳᠤ ᠡᠢᠷᠠᠨ᠎ᠠ

ᠬᠣᠭᠣᠷ ᠤᠨ ᠦᠯᠢᠬᠡᠷ ᠲᠡᠬᠡᠷ᠎ᠡ ᠬᠦᠷᠪᠡᠭ᠍ᠰᠡᠨ

ᠬᠦᠬᠡ ᠴᠢᠨᠣ᠎ᠠ ᠨᠢ ᠣᠯᠢᠨ᠎ᠠ

ᠠᠨᠢᠷ ᠬᠦᠮ ᠤᠨ ᠬᠦᠴᠥᠨ ᠳᠤ

ᠲᠡᠯᠠᠬᠡᠢ ᠶᠢᠨ ᠰᠣᠨᠣᠷ ᠲᠣᠷᠬᠢᠳᠠᠭ

ᠣᠨᠢᠶᠠᠷ ᠣᠷᠠᠭᠳᠠᠬᠣ ᠴᠢᠮᠡᠬᠡ ᠪᠠᠷ

ᠡᠪᠠᠰᠣ ᠨᠢ ᠰᠡᠷᠠᠳᠡᠭ

ᠡᠬᠡ ᠭᠣᠷᠪᠠᠨ ᠮᠥᠷᠡᠨ ᠡᠬᠢ ᠠᠪᠣᠭᠰᠠᠨ ᠪᠣᠯᠬᠣ ᠪᠠᠷ

ᠡᠠᠳᠠ ᠭᠠᠵᠠᠷ ᠨᠢ ᠦᠬᠡᠳᠡ ᠪᠠᠨ

ᠡᠢᠳᠣᠭᠠᠨ ᠪᠦᠬᠡ ᠶᠢᠨ ᠣᠩᠭ᠋ᠣᠳ ᠶᠢᠠᠷ ᠪᠣᠷᠣᠭᠠᠨ ᠴᠣᠭᠯᠠᠭᠣᠯᠳᠠᠭ

ᠴᠢᠯᠠᠭᠣ ᠨᠢ ᠦᠬᠡᠳᠡ ᠪᠠᠨ

ᠡᠯᠢᠬᠡ ᠴᠠᠭᠠᠨ ᠱᠠᠭᠠᠵᠠᠭᠠᠢ ᠰᠣᠪᠢᠡᠭ ᠴᠣᠭᠯᠠᠭᠣᠯᠳᠠᠭ

ᠲᠡᠭ᠍ᠷᠢ ᠨᠢ ᠦᠬᠡᠳᠡ ᠪᠠᠨ︕

ᠦᠬᠡᠳᠡ ᠶᠢᠨ ᠦᠬᠡᠳᠡ ᠡᠴᠡ ᠵᠢᠣᠠᠬᠥᠪᠡ ᠪᠢ︕

ᠪᠣᠷᠣᠭᠠᠨ ᠱᠠᠬᠢᠭᠰᠠᠨ ᠡᠬᠥᠯᠡᠨ ᠤ

ᠲᠠᠯᠠᠪᠴᠢᠨ ᠲᠡᠬᠡᠷ᠎ᠡ ᠵᠤᠭᠰᠣᠵᠣ

ᠦᠥᠷ ᠤᠨ ᠬᠠᠶᠠᠭ᠎ᠠ ᠶᠢ ᠰᠢᠭᠣᠯ᠎ᠠ

ᠡᠵᠢ ᠶᠢᠨ ᠰᠠᠴᠣᠯᠢ ᠶᠢᠨ ᠰᠦᠨ ᠴᠠᠭᠠᠨ᠎ᠠ ᠡᠴᠡ

ᠡᠷᠳᠠᠨ ᠤ ᠱᠠᠭ᠎ᠠ ᠶᠢᠨ ᠴᠢᠨᠡᠬᠡ ᠨᠦᠵᠢ ᠴᠢᠨᠥᠷᠠᠬᠥ ᠠᠭᠱᠠᠨ

ᠡᠥᠷᠴᠢᠯᠡᠨᠭ᠌ ᠤᠨ ᠬᠠᠷᠠᠩᠭ᠋ᠣᠢ ᠰᠦᠨᠢ ᠶᠢ

ᠬᠣᠷᠣᠭᠣᠨ ᠦᠨᠳᠡᠬᠡᠨ ᠴᠢᠨᠡᠬᠡ ᠪᠣᠯᠭᠠᠵᠣ

ᠬᠠᠴᠠᠷ ᠲᠡᠬᠡᠷ᠎ᠡ ᠮᠢᠨᠢ ᠲᠥᠷᠬᠢᠳᠡᠭ ᠪᠠᠢ᠌ᠭᠰᠠᠨ

ᠬᠦ᠋ ᠪᠠᠨ ᠭᠠᠳᠣᠯᠣᠯ᠎ᠠ

ᠠᠢ᠌ᠯ ᠠᠢ᠌ᠯ ᠤᠨ ᠴᠠᠢ ᠶᠢᠨ ᠲᠡᠬᠡᠵᠢ ᠳᠤ ᠨᠣᠷᠴᠣ

ᠡᠪᠥᠬᠡᠥᠨ ᠤᠨ ᠶᠢᠡᠨ ᠡᠢᠷᠥᠬᠡᠯ ᠲᠡᠶ

ᠡᠮᠣᠨ᠎ᠠ ᠬᠦᠳᠥᠯ ᠲᠡᠬᠡᠷ᠎ᠡ ᠵᠦᠷᠢᠨ

ᠪᠣᠷᠬᠠᠨ ᠬᠠᠯᠳᠣᠨ ᠤ ᠣᠷᠬᠢᠯ ᠳᠤ

ᠨᠠᠷᠠ ᠲᠡᠶ ᠣᠷᠭᠣᠵᠣ ᠭᠠᠷᠪᠠ ᠪᠢ︕

ᠬᠠᠷ᠎ᠠ ᠰᠥᠯᠳᠡ ᠶᠢᠨ ᠲᠣᠣᠷ᠎ᠠ

ᠬᠠᠳᠠᠭ ᠤᠨ ᠴᠠᠭᠠᠨᠠᠬᠢ ᠬᠦᠮᠥᠨ ᠠᠯᠠᠭ᠎ᠠ︕

ᠲᠣᠧᠨ ᠰᠤᠬᠤᠷ ᠤᠨ ᠨᠦᠬᠥᠬᠡ ᠨᠢᠳᠣ ᠶᠢᠨ ᠬᠡᠷᠡᠯ

ᠣᠪᠣᠭᠠᠨ ᠲᠡᠬᠡᠷ᠎ᠡ ᠠᠯᠠᠭ᠎ᠠ︕

ᠠᠯᠠᠭ᠎ᠠ ᠪᠦᠬᠥᠨ ᠤ ᠴᠠᠭᠠᠨ᠎ᠠ

ᠣᠨᠢᠶᠠᠷ ᠵᠠᠩᠬᠢᠷᠠᠭᠰᠠᠨ

ᠣᠨᠣᠨ ᠮᠥᠷᠡᠨ ᠤ ᠬᠦᠪᠡᠬᠡᠨ ᠳᠤ

ᠦᠬᠡᠯᠥᠨ ᠡᠬᠡ ᠶᠢᠨ

ᠲᠣᠮᠣᠭ ᠤᠨ ᠴᠠᠭᠠᠨ ᠬᠡᠷ ᠰᠥᠮᠡᠯᠵᠡᠪᠡ

ᠴᠡᠭ᠍ᠴᠡᠷ ᠤᠨ ᠰᠢᠷ᠎ᠠ ᠲᠠᠯ᠎ᠠ ᠶᠢᠨ

ᠨᠢᠯᠪᠣᠰᠣ ᠡᠭᠰᠢᠬᠡ ᠦᠭᠡᠶ ᠪᠠᠢ᠌ᠪᠠ

ᠴᠢ ᠪᠢ ᠬᠡᠳᠥᠨ ᠬᠡᠣᠬᠡᠥᠨ ᠮᠦᠨ ᠯᠠ

ᠴᠠᠢ᠌ᠪᠣᠷ ᠵᠢᠭᠠᠰᠣ ᠪᠠᠨ ᠪᠣᠯᠢᠶᠠᠯᠳᠣᠬᠣ ᠠᠪᠠᠢ ᠁


ᠵᠤᠬᠢᠶᠠᠭᠴᠢ ᠶᠢᠨ ᠬᠠᠶ‍ᠢᠭ᠄ ᠠᠯᠠᠱᠠ ᠠᠢ᠌ᠮᠠᠭ ᠤᠨ ᠡᠳᠣᠷ ᠤᠨ ᠰᠣᠨᠢᠨ ᠤ ᠬᠣᠷᠢᠶ᠎ᠠ

ᠵᠤᠬᠢᠶᠠᠭᠴᠢ᠄ ᠬᠡ᠊᠂ᠴᠤᠠᠠᠠᠤᠷᠬᠢᠯ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 443
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁