ᠬᠠᠢᠢᠰᠢ ᠵᠸᠥ ᠵᠢᠨ ᠮᠤᠩᠭ᠋ᠤᠯ ᠬᠡᠯᠡ ᠪᠢᠴᠢᠭ᠌ ᠦᠨ ᠠᠵᠢᠯ ᠦᠨ ᠲᠤᠢᠢᠮᠦ

ᠬᠦᠬᠡᠨᠠᠭᠤᠷ ᠲᠦᠪᠡᠳ ᠦᠨ ᠦᠨᠳᠦᠷᠯᠢᠭ᠌ ᠦᠨ ᠪᠠᠷᠠᠭᠤᠨ ᠬᠤᠢᠢᠳᠦ ᠦᠨᠴᠦᠭ ᠦᠨ ᠴᠠᠢᠢᠳᠠᠮ ᠦᠨ ᠬᠤᠳᠤᠭᠤᠷ ᠲᠦ᠂ᠮᠤᠩᠭ᠋ᠤᠯ ᠦᠨ ᠡᠷᠲᠡᠨ ᠦ ᠦᠬᠡ ᠬᠡᠯᠡ ᠦᠰᠦᠭ ᠪᠢᠴᠢᠭ᠌ ᠵᠢᠡᠨ ᠨᠡᠯᠢᠶᠡᠳ ᠪᠦᠷᠢᠨ ᠪᠦᠳᠦᠨ ᠵᠢᠡᠷ ᠨᠢ ᠬᠠᠳᠠᠭᠠᠯᠠᠵᠦ᠂ᠵᠠᠩ ᠦᠢᠯᠡ ᠰᠤᠶᠤᠯ ᠢᠷᠭᠡᠨᠰᠢᠯ ᠨᠢ ᠨᠡᠯᠢᠶᠡᠳ ᠪᠠᠯᠠᠷᠯᠢᠭ ᠬᠡᠪ ᠵᠢᠡᠷ ᠵᠢᠡᠨ ᠪᠠᠢᠢᠭ᠎ᠠ ᠨᠢᠭᠡ ᠪᠦᠯᠦᠭ ᠮᠤᠩᠭ᠋ᠤᠯᠴᠤᠳ ᠪᠠᠢᠢᠳᠠᠭ᠃ᠲᠡᠳᠡ ᠪᠤᠯ ᠲᠠᠷᠤᠢ ᠬᠦᠬᠡᠨᠠᠭᠤᠷ ᠮᠤᠵᠢ ᠵᠢᠨ ᠬᠠᠢᠢᠰᠢ ᠵᠢᠨ ᠮᠤᠩᠭ᠋ᠤᠯ ᠦᠨᠳᠦᠰᠦᠲᠡᠨ ᠲᠦᠢᠪᠡᠳ ᠦᠨᠳᠦᠰᠦᠲᠡᠨ ᠦ ᠦᠪᠡᠷᠲᠡᠭᠡᠨ ᠵᠠᠰᠠᠬᠤ ᠵᠸᠥ ᠵᠢᠨ ᠭᠤᠤᠯ ᠴᠤᠭᠴᠠ ᠦᠨᠳᠦᠰᠦᠲᠡᠨ ᠦ ᠨᠢᠬᠡ ᠪᠤᠯᠬᠤ ᠬᠠᠢᠢᠰᠢ ᠵᠢᠨ ᠮᠤᠩᠭ᠋ᠤᠯ ᠦᠨᠳᠦᠰᠦᠲᠡᠨ ᠪᠤᠯᠤᠨ᠎ᠠ᠃《ᠲᠡᠭᠡᠳᠦ ᠮᠤᠩᠭ᠋ᠤᠯ 》 ᠦᠨ ᠭᠤᠤᠯ ᠰᠠᠯᠪᠤᠷᠢ ᠵᠢᠨ ᠨᠢᠬᠡ ᠪᠤᠯᠬᠤ ᠤᠳᠤ ᠵᠢᠨ ᠬᠠᠢᠢᠰᠢ ᠮᠤᠩᠭ᠋ᠤᠯᠴᠤᠳ ᠪᠤᠯ 17  ᠳᠤᠭᠠᠷ ᠵᠠᠭᠤᠨ ᠦ ᠦᠶ᠎ᠠ ᠪᠡᠷ ᠬᠦᠬᠡᠨᠠᠭᠤᠷ ᠦᠨ ᠴᠠᠢᠢᠳᠠᠮ ᠤᠷᠤᠨ ᠳᠦ ᠬᠦᠷᠴᠦ ᠨᠢᠬᠡᠨᠲᠡ ᠲᠦᠷᠪᠡᠨ ᠵᠠᠭᠤᠨ ᠵᠢᠯ ᠦᠨ ᠲᠡᠥᠬᠡ ᠲᠠᠢ ᠪᠤᠯᠵᠠᠢ᠃ ᠬᠠᠢᠢᠰᠢ ᠮᠤᠩᠭ᠋ᠤᠯᠴᠤᠳ ᠪᠤᠯ ᠪᠠᠷᠠᠭᠤᠨ ᠮᠤᠩᠭ᠋ᠤᠯ(ᠤᠢᠢᠷᠠᠳ ᠮᠤᠩᠭ᠋ᠤᠯ) ᠦᠨ ᠬᠤᠱᠤᠳ ᠠᠢᠢᠮᠠᠭ ᠲᠦ ᠬᠠᠷᠢᠶᠠᠯᠠᠭᠳᠠᠵᠦ᠂ᠮᠢᠩ ᠤᠯᠤᠰ ᠦᠨ ᠼᠦᠩ ᠵᠧᠨ ᠦ ᠠᠷᠪᠠᠳᠤᠭᠠᠷ ᠤᠨ(1636 ᠤᠨ) ᠳᠦ ᠲᠡᠳᠡᠨ ᠦ ᠤᠳᠤᠷᠢᠳᠤᠭᠴᠢ ᠬᠦᠥᠰᠢ ᠬᠠᠭᠠᠨ ᠦ ᠲᠠᠭᠠᠭᠤᠯᠭ᠎ᠠ ᠪᠡᠷ ᠬᠦᠬᠡᠨᠠᠭᠤᠷ ᠲᠦ ᠢᠷᠡᠵᠦ᠂ᠤᠳᠤ ᠵᠢᠨ ᠬᠠᠢᠢᠰᠢ ᠤᠷᠤᠨ ᠢ ᠨᠤᠶᠠᠷᠬᠠᠭᠰᠠᠨ ᠶᠤᠮ᠃ᠬᠠᠢᠢᠰᠢ ᠵᠢᠨ ᠮᠤᠩᠭ᠋ᠤᠯ ᠦᠨᠳᠦᠰᠦᠲᠡᠨ ᠤᠳᠤᠬᠠᠨ ᠳᠦ ᠪᠠᠨ ᠬᠠᠢᠢᠰᠢ ᠵᠢᠨ ᠮᠤᠩᠭ᠋ᠤᠯ ᠦᠨᠳᠦᠰᠦᠲᠡᠨ ᠲᠦᠢᠪᠡᠳ ᠦᠨᠳᠦᠰᠦᠲᠡᠨ ᠦ ᠦᠪᠡᠷᠲᠡᠭᠡᠨ ᠵᠠᠰᠠᠬᠤ ᠵᠸᠥ ᠵᠢᠨ ᠲᠡᠯᠡᠬᠡᠢ᠂ᠭᠤᠤᠯᠮᠤᠰ᠂ᠤᠯᠠᠭᠠᠨ᠂ᠲᠤᠯᠠᠭᠠᠨ᠂ᠶᠡᠬᠡ ᠴᠠᠢᠢᠳᠠᠮ᠂ᠮᠠᠭ᠍ᠨᠠᠢ ᠵᠡᠷᠬᠡ ᠤᠷᠤᠨ ᠵᠢᠡᠷ ᠲᠠᠷᠬᠠᠵᠦ᠂3 ᠲᠦᠮᠡ ᠰᠢᠬᠠᠮ ᠬᠦᠮᠦᠨ ᠠᠮᠠ ᠲᠠᠢ ᠂ᠶᠡᠬᠡᠩᠬᠢ ᠲᠤᠭᠠᠨ ᠦ ᠮᠤᠩᠭ᠋ᠤᠯᠴᠤᠳ ᠦᠨ ᠠᠵᠦ ᠠᠮᠢᠳᠤᠷᠠᠯ ᠨᠢ ᠨᠡᠭᠦᠳᠡᠯᠯᠡᠨ ᠮᠠᠯᠵᠢᠬᠤ ᠪᠡᠷ ᠭᠤᠤᠯᠯᠠᠭᠰᠠᠭᠠᠷ ᠪᠠᠢᠢᠨ᠎ᠠ᠃

ᠰᠢᠨ᠎ᠠ ᠲᠤᠮᠳᠠᠳᠦ ᠤᠯᠤᠰ ᠪᠠᠢᠢᠭᠤᠯᠤᠭᠳᠠᠭᠰᠠᠨ ᠡᠴᠡ ᠨᠠᠰᠢ᠂ᠤᠨᠴᠠᠭᠠᠢᠢᠯᠠᠨ1954 ᠤᠨ ᠳᠦ ᠦᠪᠡᠷᠲᠡᠭᠡᠨ ᠵᠠᠰᠠᠬᠤ ᠵᠸᠥ ᠪᠠᠢᠢᠭᠤᠯᠤᠭᠳᠠᠭᠰᠠᠨ ᠡᠴᠡ ᠨᠠᠰᠢ᠂ᠬᠠᠢᠢᠰᠢ ᠵᠢᠨ ᠮᠤᠩᠭ᠋ᠤᠯ ᠦᠨᠳᠦᠰᠦᠲᠡᠨ ᠦ ᠤᠯᠠᠮᠵᠢᠯᠠᠯᠲᠦ ᠰᠤᠶᠤᠯ ᠭᠤᠤᠯᠳᠠᠯᠭ᠎ᠠ ᠲᠠᠢ ᠬᠠᠮᠠᠭᠠᠯᠠᠭᠳᠠᠵᠦ᠂ᠦᠨᠳᠦᠰᠦᠲᠡᠨ ᠦ ᠵᠠᠩ ᠦᠢᠯᠡ ᠤᠯᠠᠮᠵᠢᠯᠠᠭᠳᠠᠨ ᠵᠠᠯᠭᠠᠮᠵᠢᠯᠠᠭᠳᠠᠵᠦ᠂ᠦᠨᠳᠦᠰᠦᠲᠡᠨ ᠦ ᠰᠤᠶᠤᠯ ᠰᠤᠷᠭᠠᠨ ᠬᠦᠮᠦᠵᠢᠯ ᠦᠨ ᠦᠢᠯᠡᠰ ᠨᠢ ᠬᠠᠮᠠᠭᠠᠯᠠᠬᠤ᠂ᠵᠠᠯᠭᠠᠮᠵᠢᠯᠠᠬᠤ᠂ᠬᠦᠭᠵᠢᠬᠦᠯᠬᠦ ᠵᠦᠪ ᠵᠠᠮ ᠳᠦ ᠪᠠᠨ ᠤᠷᠤᠭᠰᠠᠨ ᠪᠠᠢᠢᠨ᠎ᠠ᠃ᠮᠤᠩᠭ᠋ᠤᠯ ᠬᠡᠯᠡᠨ ᠦ ᠷᠠᠳᠢᠤ᠋ ᠲᠸᠯᠸᠢᠰ᠂ᠺᠢᠨᠤ᠋ ᠤᠷᠴᠢᠭᠤᠯᠤᠨ ᠦᠢᠯᠡᠳᠬᠦ᠂ᠮᠤᠩᠭ᠋ᠤᠯ ᠬᠡᠯᠡᠨ ᠦ ᠰᠤᠨᠢᠨ ᠰᠡᠳᠭᠦᠯ ᠵᠢᠴᠢ ᠮᠤᠩᠭ᠋ᠤᠯ ᠲᠦᠪᠡᠳ ᠡᠮᠨᠡᠯᠬᠡ ᠵᠡᠷᠬᠡ ᠲᠠᠯ᠎ᠠ ᠪᠡᠷ ᠨᠡᠯᠢᠶᠡᠳ ᠰᠠᠢᠢᠨ ᠬᠦᠭᠵᠢᠯᠲᠡ ᠲᠠᠢ ᠪᠤᠯᠵᠠᠢ᠃

ᠬᠠᠢᠢᠰᠢ ᠵᠢᠨ ᠮᠤᠩᠭ᠋ᠤᠯ ᠦᠨᠳᠦᠰᠦᠲᠡᠨ ᠦ ᠪᠤᠳᠠᠰ ᠦᠨ ᠪᠤᠰᠤ ᠰᠤᠶᠤᠯ ᠦᠨ ᠦᠪ ᠢ ᠬᠠᠮᠠᠭᠠᠯᠠᠬᠤ ᠠᠵᠢᠯ ᠨᠢ ᠲᠡᠭᠡᠷ᠎ᠠ ᠵᠠᠭᠤᠨ ᠦ ᠲᠠᠯᠠᠭᠠᠳ ᠤᠨ ᠦ ᠰᠡᠭᠦᠯᠴᠢ᠂ᠨᠠᠶᠠᠭᠠᠳ  ᠤᠨ ᠦ ᠡᠬᠢ ᠪᠡᠷ ᠡᠬᠢᠯᠡᠵᠡᠢ᠃ᠬᠡᠰᠡᠭ ᠡᠷᠳᠡᠮᠲᠡᠳ ᠪᠤᠯᠤᠨ ᠬᠠᠢᠢᠰᠢ ᠵᠸᠥ ᠵᠢᠨ ᠤᠯᠠᠨ ᠲᠦᠮᠡᠨᠴᠢ ᠰᠤᠶᠤᠯ ᠤᠷᠠᠯᠢᠭ ᠦᠨ ᠤᠷᠳᠤᠨ ᠦ ᠲᠤᠰᠬᠠᠢ ᠰᠤᠳᠤᠯᠤᠭᠴᠢᠳ ᠪᠤᠯᠤᠨ ᠵᠠᠰᠠᠭ ᠦᠨ ᠤᠷᠳᠤᠨ ᠦ ᠬᠠᠮᠳᠦ ᠵᠢᠨ ᠴᠢᠷᠮᠠᠢᠢᠯᠠᠭ᠎ᠠ ᠪᠡᠷ ᠬᠠᠢᠢᠰᠢ ᠵᠢᠨ ᠮᠤᠩᠭ᠋ᠤᠯ ᠦᠨᠳᠦᠰᠦᠲᠡᠨ  ᠪᠤᠳᠠᠰ ᠦᠨ ᠪᠤᠰᠤ ᠰᠤᠶᠤᠯ ᠦᠨ ᠦᠪ ᠭᠤᠤᠯᠳᠠᠯᠭ᠎ᠠ ᠲᠠᠢ ᠬᠠᠮᠠᠭᠠᠯᠠᠭᠳᠠᠭᠰᠠᠨ ᠪᠠᠢᠢᠨ᠎ᠠ᠃ᠤᠳᠤ ᠬᠠᠢᠢᠰᠢ ᠵᠢᠨ ᠮᠤᠩᠭ᠋ᠤᠯ  ᠦᠨᠳᠦᠰᠦᠲᠡᠨ ᠦ ᠨᠠᠭᠠᠳᠤᠮ ᠦᠨ ᠬᠤᠷᠠᠯ ᠪᠤᠯᠤᠨ ᠮᠤᠩᠭ᠋ᠤᠯ ᠦᠨᠳᠦᠰᠦᠲᠡᠨ ᠦ ᠪᠠᠭᠠᠳᠤᠷᠯᠢᠭ ᠲᠤᠤᠯᠢ《ᠬᠠᠨ ᠴᠡᠩᠭᠡᠯ》 ᠤᠯᠤᠰ ᠦᠨ ᠲᠡᠰ ᠦᠨ ᠪᠤᠳᠠᠰ ᠦᠨ ᠪᠤᠰᠤ ᠰᠤᠶᠤᠯ ᠦᠨ ᠦᠪ ᠦᠨ ᠬᠠᠮᠠᠭᠠᠯᠠᠯᠲᠠ ᠵᠢᠨ ᠨᠡᠷᠡᠰ ᠲᠦ ᠵᠢᠭᠰᠠᠭᠠᠭᠳᠠᠭᠠᠳ ᠪᠠᠢᠢᠨ᠎ᠠ᠃

ᠬᠠᠢᠢᠰᠢ ᠵᠢᠨ ᠠᠷᠠᠳ ᠦᠨ ᠷᠠᠳᠢᠤ᠋ ᠬᠤᠷᠢᠶ᠎ᠠ1974ᠤᠨ ᠳᠦ ᠪᠠᠢᠢᠭᠤᠯᠤᠭᠳᠠᠵᠦ᠂1980 ᠤᠨ ᠦ 1ᠰᠠᠷ᠎ᠠ ᠡᠴᠡ ᠮᠤᠩᠭ᠋ᠤᠯ ᠬᠡᠯᠡ ᠪᠡᠷ ᠨᠡᠪᠲᠡᠷᠡᠭᠦᠯᠵᠦ ᠡᠬᠢᠯᠡᠪᠡ᠃ᠬᠠᠢᠢᠰᠢ ᠵᠢᠨ ᠲᠸᠯᠸᠢᠰ ᠬᠤᠷᠢᠶ᠎ᠠ ᠵᠢᠨ ᠮᠤᠩᠭ᠋ᠤᠯ  ᠬᠡᠯᠡᠨ ᠦ ᠫᠷᠤᠭ᠍ᠷᠠᠮ 2011 ᠤᠨ ᠦ 1ᠰᠠᠷ᠎ᠠ ᠵᠢᠨ 3 ᠦ ᠡᠳᠦᠷ ᠦᠵᠡᠭᠴᠢᠳ ᠲᠠᠢ ᠵᠤᠯᠭᠠᠵᠠᠢ᠃ᠬᠤᠶᠠᠷ ᠬᠤᠷᠢᠶ᠎ᠠ ᠵᠢᠨ ᠮᠤᠩᠭ᠋ᠤᠯ ᠫᠷᠤᠭ᠍ᠷᠠᠮ ᠳᠦ ᠪᠦᠷ《ᠬᠠᠢᠢᠰᠢ ᠵᠢᠨ ᠰᠤᠨᠢᠨ ᠮᠡᠳᠡᠬᠡ》᠂《ᠭᠠᠷᠠᠭ ᠦᠨ ᠲᠠᠭᠤᠤ》᠂《ᠴᠠᠭ ᠠᠭᠤᠷ ᠦᠨ ᠮᠡᠳᠡᠬᠡ》 ᠪᠤᠯᠤᠨ《ᠪᠤᠳᠠᠳᠤ ᠶᠠᠪᠤᠳᠠᠯ ᠦᠨ ᠲᠤᠰᠬᠠᠢ ᠰᠡᠳᠦᠪ》 ᠵᠡᠷᠬᠡ ᠠᠯᠢ ᠤᠯᠠᠨ ᠪᠤᠯᠤᠩ ᠲᠠᠢ ᠪᠠᠢᠢᠵᠦ᠂ᠤᠯᠠᠨ ᠵᠢᠯ ᠦᠨ ᠲᠤᠷᠰᠢ ᠨᠠᠮ ᠦᠨ ᠱᠤᠭᠤᠮ ᠴᠢᠭ᠍ᠯᠡᠯᠲᠡ ᠵᠢ ᠤᠬᠠᠭᠤᠯᠵᠦ᠂ᠨᠡᠢᠢᠭᠡᠮ ᠦᠨ ᠠᠮᠤᠷ ᠲᠤᠭᠳᠠᠭᠤᠨ ᠢ ᠬᠠᠮᠠᠭᠠᠯᠠᠬᠤ᠂ᠦᠨᠳᠦᠰᠦᠲᠡᠨ ᠦ ᠪᠦᠯᠬᠦᠮᠳᠡᠯ ᠢ ᠴᠢᠩᠭ᠋ᠠᠳᠬᠠᠬᠤ᠂ᠮᠤᠩᠭ᠋ᠤᠯ ᠦᠨᠳᠦᠰᠦᠲᠡᠨ ᠦ ᠦᠪ ᠰᠤᠶᠤᠯ ᠢ ᠤᠯᠠᠮᠵᠢᠯᠠᠨ ᠵᠠᠯᠭᠠᠮᠵᠢᠯᠠᠬᠤ ᠵᠡᠷᠭᠡ ᠲᠠᠯ᠎ᠠ ᠪᠡᠷ ᠢᠳᠡᠪᠬᠢᠲᠡᠢ ᠦᠢᠯᠡᠳᠦᠯ ᠭᠠᠷᠭᠠᠵᠦ ᠪᠠᠢᠢᠨ᠎ᠠ᠃ᠤᠢᠢᠷ᠎ᠠ ᠵᠢᠨ ᠵᠢᠯ ᠡᠴᠡ ᠨᠠᠰᠢ᠂ᠬᠤᠶᠠᠷ ᠬᠤᠷᠢᠶ᠎ᠠ ᠵᠢᠨ ᠰᠤᠨᠢᠨ ᠮᠡᠳᠡᠬᠡ᠂ᠤᠳᠬ᠎ᠠ ᠤᠷᠠᠯᠢᠭ᠂ᠲᠤᠰᠬᠠᠢ ᠨᠡᠪᠲᠡᠷᠡᠭᠦᠯᠭᠡ ᠵᠡᠷᠬᠡ 20 ᠰᠢᠬᠠᠮ ᠪᠦᠳᠦᠬᠡᠯ ᠪᠠ ᠬᠦᠬᠡᠨᠠᠭᠤᠷ ᠮᠤᠵᠢ ᠵᠢᠨ ᠦᠨᠳᠦᠰᠦᠲᠡᠨ ᠦ ᠬᠡᠯᠡᠨ ᠦ ᠷᠠᠳᠢᠤ᠋ ᠲᠸᠯᠸᠢᠰ ᠫᠷᠤᠭ᠍ᠷᠠᠮ ᠦᠨ ᠰᠢᠯᠢᠳᠡᠭ ᠪᠦᠳᠦᠭᠡᠯ ᠵᠢᠡᠷ ᠰᠢᠯᠭᠠᠭᠳᠠᠨ ᠭᠠᠷᠪᠠ᠃

27 ᠵᠢᠯ ᠦᠨ ᠲᠡᠥᠬᠡ ᠲᠠᠢ ᠬᠠᠢᠢᠰᠢ ᠵᠢᠨ ᠮᠤᠩᠭ᠋ᠤᠯ ᠬᠡᠯᠡᠨ ᠦ ᠺᠢᠨᠤ᠋ ᠤᠷᠴᠢᠭᠤᠯᠤᠨ  ᠦᠢᠯᠡᠳᠬᠦ ᠠᠵᠢᠯ ᠨᠢ ᠨᠢᠭᠡᠨ  ᠪᠠᠭᠴᠠ ᠰᠤᠷᠭᠤᠭ ᠴᠡᠴᠡᠭ ᠰᠢᠭ ᠠᠩᠬᠢᠯᠤᠨ ᠪᠠᠢᠢᠨ᠎ᠠ᠃17 ᠵᠢᠯ ᠦᠨ ᠲᠤᠷᠰᠢᠬᠢ ᠤᠷᠴᠢᠭᠤᠯᠤᠨ ᠦᠢᠯᠡᠳᠬᠦ ᠠᠵᠢᠯ ᠳᠠᠭᠠᠨ ᠤᠷᠴᠢᠭᠤᠯᠤᠨ ᠦᠢᠯᠡᠳᠬᠦ ᠠᠵᠢᠯ ᠲᠡᠬᠡᠳᠦ ᠮᠤᠩᠭ᠋ᠤᠯ ᠨᠤᠲᠤᠭ ᠦᠨ ᠠᠪᠢᠶ᠎ᠠ᠂ᠠᠷᠠᠳ ᠢᠷᠭᠡᠳ ᠦᠨ ᠵᠠᠩ ᠦᠢᠯᠡ᠂ᠠᠷᠠᠳ ᠤᠯᠠᠨ ᠦ ᠬᠡᠷᠡᠭᠴᠡᠬᠡ ᠪᠤᠯᠤᠨ ᠴᠠᠭ ᠦᠶ᠎ᠠ ᠵᠢᠨ ᠬᠡᠷᠡᠭᠴᠡᠭᠡ ᠳᠦ ᠰᠠᠭᠤᠷᠢᠯᠠᠨ᠂253 ᠺᠢᠨᠤ᠋ ᠤᠷᠴᠢᠭᠤᠯᠤᠨ ᠦᠢᠯᠡᠳᠴᠦ᠂ᠦᠨᠳᠦᠰᠦᠨ ᠱᠠᠳᠦᠨ ᠳᠦ ᠬᠦᠨᠵᠡᠭᠡᠢᠢᠷᠡᠵᠦ᠂4516ᠤᠳᠠᠭ᠎ᠠ ᠺᠢᠨᠤ᠋ ᠭᠠᠷᠭᠠᠵᠦ᠂4 ᠤᠳᠠᠭ᠎ᠠ ᠤᠯᠤᠰ ᠦᠨ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ᠂ᠷᠠᠳᠢᠤ᠋ ᠲᠸᠯᠸᠢᠰ ᠶᠡᠷᠦᠩᠬᠡᠢ ᠲᠤᠪᠴᠢᠶ᠎ᠠ᠂ᠰᠤᠶᠤᠯ ᠦᠨ ᠶᠠᠮᠤᠨ ᠪᠤᠯᠤᠨ ᠲᠤᠮᠳᠠᠳᠦ ᠤᠯᠤᠰ ᠦᠨ ᠤᠳᠬ᠎ᠠ ᠤᠷᠠᠯᠢᠭ ᠦᠨ ᠬᠢᠨ ᠦ ᠬᠤᠯᠪᠤᠭ᠎ᠠ ᠡᠴᠡ ᠤᠯᠭᠤᠭᠰᠠᠨ ᠪᠦᠬᠦ ᠤᠯᠤᠰ ᠦᠨ ᠴᠦᠬᠡᠨ ᠲᠤᠭᠠᠳᠦ ᠦᠨᠳᠦᠰᠦᠲᠡᠨ ᠦ ᠰᠡᠳᠦᠪᠲᠦ ᠲᠸᠯᠸᠢᠰ ᠤᠷᠠᠯᠢᠭ ᠦᠨ 《ᠠᠵᠢᠨᠠᠢ ᠬᠦᠯᠦᠭ ᠱᠠᠩᠨᠠᠯ》 ᠢ ᠲᠤᠰᠤᠭᠰᠠᠨ ᠪᠠᠢᠢᠨ᠎ᠠ᠃

ᠨᠠᠢᠮᠠᠨ ᠮᠤᠵᠢ ᠤᠷᠤᠨ ᠦ ᠮᠤᠩᠭ᠋ᠤᠯ ᠬᠡᠯᠡ ᠪᠢᠴᠢᠭ᠌ ᠦᠨ ᠠᠵᠢᠯ ᠦᠨ ᠬᠠᠮᠵᠢᠯᠴᠠᠬᠤ ᠲᠤᠭᠤᠢᠢᠯᠠᠩ ᠳᠦ ᠬᠤᠶᠠᠷ ᠤᠳᠠᠭ᠎ᠠ《ᠲᠡᠷᠢᠭᠦᠨ ᠦ ᠬᠠᠮᠳᠦ ᠨᠢᠭᠡᠴᠢ》ᠪᠡᠷ ᠰᠢᠯᠭᠠᠭᠳᠠᠨ ᠭᠠᠷᠴᠦ᠂ᠨᠠᠢᠮᠠᠨ ᠮᠤᠵᠢ ᠤᠷᠤᠨ ᠦ ᠮᠤᠩᠭ᠋ᠤᠯ ᠬᠡᠯᠡᠨ ᠦ ᠺᠢᠨᠤ᠋ ᠲᠸᠯᠸᠢᠰ ᠦᠨ ᠰᠢᠯᠢᠳᠡᠭ ᠪᠦᠳᠦᠭᠡᠯ ᠦᠨ ᠱᠠᠩᠨᠠᠯ ᠢ ᠤᠯᠠᠨᠲᠠ ᠲᠤᠰᠤᠭᠰᠠᠨ ᠶᠤᠮ᠃

《ᠴᠡᠴᠡᠭᠲᠦ ᠴᠠᠢᠢᠳᠠᠮ》 ᠮᠤᠩᠭ᠋ᠤᠯ ᠬᠡᠯᠡᠨ ᠦ ᠤᠷᠠᠨ ᠵᠤᠬᠢᠶᠠᠯ ᠦᠨ ᠰᠡᠳᠭᠦᠯ 1980 ᠤᠨ ᠦ 1ᠰᠠᠷ᠎ᠠ ᠳᠦ ᠬᠡᠪᠯᠡᠯ ᠡᠬᠢᠯᠡᠵᠦ᠂ᠲᠤᠬᠠᠢ ᠵᠢᠨ ᠦᠶ᠎ᠠ ᠳᠦ《ᠪᠠᠷᠠᠭᠤᠨ ᠤᠷᠤᠨ ᠦ ᠠᠩᠬᠠᠳᠠᠭᠴᠢ ᠤᠷᠠᠨ ᠵᠤᠬᠢᠶᠠᠯ ᠦᠨ ᠰᠡᠳᠭᠦᠯ》ᠬᠡᠮᠡᠨ ᠦᠨᠡᠯᠡᠭᠳᠡᠭᠰᠡᠨ ᠪᠠᠢᠢᠨ᠎ᠠ᠃ᠬᠡᠪᠯᠡᠯ ᠡᠬᠢᠯᠡᠭᠰᠡᠨ ᠡᠴᠡ ᠨᠠᠰᠢᠬᠢ 33 ᠵᠢᠯ ᠦᠨ ᠲᠤᠷᠰᠢ《ᠴᠡᠴᠡᠭᠲᠦ ᠴᠠᠢᠢᠳᠠᠮ》ᠲᠡᠭᠡᠳᠦ ᠮᠤᠩᠭ᠋ᠤᠯ ᠦᠨ ᠢᠯᠡ ᠲᠤᠳᠤ ᠬᠡᠪ ᠨᠠᠮᠪᠠ ᠪᠤᠯᠤᠨ ᠦᠨᠳᠦᠷᠯᠢᠭ᠌ ᠤᠷᠤᠨ ᠦ ᠠᠩᠬᠢᠯᠤᠮ᠎ᠠ ᠦᠩᠬᠡ ᠪᠤᠳᠤᠭ ᠵᠢᠡᠨ ᠬᠠᠳᠠᠭᠠᠯᠠᠵᠦ᠂ᠬᠠᠢᠢᠰᠢ ᠪᠡᠷ ᠰᠠᠭᠤᠷᠢᠯᠠᠵᠦ᠂ᠪᠦᠬᠦ ᠮᠤᠵᠢ ᠪᠤᠯᠤᠨ ᠤᠯᠤᠰ ᠦᠨ ᠲᠤᠳᠤᠭᠠᠳᠦ ᠭᠠᠳᠠᠭᠠᠳᠦ ᠳᠦ ᠬᠠᠨᠳᠤᠭᠤᠯᠤᠨ᠂ᠰᠡᠳᠭᠦᠯ ᠦᠨ ᠵᠢᠡᠨ ᠴᠠᠭ ᠦᠶ᠎ᠠ᠂ᠦᠨᠳᠦᠰᠦᠲᠡᠨ᠂ᠦᠨᠳᠦᠷᠯᠢᠭ᠌ ᠭᠤᠷᠪᠠᠨ ᠤᠨᠴᠠᠯᠢᠭ ᠪᠤᠯᠤᠨ ᠪᠦᠳᠦᠭᠡᠯ ᠦᠨ ᠵᠢᠡᠨ ᠦᠵᠡᠯ ᠰᠠᠨᠠᠭᠠᠲᠦ ᠴᠢᠨᠠᠷ᠂ᠤᠷᠠᠯᠢᠭᠲᠦ ᠴᠢᠨᠠᠷ ᠢ ᠴᠢᠬᠤᠯᠠᠴᠢᠯᠠᠵᠦ᠂ᠦᠭᠦᠯᠡᠯᠬᠡ᠂ᠰᠢᠯᠦᠭ ᠲᠠᠭᠤᠤ᠂ᠨᠠᠢᠢᠷᠠᠭᠤᠯᠤᠯ᠂ᠦᠬᠦᠯᠡᠯ᠂ᠤᠷᠠᠨ ᠵᠢᠷᠤᠭ᠂ᠰᠡᠭᠦᠳᠡᠷ᠂ᠲᠠᠭᠤᠤ ᠬᠦᠭᠵᠢᠮ᠂ᠤᠷᠠᠨ ᠪᠢᠴᠢᠯᠬᠡ ᠵᠡᠷᠭᠡ ᠪᠦᠳᠦᠭᠡᠯ 5100 ᠢᠯᠡᠬᠦᠦ ᠬᠠᠭᠤᠳᠠᠰᠦ(ᠪᠠᠳᠠᠭ) ᠨᠡᠢᠢᠳᠡᠯᠡᠵᠦ᠂17 ᠲᠦᠮᠡ ᠭᠠᠷᠤᠢ ᠲᠡᠪᠳᠡᠷ ᠲᠠᠷᠬᠠᠭᠠᠪᠠ᠃《ᠴᠡᠴᠡᠭᠲᠦ ᠴᠠᠢᠢᠳᠠᠮ》ᠪᠤᠯ ᠬᠦᠬᠡᠨᠠᠭᠤᠷ ᠦᠨ ᠮᠤᠩᠭ᠋ᠤᠯ ᠤᠷᠠᠨ ᠵᠤᠬᠢᠶᠠᠯ ᠪᠦᠳᠦᠭᠡᠯ ᠦᠨ ᠴᠢᠬᠤᠯᠠ ᠴᠤᠩᠬᠤᠪᠴᠢ ᠶᠤᠮ᠂ᠤᠯᠠᠨ ᠵᠢᠯ ᠦᠨ ᠲᠤᠷᠰᠢ ᠤᠷᠠᠨ ᠵᠤᠬᠢᠶᠠᠯᠴᠢᠳ ᠦᠨ ᠬᠠᠯᠠᠭᠤᠨ ᠬᠦᠷᠢᠶᠡᠯᠡᠯ ᠢ ᠤᠯᠵᠦ᠂ᠲᠤᠮᠳᠠᠳᠦ ᠤᠯᠤᠰ ᠦᠨ ᠮᠤᠩᠭ᠋ᠤᠯ ᠤᠷᠠᠨ ᠵᠤᠬᠢᠶᠠᠯ ᠦᠨ ᠰᠡᠳᠭᠦᠯ ᠦᠨ ᠲᠤᠮᠳᠠᠬᠢ ᠴᠢᠬᠤᠯᠠ ᠰᠡᠳᠭᠦᠯ ᠪᠤᠯᠤᠭᠰᠠᠨ ᠪᠠᠢᠢᠨ᠎ᠠ᠃

1987ᠤᠨ ᠦ10 ᠰᠠᠷ᠎ᠠ ᠳᠦ᠂ ᠬᠠᠢᠢᠰᠢ ᠵᠸᠥ ᠵᠢᠨ ᠨᠠᠮ ᠦᠨ ᠬᠤᠷᠢᠶ᠎᠎᠎᠎ᠠ ᠵᠠᠰᠠᠭ ᠦᠨ ᠤᠷᠳᠤᠨ ᠦ ᠬᠠᠯᠠᠮᠵᠢᠯᠠᠯ ᠲᠡᠮᠵᠢᠯᠬᠡ᠂ᠬᠠᠮᠢᠶ᠎ᠠ ᠪᠦᠬᠦᠢ ᠰᠠᠯᠠᠭ᠎᠎ᠠ ᠮᠦᠴᠢᠷ ᠦᠨ ᠨᠢᠮᠪᠠᠢ ᠤᠬᠠᠭᠠᠯᠠᠵᠦ ᠲᠦᠰᠦᠪᠯᠡᠭᠰᠡᠨ ᠪᠠ ᠦᠨᠳᠦᠰᠦᠲᠡᠨ ᠦ ᠰᠤᠶᠤᠯ ᠳᠦ  ᠪᠠᠨ ᠬᠠᠢᠢᠷᠠᠲᠠᠢ ᠬᠦᠮᠦᠰ ᠦᠨ ᠴᠤᠴᠠᠯᠳᠠ ᠦᠭᠡᠢ ᠴᠢᠷᠮᠠᠢᠢᠯᠠᠭ᠎ᠠ ᠪᠡᠷ ᠴᠠᠢᠢᠳᠠᠮ ᠰᠤᠨᠢᠨ ᠦ ᠬᠤᠷᠢᠶ᠎ᠠ ᠵᠦᠪᠰᠢᠶᠡᠷᠡᠭᠳᠡᠨ ᠪᠠᠢᠢᠭᠤᠯᠤᠭᠳᠠᠵᠦ᠂ᠲᠤᠰ ᠰᠠᠷ᠎ᠠ ᠵᠢᠨ 31 ᠦ ᠡᠳᠦᠷ《ᠴᠠᠢᠢᠳᠠᠮ ᠰᠤᠨᠢᠨ》ᠡᠬᠢᠯᠡᠯᠲᠡ ᠵᠢᠨ ᠳᠤᠭᠠᠷ ᠵᠢᠡᠨ ᠲᠠᠷᠬᠠᠭᠠᠵᠦ᠂ᠦᠪᠡᠷᠲᠡᠭᠡᠨ ᠵᠠᠰᠠᠬᠤ ᠵᠸᠥ ᠪᠠᠢᠢᠭᠤᠯᠤᠭᠳᠠᠭᠰᠠᠨ ᠡᠴᠡ ᠨᠠᠰᠢ ᠬᠠᠢᠢᠰᠢ ᠵᠸᠥ ᠨᠢ ᠴᠤᠷᠢ ᠵᠢᠨ ᠭᠠᠭᠴᠠ ᠮᠤᠩᠭ᠋ᠤᠯ ᠰᠤᠨᠢᠨ ᠲᠠᠢ ᠪᠤᠯᠵᠦ᠂ᠲᠡᠷᠡ ᠨᠢ ᠮᠦᠨ ᠴᠦ ᠲᠤᠬᠠᠢ ᠵᠢᠨ ᠦᠶ᠎ᠠ ᠵᠢᠨ ᠨᠠᠮ ᠦᠨ ᠰᠤᠨᠢᠨ ᠪᠤᠯᠤᠭᠰᠠᠨ ᠪᠠᠢᠢᠨ᠎ᠠ᠃《ᠴᠠᠢᠢᠳᠠᠮ ᠰᠤᠨᠢᠨ》ᠬᠡᠪᠯᠡᠯ ᠡᠬᠢᠯᠡᠭᠰᠡᠨ ᠨᠠᠰᠢ1500 ᠭᠠᠷᠤᠢ ᠬᠤᠭᠤᠴᠠᠭ᠎ᠠ ᠲᠠᠷᠬᠠᠭᠠᠵᠦ᠂ᠵᠠᠭᠤ ᠭᠠᠷᠤᠢ ᠵᠤᠬᠢᠶᠠᠯ ᠨᠢ《ᠪᠦᠬᠦ ᠤᠯᠤᠰ ᠦᠨ ᠮᠤᠩᠭ᠋ᠤᠯ ᠰᠤᠨᠢᠨ ᠮᠡᠳᠡᠭᠡᠨ ᠦ ᠱᠠᠩᠨᠠᠯ》᠂《ᠲᠤᠮᠳᠠᠳᠦ ᠤᠯᠤᠰ ᠦᠨ ᠴᠦᠬᠡᠨ ᠲᠤᠭᠠᠲᠦ ᠦᠨᠳᠦᠰᠦᠲᠡᠨ ᠦ ᠵᠸᠥ᠂ᠭᠠᠵᠠᠷ ᠤᠷᠤᠨ᠂ᠬᠤᠳᠠ ᠵᠢᠨ ᠰᠠᠢᠢᠨ ᠰᠤᠨᠢᠨ ᠮᠡᠳᠡᠬᠡᠨ ᠦ ᠱᠠᠩᠨᠠᠯ》ᠪᠤᠯᠤᠨ《ᠬᠦᠬᠡᠨᠠᠭᠤᠷ ᠮᠤᠵᠢ ᠵᠢᠨ ᠰᠠᠢᠢᠨ ᠰᠤᠨᠢᠨ ᠮᠡᠳᠡᠭᠡᠨ ᠦ ᠱᠠᠩᠨᠠᠯ》ᠵᠡᠷᠬᠡ ᠵᠢ ᠤᠯᠤᠭᠰᠠᠨ ᠶᠤᠮ᠃

ᠬᠦᠬᠡᠨᠠᠭᠤᠷ ᠲᠦᠪᠡᠳ ᠦᠨ ᠦᠨᠳᠦᠷᠯᠢᠭ ᠲᠦ ᠪᠠᠳᠠᠷᠠᠨ ᠲᠡᠯᠭᠡᠷᠡᠵᠦ ᠪᠠᠢᠢᠭ᠎ᠠ ᠰᠤᠷᠭᠤᠭ ᠴᠡᠴᠡᠬᠡᠰ ᠲᠠᠢ ᠠᠳᠠᠯᠢ ᠪᠡᠷ᠂ᠬᠠᠢᠢᠰᠢ ᠵᠸᠥ ᠵᠢᠨ ᠮᠤᠩᠭ᠋ᠤᠯ ᠬᠡᠯᠡ ᠪᠢᠴᠢᠭ᠌ ᠦᠨ ᠦᠢᠯᠡᠰ ᠦᠨ ᠬᠦᠭᠵᠢᠯᠲᠠ ᠨᠢ ᠬᠤᠪᠢ ᠵᠢᠨ ᠭᠠᠳᠠᠨ᠎ᠠ ᠭᠤᠶᠤᠬᠠᠨ᠂ᠨᠠᠮ ᠦᠨ ᠦᠨᠳᠦᠰᠦᠲᠡᠨ ᠦ ᠲᠦᠷᠦ ᠵᠢᠨ ᠪᠤᠳᠤᠯᠭ᠎ᠠ ᠵᠢᠨ ᠰᠠᠴᠤᠷᠠᠩᠭ᠋ᠤᠢ ᠲᠤᠶᠠᠭᠠᠯᠠᠯ ᠵᠢᠡᠷ᠂ᠦᠨᠳᠦᠰᠦᠲᠡᠨ ᠦ ᠬᠡᠯᠡ ᠪᠢᠴᠢᠭ᠌ ᠦᠨ ᠦᠢᠯᠡᠰ ᠦᠷᠭᠦᠯᠵᠢᠯᠡᠨ ᠪᠠᠳᠠᠷᠠᠨ ᠬᠦᠭᠵᠢᠬᠦ ᠨᠢ ᠭᠠᠷᠴᠠᠭ᠎ᠠ ᠦᠭᠡᠢ ᠶᠤᠮ᠃
ᠬᠠᠢᠢᠰᠢ ᠵᠸᠥ ᠵᠢᠨ ᠲᠸᠯᠸᠢᠰ ᠬᠤᠷᠢᠶ᠎ᠠ ᠵᠢᠨ ᠮᠤᠩᠭ᠋ᠤᠯ ᠬᠡᠯᠡᠨ ᠦ ᠬᠡᠯᠳᠡᠰ ᠦᠨ ᠨᠠᠢᠢᠷᠠᠭᠤᠯᠤᠭᠴᠢ ᠨᠡᠪᠲᠡᠷᠡᠭᠦᠯᠦᠭᠴᠢᠳ

ᠬᠠᠢᠢᠰᠢ ᠵᠸᠥ ᠵᠢᠨ ᠦᠨᠳᠦᠰᠦᠲᠡᠨ ᠦ ᠮᠦᠽᠧᠢ

《ᠴᠠᠢᠢᠳᠠᠮ ᠦᠨ ᠰᠤᠨᠢᠨ》 ᠦ ᠮᠤᠩᠭ᠋ᠤᠯ ᠬᠡᠪᠯᠡᠯ ᠦᠨ ᠰᠤᠷᠪᠤᠯᠵᠢᠯᠠᠭᠴᠢ ᠨᠠᠢᠢᠷᠠᠭᠤᠯᠤᠭᠴᠢᠳ

ᠬᠠᠢᠰᠢ ᠵᠸᠥ ᠵᠢᠨ ᠨᠤᠮ ᠦᠨ ᠰᠠᠩ ᠦᠨ ᠮᠤᠩᠭ᠋ᠤᠯ ᠤᠩᠰᠢᠯᠠᠭ᠎ᠠ ᠵᠢᠨ ᠲᠠᠰᠤᠭ ᠲᠦ2000ᠭᠠᠷᠤᠢ ᠲᠡᠪᠳᠡᠷ ᠮᠤᠩᠭ᠋ᠤᠯ ᠨᠤᠮ ᠪᠤᠯᠤᠨ10ᠭᠠᠷᠤᠢ ᠲᠦᠷᠦᠯ ᠦᠨ ᠰᠤᠨᠢᠨ ᠰᠡᠳᠭᠦᠯ ᠪᠤᠢ᠂ᠤᠶᠤᠨᠴᠢᠮᠡᠭ ᠪᠤᠯ ᠡᠨᠳᠡᠬᠢ ᠠᠵᠢᠯᠲᠠᠨ ᠮᠦᠨ

ᠬᠠᠢᠢᠰᠢ ᠵᠸᠥ ᠵᠢᠨ ᠰᠢᠨᠬᠤᠸᠠ ᠨᠤᠮ ᠦᠨ ᠲᠡᠯᠭᠡᠭᠦᠷ ᠲᠦ ᠮᠤᠩᠭ᠋ᠤᠯ ᠨᠤᠮ ᠪᠤᠯᠤᠨ ᠴᠢᠢᠳᠠᠮ ᠦᠨ ᠨᠤᠮ ᠦᠨ ᠲᠤᠰᠬᠠᠢ ᠲᠡᠯᠪᠢᠭᠤᠷ ᠲᠠᠢ

ᠬᠠᠢᠢᠰᠢ ᠵᠸᠥ ᠵᠢᠨ ᠷᠠᠳᠢᠤ᠋ ᠨᠡᠪᠲᠡᠷᠡᠭᠦᠯᠬᠡ ᠵᠢᠨ ᠬᠤᠷᠢᠶ᠎ᠠ ᠵᠢᠨ ᠮᠤᠩᠭ᠋ᠤᠯ ᠬᠡᠯᠡᠨ ᠦ ᠬᠡᠯᠳᠡᠰ ᠦᠨ ᠨᠠᠢᠢᠷᠠᠭᠤᠯᠤᠭᠴᠢ ᠨᠡᠪᠲᠡᠷᠡᠭᠦᠯᠦᠭᠴᠢᠳ

ᠬᠠᠢᠢᠰᠢ ᠵᠸᠥ ᠵᠢᠨ ᠮᠤᠩᠭ᠋ᠤᠯ ᠬᠡᠯᠡᠨ ᠦ ᠺᠢᠨᠤ᠋ ᠤᠷᠴᠢᠭᠤᠯᠤᠨ ᠦᠢᠯᠡᠳᠬᠦ ᠦᠷᠳᠡᠭᠡᠨ ᠦ ᠬᠢᠨ ᠤᠷᠴᠢᠭᠤᠯᠤᠭᠰᠠᠨ ᠺᠢᠨᠤ᠋ ᠪᠠᠨ ᠠᠪᠢᠶᠠᠯᠠᠨ᠎ᠠ

ᠬᠠᠢᠢᠰᠢ ᠵᠸᠥ ᠵᠢᠨ ᠮᠤᠩᠭ᠋ᠤᠯ ᠬᠡᠯᠡᠨ ᠦ ᠺᠢᠨᠤ᠋ ᠤᠷᠴᠢᠭᠤᠯᠤᠨ ᠦᠢᠯᠡᠳᠬᠦ ᠦᠷᠳᠡᠭᠡᠨ ᠦ ᠠᠵᠢᠯᠲᠠᠨ

ᠬᠠᠢᠢᠰᠢ ᠵᠸᠥ ᠵᠢᠨ ᠮᠤᠩᠭᠤᠯ ᠬᠡᠯᠡᠨ ᠦ ᠺᠢᠨᠤ᠋ ᠤᠷᠴᠢᠭᠤᠯᠤᠨ  ᠦᠢᠯᠡᠳᠬᠦ ᠦᠷᠳᠡᠭᠡᠨ ᠦ ᠤᠷᠴᠢᠭᠤᠯᠤᠨ ᠦᠢᠯᠡᠳᠦᠭᠰᠡᠨ  ᠪᠦᠳᠦᠭᠡᠯ ᠦᠳ

ᠬᠠᠢᠢᠰᠢ ᠵᠸᠥ ᠵᠢᠨ ᠤᠯᠠᠨ ᠲᠦᠮᠡᠨᠴᠢ ᠤᠷᠠᠯᠢᠭ ᠦᠨ ᠤᠷᠳᠤᠨ ᠦᠷᠭᠦᠯᠵᠢ ᠰᠤᠶᠤᠯ ᠤᠷᠠᠯᠢᠭ ᠦᠨ ᠵᠢᠯᠤᠭᠤᠳᠬᠤ ᠠᠩᠬᠢ ᠡᠷᠬᠢᠯᠡᠳᠡᠭ

ᠬᠠᠢᠢᠰᠢ ᠵᠸᠥ ᠵᠢᠨ ᠤᠳᠬ᠎ᠠ ᠤᠷᠠᠯᠢᠭ ᠦᠨ ᠬᠢᠨ ᠦ ᠬᠤᠯᠪᠤᠭ᠎ᠠ ᠵᠢᠨ ᠲᠡᠷᠢᠭᠦᠯᠦᠭᠴᠢ ᠰᠡᠴᠡᠨᠬᠦᠦ ᠪᠤᠯ ᠨᠡᠷᠡᠲᠦ ᠵᠤᠬᠢᠶᠠᠯᠴᠢ ᠶᠤᠮ

ᠬᠠᠢᠢᠰᠢ ᠵᠸᠥ ᠵᠢᠨ ᠬᠦᠭᠵᠢᠮᠴᠢᠨ ᠪᠦᠵᠢᠭᠴᠢᠳ ᠦᠨ ᠨᠡᠢᠢᠭᠡᠮᠯᠢᠭ᠌ ᠦᠨ ᠲᠡᠷᠢᠭᠦᠯᠦᠭᠴᠢ ᠪᠠᠶᠠᠰᠬᠤᠯᠠᠩ ᠨᠠᠭᠠᠳᠤᠮ ᠦᠨ ᠬᠤᠷᠠᠯ ᠳᠦ ᠪᠡᠯᠡᠳᠭᠡᠵᠦ ᠪᠠᠢᠢᠭ᠎ᠠ ᠨᠢ

ᠮᠤᠩᠭ᠋ᠤᠯ ᠲᠦᠪᠡᠳ ᠡᠮᠨᠡᠯᠬᠡ ᠵᠢᠨ ᠬᠤᠷᠢᠶᠠᠨ ᠦ ᠡᠮ ᠦᠢᠯᠡᠳᠪᠦᠷᠢᠯᠡᠬᠦ ᠲᠦᠪ

《ᠴᠡᠴᠡᠭᠲᠦ ᠴᠠᠢᠢᠳᠠᠮ》ᠨᠠᠢᠢᠷᠠᠭᠤᠯᠬᠤ ᠬᠡᠯᠳᠡᠰ ᠦᠨ ᠬᠢᠨ



ᠵᠤᠬᠢᠶᠠᠭᠴᠢ᠄ ᠴᠢᠨ ᠵᠢᠶᠠᠨ ᠸᠸᠨ ᠪᠢᠴᠢᠵᠦ᠂ᠪᠠᠶᠠᠷ ᠢᠩᠬᠡᠷ ᠰᠡᠭᠦᠳᠡᠷᠯᠡᠪᠡ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 422
ᠴᠠᠭ᠄ 2015 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁