ᠨᠠᠢᠮᠠᠨ ᠮᠤᠵᠢ ᠤᠷᠤᠨ ᠦ ᠲᠦᠷᠪᠡᠨ ᠤᠲᠠᠰᠦᠲᠦ ᠬᠤᠭᠤᠷ ᠦᠨ ᠤᠷᠤᠯᠳᠤᠭᠠᠨ ᠲᠦᠩᠯᠢᠶᠤᠤ ᠳᠦ ᠪᠤᠯᠪᠠ

ᠨᠠᠢᠮᠠᠨ ᠮᠤᠵᠢ ᠤᠷᠤᠨ ᠦ ᠮᠤᠩᠭ᠋ᠤᠯ ᠬᠡᠯᠡ ᠪᠢᠴᠢᠭ᠌ ᠦᠨ ᠠᠵᠢᠯ ᠦᠨ ᠬᠠᠮᠵᠢᠯᠴᠠᠬᠤ ᠲᠤᠭᠤᠢᠢᠯᠠᠩ ᠦᠨ ᠠᠯᠪᠠᠨ ᠬᠡᠷ᠂ᠦᠪᠦᠷ ᠮᠤᠩᠭ᠋ᠤᠯ  ᠦᠨ ᠦᠪᠡᠷᠲᠡᠭᠡᠨ ᠵᠠᠰᠠᠬᠤ ᠤᠷᠤᠨ ᠦ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ᠂ᠦᠪᠦᠷ ᠮᠤᠩᠭ᠋ᠤᠯ  ᠦᠨ ᠦᠪᠡᠷᠲᠡᠭᠡᠨ ᠵᠠᠰᠠᠬᠤ ᠤᠷᠤᠨ ᠦ ᠰᠤᠶᠤᠯ ᠦᠨ ᠲᠢᠩᠭᠢᠮ᠂ᠦᠪᠦᠷ ᠮᠤᠩᠭ᠋ᠤᠯ  ᠦᠨ ᠦᠪᠡᠷᠲᠡᠭᠡᠨ ᠵᠠᠰᠠᠬᠤ ᠤᠷᠤᠨ ᠦ ᠷᠠᠳᠢᠤ᠋ ᠺᠢᠨᠤ᠋ ᠲᠸᠯᠸᠢᠰ ᠦᠨ ᠲᠤᠪᠴᠢᠶ᠎ᠠ᠂ᠦᠪᠦᠷ ᠮᠤᠩᠭ᠋ᠤᠯ  ᠦᠨ ᠦᠪᠡᠷᠲᠡᠭᠡᠨ ᠵᠠᠰᠠᠬᠤ ᠤᠷᠤᠨ  ᠤᠳᠬ᠎ᠠ ᠤᠷᠠᠯᠢᠭ ᠦᠨ ᠬᠢᠨ ᠦ ᠬᠤᠯᠪᠤᠭ᠎ᠠ᠂ᠦᠪᠦᠷ ᠮᠤᠩᠭ᠋ᠤᠯ  ᠦᠨ ᠦᠪᠡᠷᠲᠡᠭᠡᠨ ᠵᠠᠰᠠᠬᠤ ᠤᠷᠤᠨ ᠦ ᠲᠦᠷᠪᠡᠨ ᠤᠳᠠᠰᠦᠲᠦ ᠬᠤᠭᠤᠷ ᠦᠨ ᠨᠡᠢᠢᠭᠡᠮᠯᠢᠭ᠌ ᠡᠴᠡ ᠭᠤᠤᠯᠯᠠᠨ ᠡᠷᠬᠢᠯᠡᠵᠦ᠂ ᠲᠦᠩᠯᠢᠶᠤᠤ ᠬᠤᠳᠠ ᠵᠢᠨ ᠠᠷᠠᠳ ᠦᠨ ᠵᠠᠰᠠᠭ ᠦᠨ ᠤᠷᠳᠤᠨ᠂ᠲᠦᠩᠯᠢᠶᠤᠤ ᠬᠤᠳᠠ ᠵᠢᠨ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ᠂ᠲᠦᠩᠯᠢᠶᠤᠤ ᠬᠤᠳᠠ ᠵᠢᠨ ᠲᠦᠷᠪᠡᠨ ᠤᠳᠠᠰᠦᠲᠦ ᠬᠤᠭᠤᠷ ᠦᠨ ᠨᠡᠢᠢᠭᠡᠮᠯᠢᠭ᠌ ᠡᠴᠡ ᠲᠠᠭᠠᠭᠠᠴᠢᠯᠠᠨ ᠡᠷᠬᠢᠯᠡᠭᠰᠡᠨ《ᠮᠤᠩᠭ᠋ᠤᠯ ᠸᠠᠩ》 ᠬᠤᠨᠳᠠᠭᠠᠲᠦ ᠨᠠᠢᠮᠠᠨ ᠮᠤᠵᠢ ᠤᠷᠤᠨ ᠦ ᠲᠦᠷᠪᠡᠳᠦᠭᠡᠷ ᠬᠤᠭᠤᠴᠠᠭᠠᠨ ᠦ ᠲᠦᠷᠪᠡᠨ ᠤᠳᠠᠰᠦᠲᠦ ᠬᠤᠭᠤᠷ ᠦᠨ ᠲᠯᠸᠯᠸᠢᠰ ᠦᠨ ᠶᠡᠬᠡ ᠱᠠᠩᠨᠠᠯᠲᠦ ᠤᠷᠤᠯᠳᠤᠭᠠᠨ2013ᠤᠨ ᠦ11ᠰᠠᠷ᠎ᠠ ᠵᠢᠨ 4ᠡᠴᠡ10 ᠦ ᠡᠳᠦᠷ  ᠲᠦᠩᠯᠢᠶᠤᠤ ᠬᠤᠳᠠ ᠵᠢᠨ ᠲᠠᠢᠢᠯ ᠪᠤᠭᠳᠠ ᠵᠢᠨ ᠲᠠᠷᠬᠠᠨ ᠭᠤᠯᠤᠮᠳᠠ ᠮᠤᠩᠭ᠋ᠤᠯ ᠰᠤᠶᠤᠯ ᠦᠨ ᠬᠦᠷᠢᠶᠡᠯᠡᠩ ᠳᠦ ᠶᠠᠪᠤᠭᠳᠠᠵᠦ᠂ᠡᠯ᠎ᠠ ᠮᠤᠵᠢ ᠤᠷᠤᠨ ᠬᠤᠳᠠ ᠡᠴᠡ500ᠰᠢᠬᠠᠮ ᠬᠦᠮᠦᠨ ᠤᠷᠤᠯᠳᠤᠭᠠᠨ ᠳᠦ ᠤᠷᠤᠯᠴᠠᠵᠠᠢ᠃

ᠨᠠᠢᠮᠠᠨ ᠮᠤᠵᠢ ᠤᠷᠤᠨ ᠦ ᠲᠦᠷᠪᠡᠨ ᠤᠳᠠᠰᠦᠲᠦ ᠬᠤᠭᠤᠷ ᠦᠨ ᠤᠷᠤᠯᠳᠤᠭᠠᠨ ᠨᠢ2006ᠤᠨ᠂2010ᠤᠨ᠂2012ᠤᠨ ᠳᠦ ᠲᠤᠰ ᠲᠤᠰ ᠬᠦᠬᠡᠬᠤᠳᠠ᠂ᠬᠢᠩᠭ᠋ᠠᠨ ᠠᠢᠢᠮᠠᠭ᠂ᠬᠢᠷᠢᠨ ᠮᠤᠵᠢ ᠳᠦ ᠶᠠᠪᠤᠭᠳᠠᠭᠰᠠᠨ ᠪᠦᠬᠡᠳ ᠲᠦᠷᠪᠡᠳᠦᠭᠡᠷ ᠬᠤᠭᠤᠴᠠᠭ᠎ᠠ ᠨᠢ ᠲᠦᠩᠯᠢᠶᠤᠤ ᠬᠤᠳᠠᠨ᠎ᠠ ᠶᠠᠪᠤᠭᠳᠠᠵᠦ ᠪᠠᠢᠢᠭ᠎ᠠ ᠨᠢ ᠡᠨᠡ ᠠᠵᠠᠢ᠃ᠡᠨᠡ ᠬᠤᠭᠤᠴᠠᠭᠠᠨ ᠦ ᠤᠷᠤᠯᠳᠤᠭᠠᠨ ᠳᠦ ᠪᠠᠭᠠᠴᠤᠳ ᠦᠨ ᠲᠤᠭᠤᠢᠢᠯᠠᠩ ᠨᠡᠮᠡᠭᠰᠡᠨ ᠪᠦᠬᠡᠳ ᠲᠤᠮᠤᠴᠤᠤᠯ ᠦᠨ ᠬᠠᠮᠳᠤᠯᠢᠭ᠂ᠲᠤᠮᠤᠴᠤᠤᠯ ᠦᠨ ᠭᠤᠴᠤᠯᠠᠯ᠂ᠪᠠᠭᠠᠴᠤᠳ ᠦᠨ ᠬᠠᠮᠳᠤᠯᠢᠭ᠂ᠪᠠᠭᠠᠴᠤᠳ ᠦᠨ ᠭᠤᠴᠤᠯᠠᠯ ᠬᠡᠬᠦ ᠲᠦᠷᠪᠡᠨ ᠲᠤᠭᠤᠢᠢᠯᠠᠩ ᠵᠢᠡᠷ ᠤᠷᠤᠯᠳᠤᠭᠤᠯᠤᠭᠰᠠᠨ ᠦ ᠬᠠᠮᠳᠦ ᠭᠠᠷᠮᠠᠭᠠᠢ ᠵᠢᠳᠭᠦᠯᠳᠡᠨ ᠦ ᠱᠠᠩᠨᠠᠯ᠂ᠰᠢᠯᠢᠳᠡᠭ ᠵᠢᠯᠤᠭᠤᠳᠤᠭᠴᠢ ᠪᠠᠭᠰᠢ ᠵᠢᠨ ᠱᠠᠩᠨᠠᠯ᠂ᠬᠠᠮᠤᠭ ᠰᠢᠯᠢᠳᠡᠭ ᠵᠤᠬᠢᠶᠠᠨ ᠪᠠᠢᠢᠭᠤᠯᠤᠭᠴᠢ ᠵᠢᠨ ᠱᠠᠩᠨᠠᠯ ᠤᠯᠭᠤᠭᠰᠠᠨ ᠪᠠᠢᠢᠨ᠎ᠠ᠃

ᠲᠦᠷᠪᠡᠨ ᠤᠳᠠᠰᠤᠲᠦ ᠬᠤᠭᠤᠷ ᠦᠨ ᠪᠤᠳᠠᠰ ᠦᠨ ᠪᠤᠰᠤ ᠰᠤᠶᠤᠯ ᠦᠨ ᠦᠪ ᠦᠨ ᠤᠯᠤᠰ ᠦᠨ ᠲᠡᠰ ᠦᠨ ᠤᠯᠠᠮᠵᠢᠯᠠᠭᠴᠢ᠂ᠦᠪᠦᠷ ᠮᠤᠩᠭ᠋ᠤᠯ ᠦᠨ ᠲᠦᠷᠪᠡᠨ ᠤᠳᠠᠰᠦᠲᠦ ᠬᠤᠭᠤᠷ ᠦᠨ ᠨᠡᠢᠢᠭᠡᠮᠯᠢᠭ᠌ ᠦᠨ ᠲᠡᠷᠢᠭᠦᠯᠦᠭᠴᠢ ᠪᠠᠶᠠᠨᠪᠤᠯᠠᠭ ᠬᠡᠯᠡᠬᠦ ᠳᠦ ᠪᠠᠨ᠄《ᠡᠨᠡ ᠤᠳᠠᠭᠠᠨ ᠦ ᠤᠷᠤᠯᠳᠤᠭᠠᠨ ᠢ ᠲᠦᠩᠯᠢᠶᠤᠤ ᠳᠦ ᠬᠢᠵᠦ ᠪᠠᠢᠢᠭ᠎ᠠ ᠨᠢ ᠮᠠᠰᠢ ᠶᠡᠬᠡ ᠠᠴᠢ ᠬᠤᠯᠪᠤᠭᠳᠠᠯ ᠲᠠᠢ ᠶᠠᠪᠤᠳᠠᠯ᠃ᠶᠠᠭᠠᠬᠢᠭᠠᠳ ᠭᠡᠬᠦ ᠳᠦ ᠲᠦᠩᠯᠢᠶᠤᠤ ᠪᠤᠯ ᠲᠦᠷᠪᠡᠨ ᠤᠳᠠᠰᠦᠲᠦ ᠬᠤᠭᠤᠷ ᠦᠨ ᠦᠯᠦᠬᠡᠢ ᠮᠦᠷᠲᠡᠭᠡᠨ ᠡᠨᠡ ᠨᠤᠲᠤᠭ ᠡᠴᠡ  ᠲᠦᠷᠪᠡᠨ ᠤᠳᠠᠰᠤᠲᠦ ᠬᠤᠭᠤᠷ ᠦᠨ ᠨᠢᠭᠡᠨ ᠦᠶ᠎ᠠ ᠵᠢᠨ ᠶᠡᠬᠡ ᠪᠠᠭᠰᠢᠲᠠᠨ ᠬᠡᠮᠡᠨ ᠠᠯᠳᠠᠷᠰᠢᠭᠰᠠᠨ ᠰᠦᠨ ᠯᠢᠶᠠᠩ᠂ᠲᠢᠶᠸ ᠭᠠᠩ᠂ᠡᠥ ᠶᠦᠨ ᠯᠦᠩ᠂ᠠᠯᠲᠠᠨᠪᠠᠭᠠᠨ᠎ᠠ ᠬᠤᠭᠤᠷᠴᠢ ᠴᠤᠯᠭᠤᠷᠠᠭᠰᠠᠨ᠃ᠲᠦᠷᠪᠡᠨ ᠤᠲᠠᠰᠦᠲᠦ ᠬᠤᠭᠤᠷ ᠵᠦᠪᠬᠡᠨ ᠠᠶ᠎ᠠ ᠬᠦᠭᠵᠢᠮᠳᠡᠬᠦ ᠵᠢᠮᠰᠡᠭ ᠲᠡᠳᠦᠢ ᠪᠤᠰᠤ᠂ᠤᠯᠤᠰ ᠦᠨ ᠲᠡᠰ ᠦᠨ ᠪᠤᠳᠠᠰ ᠦᠨ ᠪᠤᠰᠤ ᠰᠤᠶᠤᠯ ᠦᠨ ᠦᠪ ᠲᠦ ᠤᠷᠤᠭᠰᠠᠨ ᠦᠯᠢᠬᠡᠷ᠂ᠬᠤᠯᠪᠤᠭ᠎ᠠ᠂ᠬᠤᠷᠴᠢᠨ ᠦ ᠦᠯᠢᠭᠡᠷᠲᠦ  ᠲᠠᠭᠤᠤ ᠭᠤᠷᠪᠠ ᠳᠦ ᠴᠦ ᠲᠤᠳᠠᠭᠳᠠᠵᠦ ᠦᠯᠦ ᠪᠤᠯᠬᠤ ᠬᠠᠪᠰᠤᠷᠤᠯ ᠬᠦᠭᠵᠢᠮ ᠶᠤᠮ᠃

ᠰᠦᠨ ᠯᠢᠶᠠᠩ ᠦᠨ ᠮᠡᠨᠳᠦᠯᠡᠭᠰᠡᠨ100ᠵᠢᠯ ᠦᠨ ᠤᠢ ᠵᠢ ᠲᠡᠮᠳᠡᠭᠯᠡᠬᠦ ᠪᠡᠷ ᠪᠢᠳᠡ ᠬᠤᠷᠴᠢᠨ ᠵᠡᠭᠦᠨ ᠭᠠᠷ ᠦᠨ ᠲᠤᠮᠳᠠᠳᠦ ᠬᠤᠰᠢᠭᠤᠨ ᠳᠦ ᠮᠢᠩᠭ᠋ᠠᠨ ᠬᠦᠮᠦᠨ ᠦ ᠲᠦᠷᠪᠡᠨ ᠤᠲᠠᠰᠦᠲᠦ ᠬᠤᠭᠤᠷ ᠦᠨ ᠲᠤᠭᠯᠠᠯᠲᠠ ᠬᠢᠬᠦ ᠳᠦ1151 ᠬᠦᠮᠦᠨ ᠤᠷᠤᠯᠴᠠᠵᠦ᠂ᠬᠢᠨᠢᠰ ᠦᠨ ᠲᠡᠮᠳᠡᠭᠯᠡᠯ ᠡᠭᠦᠳᠦᠭᠰᠡᠨ᠃ᠲᠦᠩᠯᠢᠶᠤᠤ ᠳᠦ ᠤᠳᠤ ᠠᠷᠠᠳ ᠦᠨ ᠤᠷᠠᠯᠢᠭ ᠦᠨ ᠪᠦᠯᠬᠦᠮ1000ᠰᠢᠬᠠᠮ ᠪᠠᠢᠢᠬᠤ ᠮᠦᠷᠲᠡᠬᠡᠨ ᠰᠤᠮᠤ ᠭᠠᠴᠠᠭ᠎ᠠ ᠳᠦ ᠬᠦᠷᠲᠡᠯ᠎ᠠ ᠪᠠᠢᠢᠭ᠎ᠠ᠃ᠲᠡᠳᠡ ᠮᠠᠨᠢ ᠬᠦᠳᠡᠬᠡ ᠨᠤᠲᠤᠭ ᠦᠨ ᠠᠷᠠᠳ ᠤᠯᠠᠨ ᠦ ᠰᠤᠶᠤᠯ ᠦᠨ ᠠᠮᠢᠳᠤᠷᠠᠯ  ᠪᠠᠶᠠᠯᠢᠭᠵᠢᠭᠤᠯᠬᠤ ᠪᠡᠷ ᠢᠳᠡᠪᠬᠢᠲᠡᠢ ᠠᠵᠢᠯᠯᠠᠭᠰᠠᠭᠠᠷ ᠃

ᠡᠨᠡ ᠤᠷᠤᠯᠳᠤᠭᠠᠨ ᠦ ᠲᠠᠷᠠᠭ᠎ᠠ ᠪᠢᠳᠡ ᠰᠤᠳᠤᠯᠤᠨ ᠶᠠᠷᠢᠯᠴᠠᠬᠤ ᠬᠤᠷᠠᠯ ᠬᠢᠵᠦ᠂ ᠲᠦᠷᠪᠡᠨ ᠤᠲᠠᠰᠦᠲᠦ ᠬᠤᠭᠤᠷ ᠦᠨ ᠰᠤᠷᠬᠤ ᠪᠢᠴᠢᠭ᠌ ᠢ ᠨᠡᠢᠢᠷᠡᠭᠤᠯᠤᠨ ᠬᠡᠪᠯᠡᠬᠦ᠂ᠵᠠᠯᠠᠭᠤ ᠬᠦᠭᠵᠢᠮᠴᠢᠳ ᠦᠨ ᠲᠠᠰᠬᠠᠯ ᠪᠤᠯᠪᠠᠰᠤᠷᠠᠯ ᠢ ᠡᠷᠴᠢᠮᠵᠢᠬᠦᠯᠬᠦ ᠪᠤᠯᠤᠨ᠎ᠠ᠃ᠲᠦᠩᠯᠢᠶᠤᠤ ᠪᠠ ᠤᠷᠳᠤᠰ ᠲᠦ ᠲᠦᠷᠪᠡᠨ ᠤᠳᠠᠰᠦᠲᠦ ᠬᠤᠭᠤᠷ ᠦᠨ ᠤᠯᠠᠮᠵᠢᠯᠠᠯ ᠦᠨ ᠰᠠᠭᠤᠷᠢᠨ ᠪᠠᠢᠢᠭᠤᠯᠬᠤ ᠪᠡᠷ ᠲᠤᠭᠲᠠᠭᠠᠳ ᠪᠤᠢ》ᠭᠡᠪᠡ᠃

ᠲᠦᠩᠯᠢᠶᠤᠤ ᠬᠤᠳᠠ ᠵᠢᠨ ᠲᠦᠷᠪᠡᠨ ᠤᠳᠠᠰᠤᠲᠦ ᠬᠤᠭᠤᠷ ᠦᠨ ᠨᠡᠢᠢᠭᠡᠮᠯᠢᠭ᠌ ᠦᠨ ᠲᠡᠷᠢᠭᠦᠯᠦᠭᠴᠢ ᠵᠠᠪ ᠬᠡᠯᠡᠬᠦ ᠳᠦ ᠪᠠᠨ᠄《ᠡᠨᠡ ᠤᠳᠠᠭ᠎ᠠ ᠪᠠᠭᠠᠴᠤᠳ ᠦᠨ ᠲᠤᠭᠤᠢᠢᠯᠠᠩ ᠭᠠᠷᠭᠠᠭᠰᠠᠨ ᠨᠢ ᠬᠠᠮᠤᠭ ᠴᠡ ᠴᠢᠬᠤᠯᠠ  ᠶᠠᠪᠤᠳᠠᠯ᠃ᠬᠡᠥᠬᠡᠳ ᠪᠠᠭᠠᠴᠤᠳ ᠦᠨ ᠮᠠᠨᠢ ᠬᠦᠭᠵᠢᠮᠳᠡᠬᠦ ᠤᠷ᠎ᠠ ᠮᠡᠷᠭᠡᠵᠢᠯ ᠴᠦ ᠭᠠᠢᠢᠭᠤᠢ᠂ᠡᠨᠡ ᠤᠷᠤᠯᠳᠤᠭᠠᠨ ᠵᠢᠡᠷ ᠪᠠᠭᠠᠴᠤᠳ ᠵᠢᠡᠨ ᠬᠦᠬᠢᠬᠦᠯᠦᠨ ᠤᠷᠮᠠᠰᠢᠭᠤᠯᠬᠤ ᠨᠢ ᠮᠠᠰᠢ ᠴᠢᠬᠤᠯᠠ ᠠᠷᠭ᠎ᠠ ᠬᠡᠮᠵᠢᠶ᠎ᠠ ᠪᠤᠯᠤᠭᠰᠠᠨ᠃ᠮᠠᠨ ᠦ ᠨᠡᠢᠢᠭᠡᠮᠯᠢᠭ᠌500ᠭᠠᠷᠤᠢ ᠬᠡᠰᠢᠬᠦᠨ ᠪᠠ1000ᠭᠠᠷᠤᠢ ᠲᠦᠷᠪᠡᠨ ᠤᠳᠠᠰᠦᠲᠦ ᠬᠤᠭᠤᠷ ᠦᠨ ᠲᠤᠷ᠎ᠠ ᠪᠠᠬᠠᠲᠠᠨ ᠲᠠᠢ᠃ᠨᠡᠢᠢᠭᠡᠮᠯᠢᠭ᠌ ᠵᠢᠡᠷ ᠲᠠᠮᠵᠢᠨ ᠡᠨᠡ ᠬᠦ ᠤᠨᠴᠠᠯᠢᠭ ᠢ ᠬᠦᠭᠵᠢᠬᠦᠯᠵᠦ᠂ᠨᠡᠩ ᠤᠯᠠᠨ ᠬᠦᠮᠦᠰ ᠢ ᠬᠤᠭᠤᠷ ᠰᠤᠷᠭᠠᠬᠤ ᠪᠡᠷ ᠠᠵᠢᠯᠯᠠᠵᠦ ᠪᠠᠢᠢᠨ᠎ᠠ》ᠭᠡᠪᠡ᠃

ᠪᠠᠯᠵᠢᠨᠢᠮ᠎ᠠ ᠬᠠᠮᠳᠤᠯᠢᠭ ᠦᠨ ᠬᠦᠭᠵᠢᠮᠴᠢᠨ ᠨᠢᠩᠪᠤᠤ70ᠨᠠᠰᠤᠲᠠᠢ᠂ᠵᠠᠷᠤᠳ ᠬᠤᠰᠢᠭᠤ ᠵᠢᠨ ᠭᠠᠬᠠᠢᠢᠲᠦ ᠪᠠᠯᠭᠠᠰᠤᠨ ᠦ ᠬᠦᠮᠦᠨ᠃ᠲᠡᠷᠡ ᠬᠡᠯᠡᠬᠦ ᠳᠦ ᠪᠠᠨ᠄《ᠬᠡᠳᠦᠨ ᠠᠷᠪᠠᠨ ᠵᠢᠯ ᠲᠦᠷᠪᠡᠨ ᠤᠳᠠᠰᠤᠲᠦ ᠬᠤᠭᠤᠷ ᠲᠠᠲᠠᠯ᠎ᠠ᠂ᠬᠤᠶᠠᠷ ᠬᠦᠦ ᠳᠦ ᠪᠠᠨ ᠴᠦ ᠰᠤᠷᠭᠠᠪᠠ᠃ᠤᠷᠤᠯᠳᠤᠭᠠᠨ ᠲᠠᠢ ᠭᠡᠵᠦ ᠰᠤᠨᠤᠰᠤᠭᠠᠳ ᠮᠠᠰᠢ ᠪᠠᠶᠠᠷᠯᠠᠭᠰᠠᠨ᠃ᠨᠠᠳᠠ ᠰᠢᠭ ᠡᠢᠢᠮᠦ ᠬᠦᠳᠡᠬᠡ ᠵᠢᠨ ᠬᠤᠭᠤᠷᠴᠢᠨ ᠪᠠᠰᠠ ᠡᠢᠢᠮᠦ ᠲᠤᠮᠤ ᠤᠷᠤᠯᠳᠤᠭᠠᠨ ᠳᠦ ᠤᠷᠤᠯᠴᠠᠵᠦ ᠪᠤᠯᠬᠤ ᠶᠤᠮ ᠴᠢᠨᠢ ᠪᠠᠶᠠᠷᠯᠠᠬᠤ ᠦᠭᠡᠢ ᠶᠠᠭᠠᠬᠢᠬᠤ ᠪᠤᠢ ᠳᠠ᠃ ᠲᠦᠷᠪᠡᠨ ᠤᠳᠠᠰᠦᠲᠦ ᠬᠤᠭᠤᠷ ᠪᠤᠯ ᠮᠤᠩᠭ᠋ᠤᠯᠴᠤᠳ ᠦᠨ ᠤᠷᠠᠯᠢᠭ ᠦᠨ︿ᠵᠡᠪᠰᠡᠭ﹀᠂ᠰᠤᠶᠤᠯ ᠦᠨ ᠡᠷᠳᠡᠨᠢ᠃ᠰᠠᠩᠨᠠᠯ ᠠᠪᠤᠶ᠎ᠠ ᠴᠦ ᠬᠡ ᠦᠭᠡᠢ ᠡ᠂ᠤᠯᠠᠨ ᠦ ᠲᠡᠪᠵᠢᠶ᠎ᠠ ᠪᠡᠷ ᠢᠷᠡᠭᠰᠡᠨ᠃ᠪᠠᠭᠰᠢ ᠨᠠᠷ ᠡᠴᠡ ᠰᠠᠢᠢᠨ ᠰᠤᠷᠴᠦ ᠬᠠᠷᠢᠭᠠᠳ ᠨᠤᠲᠤᠭ ᠦᠨ ᠬᠢᠨ ᠳᠦ ᠪᠠᠨ ᠬᠦᠭᠯᠡᠵᠦ ᠦᠭᠭᠦᠶ᠎ᠠ》ᠭᠡᠪᠡ᠃

67ᠨᠠᠰᠤᠲᠠᠢ ᠰᠢᠥᠢ ᠵᠦᠩ ᠴᠢᠩ ᠪᠤᠯ ᠬᠠᠷᠠᠮᠤᠢᠷᠡᠨ ᠮᠤᠵᠢ ᠵᠢᠨ ᠲᠦᠷᠪᠡᠳ ᠦᠨ ᠮᠤᠩᠭ᠋ᠤᠯ  ᠦᠨᠳᠦᠰᠦᠲᠡᠨ ᠦ ᠦᠪᠡᠷᠲᠡᠭᠡᠨ ᠵᠠᠰᠠᠬᠤ ᠰᠢᠶᠠᠨ ᠦ ᠪᠠᠶᠠᠨᠴᠠᠭᠠᠨ ᠰᠤᠮᠤ ᠵᠢᠨ ᠤᠭ ᠭᠠᠴᠠᠭ᠎ᠠ ᠵᠢᠨ ᠬᠦᠮᠦᠨ᠂ᠮᠤᠵᠢ ᠪᠠᠨ ᠲᠦᠯᠦᠬᠡᠯᠡᠨ ᠤᠷᠤᠯᠴᠠᠭᠰᠠᠨ ᠴᠤᠷᠢ ᠵᠢᠨ ᠭᠠᠭᠴᠠ ᠤᠷᠤᠯᠴᠠᠭᠴᠢ᠂ᠭᠤᠳᠠᠭᠠᠷ ᠱᠠᠩᠨᠠᠯ ᠬᠦᠷᠳᠡᠵᠡᠢ᠃ᠲᠡᠷᠡ ᠬᠡᠯᠡᠬᠦ ᠳᠦ ᠪᠠᠨ᠄《ᠮᠠᠨ ᠦ ᠨᠤᠲᠤᠭ ᠲᠦ ᠲᠦᠷᠪᠡᠨ ᠤᠳᠠᠰᠦᠲᠦ ᠬᠤᠭᠤᠷ ᠲᠠᠲᠠᠬᠤ ᠬᠦᠮᠦᠨ ᠮᠠᠰᠢ ᠴᠦᠬᠡᠨ ᠪᠤᠯᠤᠭᠰᠠᠨ ᠨᠢ ᠬᠠᠷᠠᠮᠰᠠᠯᠲᠠᠢ ᠶᠤᠮ᠃ᠡᠨᠡ ᠤᠷᠤᠯᠳᠤᠭᠠᠨ ᠳᠦ ᠤᠯᠠᠨ ᠵᠠᠯᠠᠭᠤ ᠪᠠᠭᠠᠴᠤᠳ ᠤᠷᠤᠯᠴᠠᠭᠰᠠᠨ ᠢ ᠬᠠᠷᠠᠭᠠᠳ ᠮᠠᠰᠢ ᠶᠡᠬᠡ ᠪᠠᠶᠠᠷᠯᠠᠯ᠎ᠠ᠃2014 ᠤᠨ ᠦ3ᠰᠠᠷ᠎ᠠ ᠡᠴᠡ ᠮᠠᠨ ᠦ ᠰᠢᠶᠠᠨ ᠦ ᠠᠭᠤᠯᠠ ᠵᠢᠨ ᠰᠢᠪᠡᠬᠡ ᠰᠢᠶᠠᠩ ᠲᠦᠷᠪᠡᠨ ᠤᠲᠠᠰᠦᠲᠦ ᠬᠤᠭᠤᠷ ᠦᠨ ᠪᠤᠯᠪᠠᠰᠤᠷᠠᠯ ᠦᠨ ᠠᠩᠬᠢ ᠡᠷᠬᠢᠯᠡᠬᠦ ᠪᠡᠷ ᠪᠠᠢᠢᠨ᠎ᠠ᠃ᠨᠠᠮ᠎ᠠ ᠵᠢ ᠪᠠᠭᠰᠢ ᠪᠡᠷ ᠤᠷᠢᠭᠰᠠᠨ᠃ᠤᠳᠤᠬᠠᠨ ᠳᠦ ᠪᠠᠨ20ᠭᠠᠷᠤᠢ ᠰᠤᠷᠤᠭᠴᠢ ᠪᠦᠷᠢᠳᠬᠡᠬᠦᠯᠦᠬᠡᠳ ᠪᠤᠢ᠃ᠲᠠᠷᠠᠭ᠎ᠠ ᠪᠡᠷ ᠪᠢ ᠪᠢᠴᠢᠬᠠᠨ ᠱᠠᠪᠢ ᠨᠡᠷ ᠵᠢᠡᠨ ᠲᠠᠭᠠᠭᠤᠯᠵᠦ ᠤᠷᠤᠯᠳᠤᠭᠠᠨ ᠳᠦ ᠤᠷᠤᠯᠴᠠᠨ᠎ᠠ ᠳᠠ》ᠭᠡᠵᠦ ᠪᠠᠢᠢᠪᠠ᠃

ᠲᠦᠩᠯᠢᠶᠤᠤ ᠬᠤᠳᠠ ᠵᠢᠨ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ ᠦᠨ ᠡᠷᠬᠢᠯᠡᠭᠴᠢ ᠪᠤᠤ ᠭᠸᠨ ᠵᠦ ᠰᠤᠷᠪᠤᠯᠵᠢᠯᠠᠭᠴᠢ ᠳᠦ ᠲᠠᠨᠢᠯᠴᠠᠭᠤᠯᠬᠤ ᠳᠦ ᠪᠠᠨ᠄《ᠮᠠᠨ ᠦ ᠬᠤᠳᠠ ᠪᠤᠯ ᠲᠦᠷᠪᠡᠨ ᠤᠲᠠᠰᠤᠲᠦ ᠬᠤᠭᠤᠷ ᠦᠨ ᠡᠭᠦᠰᠦᠭᠰᠡᠨ ᠨᠤᠲᠤᠭ᠂ᠲᠦᠷᠪᠡᠨ ᠤᠲᠠᠰᠤᠲᠦ ᠬᠤᠭᠤᠷ ᠦᠨ ᠲᠡᠥᠬᠡ ᠵᠢᠨ ᠬᠤᠷᠠᠮᠳᠤᠯ ᠵᠤᠵᠠᠭᠠᠨ᠂ᠠᠷᠠᠳ ᠤᠯᠠᠨ ᠦ ᠰᠠᠭᠤᠷᠢ ᠰᠠᠢᠢᠨ᠃2013ᠤᠨ ᠳᠦ ᠬᠤᠷᠴᠢᠨ ᠵᠡᠭᠦᠨ ᠭᠠᠷ ᠦᠨ ᠲᠤᠮᠳᠠᠳᠦ ᠬᠤᠰᠢᠭᠤ ᠵᠢ ᠲᠤᠮᠳᠠᠳᠦ ᠤᠯᠤᠰ ᠦᠨ ᠬᠦᠭᠵᠢᠮ ᠦᠨ ᠨᠡᠢᠢᠭᠡᠮᠯᠢᠭ᠌ ᠡᠴᠡ︿ ᠲᠦᠷᠪᠡᠨ ᠤᠳᠠᠰᠦᠲᠦ ᠬᠤᠭᠤᠷ ᠦᠨ ᠰᠤᠶᠤᠯ ᠦᠨ ᠨᠤᠲᠤᠭ﹀ᠭᠡᠵᠦ ᠴᠤᠯᠠᠯᠠᠭᠰᠠᠨ᠂ᠲᠡᠭᠡᠬᠦ ᠮᠦᠷᠳᠡᠭᠡᠨ ᠲᠦᠷᠪᠡᠨ ᠤᠲᠠᠰᠦᠲᠦ ᠬᠤᠭᠤᠷ ᠦᠨ ᠤᠯᠤᠰ ᠦᠨ ᠲᠡᠰ ᠦᠨ ᠪᠤᠳᠠᠰ ᠦᠨ ᠪᠤᠰᠤ ᠰᠤᠶᠤᠯ ᠦᠨ ᠦᠪ ᠦᠨ ᠤᠯᠠᠮᠵᠢᠯᠠᠭᠴᠢ ᠨᠢ ᠪᠦᠷ ᠲᠦᠩᠯᠢᠶᠤᠤ ᠳᠦ ᠪᠠᠢᠢᠨ᠎ᠠ᠃

ᠭᠤᠷᠪᠠᠳᠤᠭᠠᠷ ᠬᠤᠭᠤᠴᠠᠭᠠᠨ ᠦ ᠤᠷᠤᠯᠳᠤᠭᠠᠨ ᠳᠦ ᠬᠤᠭᠤᠴᠠᠭᠠᠨ ᠳᠦ᠂ᠲᠦᠩᠯᠢᠶᠤᠤ ᠳᠦ ᠡᠨᠡ ᠤᠷᠤᠯᠳᠤᠭᠠᠨ ᠢ ᠬᠢᠬᠦ ᠪᠡᠷ ᠪᠤᠯᠤᠭᠰᠠᠨ᠃ᠢᠩᠬᠢᠭᠡᠳ ᠲᠦᠷᠪᠡᠨ ᠤᠲᠠᠰᠤᠲᠦ ᠬᠤᠭᠤᠷ ᠮᠠᠨᠢ ᠲᠦᠷᠪᠡᠳᠦᠬᠡᠷ ᠬᠤᠭᠤᠴᠠᠭ᠎ᠠ ᠵᠢᠨ ᠦᠶ᠎ᠠ ᠳᠦ ᠨᠤᠲᠤᠭ ᠲᠦ ᠪᠠᠨ ᠪᠤᠴᠠᠵᠦ ᠢᠷᠡᠯ᠎ᠠ᠃ᠡᠨᠡ ᠤᠳᠠᠭᠠᠨ ᠳᠦ ᠤᠷᠤᠯᠳᠤᠭᠠᠨ ᠬᠤᠯᠪᠤᠭᠳᠠᠬᠤ ᠤᠳᠤᠷᠢᠳᠤᠯᠭ᠎ᠠ ᠪᠠ ᠰᠠᠯᠠᠭ᠎ᠠ ᠮᠦᠴᠢᠷ ᠦᠳ ᠵᠢᠴᠢ ᠠᠵᠦ ᠠᠬᠤᠢᠢᠯᠠᠯ ᠦᠳ ᠦᠨ ᠶᠡᠬᠡ ᠲᠡᠮᠵᠢᠯᠬᠡ ᠵᠢ ᠤᠯᠤᠭᠰᠠᠨ᠃ᠪᠢ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ ᠵᠢᠡᠨ ᠲᠦᠯᠦᠬᠡᠯᠡᠵᠦ ᠪᠠᠶᠠᠷᠯᠠᠵᠦ ᠪᠠᠢᠢᠬᠤ ᠪᠠᠨ ᠢᠯᠡᠳᠬᠡᠶ᠎ᠠ᠃

ᠮᠠᠨ ᠦ ᠬᠤᠳᠠ ᠵᠢᠨ ᠮᠤᠩ᠋ᠤᠯᠴᠤᠳ ᠦᠨ ᠬᠦᠮᠦᠨ ᠠᠮᠠ ᠵᠢᠨ ᠬᠠᠷᠢᠴᠠᠯ ᠦᠪᠦᠷ ᠮᠤᠩᠭ᠋ᠤᠯ᠂ᠪᠦᠬᠦ ᠤᠯᠤᠰ ᠲᠦ ᠪᠦᠷ ᠬᠠᠮᠤᠭ ᠡᠴᠡ ᠶᠡᠬᠡ᠃ᠬᠤᠵᠢᠮ ᠬᠤᠷᠴᠢᠨ ᠵᠡᠭᠦᠨ ᠭᠠᠷ ᠦᠨ ᠲᠤᠮᠳᠠᠳᠦ ᠬᠤᠰᠢᠭᠤ ᠳᠦ ᠲᠤᠰᠬᠠᠢ ᠪᠤᠯᠪᠠᠰᠤᠷᠠᠯ ᠦᠨ ᠪᠠᠢᠢᠭᠤᠯᠤᠮᠵᠢ ᠭᠠᠷᠭᠠᠨ᠂ᠠᠭᠠᠵᠢᠮ ᠵᠢᠡᠷ ᠮᠡᠷᠭᠡᠵᠢᠯ ᠦᠨ ᠰᠤᠷᠭᠠᠭᠤᠯᠢ ᠪᠤᠯᠭᠠᠨ ᠬᠦᠭᠵᠢᠬᠦᠯᠬᠦ ᠪᠡᠷ ᠪᠤᠳᠤᠵᠦ ᠪᠠᠢᠢᠨ᠎ᠠ᠃ᠬᠤᠷᠴᠢᠨ ᠦ ᠤᠷᠠᠯᠢᠭ ᠦᠨ ᠠᠵᠢᠯ ᠮᠡᠷᠭᠡᠵᠢᠯ ᠦᠨ ᠲᠡᠭᠡᠳᠦ ᠰᠤᠷᠭᠠᠭᠤᠯᠢ ᠳᠦ ᠲᠦᠷᠪᠡᠨ ᠤᠲᠠᠰᠦᠲᠦ ᠬᠤᠭᠤᠷ ᠦᠨ ᠮᠦᠽᠸᠢ ᠪᠠᠢᠢᠭᠤᠯᠬᠤ ᠪᠡᠷ ᠪᠤᠳᠤᠵᠦ ᠪᠠᠢᠢᠨ᠎ᠠ》ᠭᠡᠪᠡ᠃

ᠲᠦᠩᠯᠢᠶᠤᠤ ᠬᠤᠳᠠ ᠵᠢᠨ ᠲᠦᠷᠪᠡᠨ ᠤᠳᠠᠰᠦᠲᠦ ᠬᠤᠭᠤᠷ ᠬᠦᠭᠵᠢᠮᠳᠡᠬᠦ ᠬᠢᠷᠢ ᠲᠦᠪᠰᠢᠨ ᠪᠠ ᠲᠦᠷᠪᠡᠨ ᠤᠲᠠᠰᠦᠲᠦ ᠬᠤᠭᠤᠷ ᠦᠨ ᠲᠦᠭᠡᠮᠡᠯᠵᠢᠯ ᠪᠦᠬᠦ ᠦᠪᠦᠷ ᠮᠤᠩᠭ᠋ᠤᠯ᠂ᠪᠦᠬᠦ ᠤᠯᠤᠰ ᠲᠦ ᠪᠦᠷ ᠲᠡᠷᠢᠭᠦᠨ ᠳᠦ ᠤᠷᠤᠨ᠎ᠠ᠃ᠡᠨᠡ ᠨᠢ ᠲᠦᠩᠯᠢᠶᠤᠤ ᠵᠢ ᠤᠬᠠᠭᠤᠯᠤᠨ ᠰᠤᠷᠲᠠᠯᠴᠢᠯᠠᠵᠦ᠂ᠲᠠᠨᠢᠭᠤᠯᠵᠦ ᠬᠠᠷᠠᠭᠤᠯᠤᠨ᠂ᠡᠯ᠎ᠠ ᠦᠨᠳᠦᠰᠦᠲᠡᠨ ᠪᠦᠯᠬᠦᠮᠳᠡᠨ ᠲᠠᠪᠰᠢᠵᠦ᠂ᠬᠠᠮᠳᠦ ᠪᠡᠷ ᠴᠡᠴᠡᠭᠯᠡᠨ ᠬᠦᠭᠵᠢᠭᠰᠡᠨ ᠰᠠᠢᠢᠨ ᠰᠠᠢᠢᠬᠠᠨ ᠠᠭᠤᠷ ᠠᠮᠢᠰᠬᠤᠯ ᠢ ᠨᠡᠩ ᠢᠯᠡᠬᠦᠦ ᠪᠤᠢ ᠪᠤᠯᠭᠠᠬᠤ ᠳᠦ ᠴᠢᠬᠤᠯᠠ ᠶᠡᠬᠡ ᠠᠴᠢ ᠬᠤᠯᠪᠤᠭᠳᠠᠯ ᠲᠠᠢ ᠶᠤᠮ᠃ᠡᠨᠡ ᠤᠳᠠᠭᠠᠨ ᠦ ᠤᠷᠤᠯᠳᠤᠭᠠᠨ ᠨᠢ ᠲᠦᠷᠪᠡᠨ ᠤᠲᠠᠰᠤᠲᠦ ᠬᠤᠭᠤᠷ ᠦᠨ ᠰᠤᠶᠤᠯ ᠦᠨ ᠦᠪ ᠢ ᠠᠭᠤᠳᠠᠯᠬᠤ᠂ᠠᠪᠤᠷᠠᠬᠤ᠂ᠡᠮᠬᠢᠳᠭᠡᠬᠦ᠂ᠬᠠᠮᠠᠭᠠᠯᠠᠬᠤ ᠳᠦ᠂ᠲᠦᠷᠪᠡᠮ ᠤᠳᠠᠰᠤᠲᠦ ᠬᠤᠭᠤᠷ ᠦᠨ ᠡᠬᠢ ᠪᠠᠶᠠᠯᠢᠭ ᠢ ᠡᠮᠬᠢᠯᠡᠨ ᠨᠡᠢᠢᠯᠡᠬᠦᠯᠵᠦ᠂ᠰᠢᠨ᠎ᠠ ᠴᠠᠭ  ᠦᠶ᠎ᠠ ᠵᠢᠨ ᠲᠦᠷᠪᠡᠨ ᠤᠲᠠᠰᠤᠲᠦ ᠬᠤᠭᠤᠷ ᠦᠨ ᠤᠷᠠᠯᠢᠭ ᠢ ᠪᠠᠢᠢᠭᠤᠯᠵᠦ᠂ᠦᠨᠳᠦᠰᠦᠲᠡᠨ ᠦ ᠰᠤᠶᠤᠯ ᠢ ᠲᠡᠯᠭᠡᠷᠡᠭᠦᠯᠦᠨ ᠪᠠᠳᠠᠷᠠᠭᠤᠯᠬᠤ ᠳᠦ ᠴᠢᠬᠤᠯᠠ ᠶᠡᠬᠡ ᠤᠳᠬ᠎ᠠ ᠠᠭᠤᠯᠭ᠎ᠠ ᠲᠠᠢ ᠠᠵᠢᠯᠯᠠᠭ᠎ᠠ ᠪᠤᠯᠤᠭᠰᠠᠨ ᠶᠤᠮ᠃



ᠵᠤᠬᠢᠶᠠᠭᠴᠢ᠄ ᠪᠠᠶᠠᠷ᠂ᠢᠩᠬᠡᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 405
ᠴᠠᠭ᠄ 2015 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁