ᠮᠠᠯᠴᠢᠨ ᠪᠠᠷ ᠵᠢᠷᠤᠭᠴᠢᠨ ᠵᠠᠭᠤᠨᠨᠠᠮᠤᠷ

ᠬᠤᠷᠴᠢᠨ ᠪᠠᠷ ᠵᠢᠷᠤᠭ ᠪᠤᠯ ᠤᠳᠤ ᠦᠶ᠎ᠠ ᠵᠢᠨ ᠲᠤᠮᠳᠠᠳᠦ ᠤᠯᠤᠰ ᠦᠨ ᠲᠦᠷᠪᠡᠨ ᠶᠡᠬᠡ ᠪᠡᠷ ᠵᠢᠷᠤᠭ ᠦᠨ ᠪᠦᠯᠦᠭ ᠦᠨ ᠨᠢᠭᠡ ᠮᠦᠨ᠂ᠪᠠᠰᠠ ᠴᠦ ᠦᠪᠦᠷ ᠮᠤᠩᠭ᠋ᠤᠯ ᠦᠨ ᠲᠦᠩᠯᠢᠶᠤᠤ ᠬᠤᠳᠠ ᠵᠢᠨ ᠬᠡᠬᠡᠨᠴᠢᠷ ᠨᠡᠷ᠎ᠠ ᠵᠢᠨ ᠬᠠᠭᠤᠳᠠᠰᠦ ᠪᠤᠯᠤᠨ᠎ᠠ᠃ᠵᠠᠷᠤᠳ ᠬᠤᠰᠢᠭᠤ ᠦᠨᠳᠦᠰᠦᠲᠡᠨ ᠦ ᠵᠠᠩ ᠵᠠᠩᠰᠢᠯ ᠵᠢᠡᠷ ᠬᠦᠨ ᠵᠤᠵᠠᠭᠠᠨ᠂ᠰᠤᠶᠤᠯ ᠤᠷᠠᠯᠢᠭ ᠦᠨ ᠬᠡᠪ ᠨᠠᠮᠪᠠ ᠪᠡᠷ ᠦᠪᠡᠷᠮᠢᠴᠠ ᠭᠤᠴᠤ ᠪᠠᠢᠢᠳᠠᠭ ᠵᠢᠡᠷ ᠵᠢᠡᠨ ᠶᠡᠷᠦ ᠡᠴᠡ《ᠲᠤᠮᠳᠠᠳᠦ ᠤᠯᠤᠰ ᠦᠨ ᠦᠨᠳᠦᠰᠦᠲᠡᠨ ᠦ ᠪᠠᠡ ᠵᠢᠷᠤᠭ ᠦᠨ ᠨᠤᠲᠤᠭ》ᠬᠡᠮᠡᠬᠦ ᠰᠠᠢᠢᠬᠠᠨ ᠨᠠᠷ᠎ᠠ ᠲᠠᠢ ᠪᠢᠯᠡ᠃

ᠵᠠᠭᠤᠨᠨᠠᠮᠤᠷ1959 ᠤᠨ ᠳᠦ ᠵᠠᠷᠤᠳ ᠬᠤᠰᠢᠭᠤᠨ ᠳᠦ ᠲᠦᠷᠦᠵᠡᠢ᠂ᠲᠡᠷᠡ ᠵᠠᠷᠤᠳ ᠦᠨ ᠨᠤᠲᠤᠭ ᠤᠰᠤᠨ ᠳᠦ ᠪᠠᠨ ᠲᠤᠢᠢᠯ ᠦᠨ ᠶᠡᠬᠡ ᠬᠠᠢᠢᠷᠠᠲᠠᠢ᠃ᠬᠠᠷᠠᠬᠠᠨ ᠪᠠᠭ᠎᠎ᠠ ᠡᠴᠡ ᠪᠠᠨ ᠵᠢᠷᠤᠭ ᠵᠢᠷᠤᠬᠤ ᠪᠠᠬᠠᠲᠠᠢ ᠪᠠᠢᠢᠭᠰᠠᠨ ᠮᠦᠷᠲᠡᠭᠡᠨ ᠬᠦᠳᠡᠬᠡ ᠵᠢᠨ ᠰᠤᠷᠭᠠᠭᠤᠯᠢ ᠳᠦ ᠤᠷᠠᠨ ᠵᠢᠷᠤᠭ ᠦᠨ ᠪᠠᠭᠰᠢ ᠪᠤᠯᠵᠦ ᠦᠩᠭᠡᠷᠡᠭᠰᠡᠨ ᠲᠤᠯᠠ ᠪᠠᠷ ᠵᠢᠷᠤᠭ ᠲᠦ ᠤᠨᠴᠠ ᠵᠢᠨ ᠰᠡᠳᠭᠢᠯᠬᠡᠨ ᠲᠠᠢ ᠪᠤᠯᠵᠠᠢ᠃ᠪᠠᠷ ᠵᠢᠷᠤᠭ ᠵᠢᠷᠤᠭᠰᠠᠨ 20ᠭᠠᠷᠤᠢ ᠵᠢᠯ ᠦᠨ ᠲᠤᠷᠰᠢ᠂ᠲᠡᠭᠦᠨ ᠦ ᠪᠦᠳᠦᠭᠡᠯ ᠨᠢ ᠮᠤᠵᠢ ᠪᠠ ᠬᠤᠳᠠ ᠵᠢᠨ ᠲᠡᠰ ᠦᠨ ᠰᠡᠳᠭᠦᠯ ᠲᠡᠭᠡᠷ᠎ᠠ ᠤᠯᠠᠨ ᠤᠳᠠᠭ᠎ᠠ ᠨᠡᠢᠢᠲᠡᠯᠡᠭᠳᠡᠵᠦ ᠡᠯ᠎ᠠ ᠦᠵᠡᠭᠦᠯᠦᠯᠬᠡ ᠳᠦ ᠤᠯᠠᠨ ᠤᠳᠠᠭ᠎ᠠ ᠤᠷᠤᠯᠴᠠᠵᠦ ᠦᠩᠭᠡᠷᠡᠭᠰᠡᠨ ᠶᠤᠮ᠃1982 ᠤᠨ ᠪᠠ 1987 ᠤᠨ ᠳᠦ ᠪᠡᠭᠡᠵᠢᠩ ᠳᠦ ᠪᠤᠯᠤᠭᠰᠠᠨ ᠦᠵᠡᠭᠦᠯᠦᠯᠬᠡ ᠳᠦ ᠤᠷᠤᠯᠴᠠᠵᠦ᠂ᠨᠡᠢᠢᠰᠯᠡᠯ ᠦᠨ ᠰᠤᠨᠢᠷᠬᠠᠭᠴᠢᠳ ᠲᠦ ᠰᠠᠢᠢᠬᠠᠨ ᠰᠠᠭᠤᠭᠳᠠᠯ ᠦᠯᠡᠳᠡᠬᠡᠵᠡᠢ᠃ᠵᠠᠷᠤᠳ ᠦᠨ ᠪᠠᠷ ᠵᠢᠷᠤᠭ ᠨᠢ ᠲᠤᠬᠠᠢ ᠵᠢᠨ ᠭᠠᠵᠠᠷ ᠮᠤᠩᠭ᠋ᠤᠯᠴᠤᠳ ᠦᠨ ᠦᠢᠯᠡᠳᠪᠦᠷᠢᠯᠡᠯ ᠠᠮᠢᠳᠤᠷᠠᠯ ᠬᠢᠬᠡᠳ ᠲᠠᠯ᠎ᠠ ᠨᠤᠲᠤᠭ ᠦᠨ ᠦᠵᠡᠮᠵᠢ ᠡᠴᠡ ᠰᠡᠳᠦᠪ ᠠᠪᠴᠦ᠂ᠠᠭᠤᠯᠭ᠎ᠠ ᠨᠢ ᠦᠨᠡᠨ ᠪᠤᠳᠠᠳᠠᠢ᠂ᠬᠡᠪ ᠨᠠᠮᠪᠠ ᠨᠢ ᠡᠬᠡᠯ  ᠪᠤᠷᠤᠭᠵᠢᠭᠤᠨ᠂ᠦᠨᠳᠦᠰᠦᠲᠡᠨ ᠦ ᠤᠨᠴᠠᠯᠢᠭ ᠪᠤᠯᠤᠨ ᠤᠷᠤᠨ ᠨᠤᠲᠤᠭ ᠦᠨ ᠤᠨᠴᠠᠯᠢᠭ ᠵᠢᠡᠷ ᠬᠦᠨ ᠵᠤᠵᠠᠭᠠᠨ ᠪᠠᠢᠢᠳᠠᠭ᠃ᠪᠡᠷ ᠵᠢᠷᠤᠭ ᠦᠨ ᠡᠭᠦᠳᠦᠨ ᠪᠦᠳᠦᠭᠡᠬᠦ ᠡᠭᠨᠡᠭᠡ ᠴᠦ ᠤᠯᠠᠮ ᠵᠢᠡᠷ ᠪᠤᠵᠠᠭᠠᠢᠢᠷᠠᠵᠦ ᠪᠠᠢᠢᠨ᠎ᠠ᠂ᠡᠭᠦᠨ ᠦ ᠲᠤᠳᠤᠷ᠎ᠠ ᠮᠠᠯᠴᠢᠨ ᠪᠠᠷ ᠵᠢᠷᠤᠭᠴᠢᠨ ᠵᠠᠭᠤᠨᠨᠠᠮᠤᠷ ᠦᠨ ᠪᠦᠳᠦᠭᠡᠯ ᠨᠢ ᠤᠯᠠᠨ ᠦ ᠪᠠᠨ ᠲᠠᠭᠠᠰᠢᠶᠠᠯ ᠢ ᠶᠡᠬᠡᠬᠡᠨ ᠤᠯᠵᠦ ᠪᠠᠢᠢᠭ᠎ᠠ ᠶᠤᠮ᠃

2001 ᠤᠨ ᠳᠦ ᠵᠠᠭᠤᠨᠨᠠᠮᠤᠷ ᠮᠠᠯᠵᠢᠬᠤ ᠤᠷᠤᠨ ᠡᠴᠡ ᠪᠠᠨ ᠬᠤᠰᠢᠭᠤᠨ ᠲᠦᠪ ᠯᠦᠪᠸᠢ ᠪᠠᠯᠭᠠᠰᠤᠨ ᠳᠦ ᠬᠦᠷᠴᠦ ᠭᠡᠷ ᠲᠦᠷᠢᠶᠡᠰᠦᠯᠡᠨ ᠦᠪᠡᠷ ᠦᠨ ᠠᠵᠢᠯ ᠦᠢᠯᠡᠰ ᠵᠢᠡᠨ ᠡᠬᠢᠯᠡᠬᠦᠯᠵᠡᠢ᠃ᠵᠠᠭᠤᠨᠨᠠᠮᠤᠷ ᠲᠦ ᠠᠪᠴᠦ ᠬᠡᠯᠡᠪᠡᠯ᠂ᠨᠤᠲᠤᠭ ᠦᠨ ᠰᠠᠢᠢᠬᠠᠨ ᠦᠵᠡᠮᠵᠢ ᠪᠤᠯᠤᠨ ᠡᠳᠦᠷ ᠲᠤᠳᠤᠮ ᠦᠨ ᠬᠦᠳᠡᠯᠮᠦᠷᠢ ᠵᠢᠨ ᠪᠠᠢᠢᠳᠠᠯ ᠪᠤᠯ ᠲᠡᠭᠦᠨ ᠦ ᠡᠭᠦᠳᠦᠨ ᠪᠦᠳᠦᠭᠡᠯᠲᠡ ᠵᠢᠨ ᠭᠤᠤᠯ ᠰᠡᠳᠦᠪ ᠮᠦᠨ᠂ᠬᠡᠬᠦ ᠳᠦ ᠨᠤᠲᠤᠭ ᠦᠨ ᠵᠢᠡᠨ ᠦᠩᠬᠡ ᠦᠵᠡᠮᠵᠢ ᠵᠠᠩ ᠵᠠᠩᠰᠢᠯ ᠢ ᠪᠦᠳᠦᠭᠡᠯ ᠵᠢᠡᠷ ᠵᠢᠡᠨ ᠲᠤᠰᠬᠠᠵᠦ᠂ᠦᠷ᠎ᠠ ᠬᠡᠥᠬᠡᠳ ᠲᠡᠭᠡᠨ ᠲᠠᠯ᠎ᠠ ᠨᠤᠲᠤᠭ ᠦᠨ《ᠲᠡᠭᠦᠰ ᠰᠠᠢᠢᠬᠠᠨ》ᠦᠩᠬᠡ ᠲᠦᠷᠰᠦ ᠵᠢ ᠦᠯᠡᠳᠡᠭᠡᠨ ᠦᠭᠬᠦ ᠪᠤᠯ ᠲᠡᠭᠦᠨ ᠦ ᠡᠭᠦᠳᠦᠨ ᠪᠦᠳᠦᠭᠡᠬᠦ ᠵᠢᠨ ᠵᠤᠷᠢᠯᠭ᠎ᠠ ᠪᠤᠯᠤᠨ᠎ᠠ᠃


ᠵᠠᠭᠤᠨᠨᠠᠮᠤᠷ

《ᠤᠳᠤᠷ ᠦᠨ ᠵᠠᠮ》

《ᠲᠡᠮᠡᠴᠡᠬᠡᠨ》

《ᠰᠠᠢᠢᠨ ᠪᠡᠯᠬᠡ ᠢᠷᠦᠬᠡᠯ ᠵᠢᠡᠷ》

《ᠤᠯᠠᠭᠠᠨᠬᠠᠳᠠ》

《ᠲᠠᠯ᠎ᠠ ᠨᠤᠲᠤᠭ ᠦᠨ ᠰᠡᠳᠭᠢᠯᠭᠡ》

《ᠰᠡᠳᠭᠢᠯ ᠳᠦ ᠤᠶᠠᠭᠠᠲᠠᠢ ᠴᠠᠰᠤᠲᠦ ᠬᠡᠬᠡᠷ᠎ᠠ》

《ᠦᠷᠯᠦᠭᠡ ᠵᠢᠨ ᠤᠶᠠᠩᠭ᠋᠎ᠠ》

《ᠠᠩᠬᠢᠯᠤᠮ᠎ᠠ ᠴᠠᠢ》

《ᠨᠤᠲᠤᠭ ᠦᠨ ᠰᠢᠷ᠎ᠠ ᠪᠦᠷᠦᠢ》

《ᠲᠠᠯ᠎ᠠ ᠨᠤᠲᠤᠭ ᠦᠨ ᠰᠠᠬᠢᠭᠤᠰᠦ》

《ᠪᠢᠴᠢᠬᠠᠨ ᠨᠠᠢᠢᠵᠠ》ᠵᠤᠬᠢᠶᠠᠭᠴᠢ᠄ ᠳ᠋ᠠᠢ ᠪᠤᠤ ᠯᠢᠨ᠂ᠰᠦᠨ ᠳᠤᠤ ᠹᠸᠩ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 432
ᠴᠠᠭ᠄ 2015 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁