ᠲᠡᠥᠬᠡᠨ ᠳᠦ ᠠᠩᠬᠠᠷᠤᠯ ᠵᠢᠡᠨ ᠬᠠᠨᠳᠤᠭᠤᠯᠤᠭᠴᠢᠳ
ᠦᠪᠦᠷ ᠮᠤᠩᠭ᠋ᠤᠯ ᠦᠨ ᠭᠤᠷᠪᠠᠨ ᠬᠡᠷᠡᠯ ᠵᠢᠷᠤᠭᠴᠢᠨ ᠦ ᠲᠠᠨᠢᠯᠴᠠᠭᠤᠯᠭ᠎ᠠ

ᠭᠡᠷᠡᠯ ᠵᠢᠷᠤᠭᠴᠢᠳ ᠪᠤᠯ ᠨᠡᠢᠢᠭᠡᠮ ᠲᠡᠯᠡᠬᠡᠢ ᠳᠦ ᠵᠢᠷᠤᠭ ᠦᠨ ᠲᠤᠷᠠᠨ ᠵᠢᠡᠷ ᠵᠢᠡᠨ ᠬᠠᠨᠳᠤᠨ᠂ᠡᠩ ᠦᠨ ᠬᠦᠮᠦᠰ ᠯᠤᠬᠡ ᠠᠳᠠᠯᠢ ᠪᠤᠰᠤ ᠠᠵᠢᠭᠯᠠᠯᠲᠠ ᠵᠢᠨ ᠦᠷ᠎ᠠ ᠳᠤᠢᠩ ᠳᠦ ᠬᠦᠷᠳᠡᠭ ᠵᠢᠡᠷ ᠵᠢᠡᠨ ᠤᠨᠴᠠᠯᠢᠭᠳᠠᠳᠠᠭ ᠮᠡᠷᠭᠡᠵᠢᠯᠲᠡᠳ ᠶᠤᠮ᠃ᠲᠡᠳᠡ  ᠲᠡᠥᠬᠡ ᠵᠢ ᠲᠡᠮᠳᠡᠭᠯᠡᠵᠦ᠂ᠬᠤᠷᠤᠮ ᠵᠠᠭᠤᠷ᠎ᠠ ᠳᠦ ᠠᠷᠢᠯᠤᠨ ᠵᠠᠮᠬᠠᠷᠠᠬᠤ ᠬᠡᠷᠡᠭ ᠪᠤᠳᠠᠰ ᠢ ᠠᠮᠵᠢᠨ ᠵᠢᠷᠤᠭᠯᠠᠵᠦ ᠲᠤᠭᠳᠠᠭᠠᠳᠠᠭ ᠪᠤᠯᠬᠤᠷ ᠬᠦᠮᠦᠰ ᠦᠨ ᠬᠦᠨᠳᠦᠳᠭᠡᠯ᠂ᠨᠡᠢᠢᠭᠡᠮ ᠦᠨ ᠦᠨᠡᠯᠡᠯᠲᠡ ᠵᠢ ᠬᠦᠷᠳᠡᠳᠡᠭ᠃ᠡᠨᠡ ᠬᠤᠭᠤᠴᠠᠭᠠᠨ ᠳᠦ ᠲᠠᠨᠢᠯᠴᠠᠭᠤᠯᠵᠦ ᠪᠠᠢᠢᠭ᠎ᠠ ᠦᠪᠦᠷ ᠮᠤᠩᠭ᠋ᠤᠯ ᠦᠨ  ᠭᠤᠷᠪᠠᠨ ᠬᠡᠷᠡᠯ ᠵᠢᠷᠤᠭᠴᠢᠨ ᠦ ᠪᠦᠳᠦᠭᠡᠯ ᠦᠳ ᠡᠴᠡ ᠲᠡᠥᠬᠡ ᠵᠢᠨ ᠤᠯᠠ ᠮᠦᠷ ᠢ ᠮᠡᠷ ᠰᠡᠷ ᠮᠡᠳᠡᠵᠦ ᠪᠤᠯᠤᠨ᠎ᠠ᠃ᠡᠢᠢᠨ ᠬᠦ ᠲᠠᠨᠢᠯᠴᠠᠭᠤᠯᠵᠦ ᠪᠠᠢᠢᠭ᠎ᠠ ᠮᠠᠨᠢ ᠦᠪᠦᠷ ᠮᠤᠩᠭ᠋ᠤᠯ ᠦᠨ ᠤᠯᠤᠰ ᠲᠦᠷᠦ ᠵᠢᠨ ᠵᠦᠪᠯᠡᠯᠬᠡᠨ ᠦ ᠦᠨᠳᠦᠰᠦᠲᠡᠨ ᠦ ᠰᠤᠶᠤᠯ ᠢ ᠠᠬᠢᠭᠤᠯᠬᠤ ᠨᠡᠢᠢᠬᠡᠮᠯᠢᠭ᠌ ᠡᠴᠡ《ᠲᠡᠥᠬᠡᠨ ᠳᠦ ᠠᠩᠬᠠᠷᠤᠯ ᠵᠢᠡᠨ ᠬᠠᠨᠳᠤᠭᠤᠯᠤᠭᠰᠠᠨ ᠬᠦᠮᠦᠰ》ᠲᠦ ᠠᠩᠬᠠᠷᠤᠯ ᠵᠢᠡᠨ ᠬᠠᠨᠳᠦᠭᠤᠯᠵᠦ ᠪᠠᠢᠢᠭ᠎ᠠ ᠨᠢᠭᠡ ᠠᠷᠭ᠎ᠠ ᠬᠡᠮᠵᠢᠶ᠎ᠠ ᠪᠢᠯᠡ᠃

ᠡᠭᠦᠯᠡ᠂ᠮᠤᠩᠭ᠋ᠤᠯ ᠦᠨᠳᠦᠰᠦᠲᠡᠨ᠂1924ᠤᠨ ᠳᠦ ᠲᠦᠷᠦᠪᠡ᠃ᠦᠪᠦᠷ ᠮᠤᠩᠭ᠋ᠤᠯ ᠦᠨ ᠤᠳᠬ᠎ᠠ ᠤᠷᠠᠯᠢᠭ ᠦᠨ ᠬᠢᠨ ᠦ ᠬᠤᠯᠪᠤᠭ᠎ᠠ ᠵᠢᠨ  ᠨᠢᠬᠡᠳᠦᠭᠡᠷ ᠲᠡᠰ ᠦᠨ ᠬᠡᠷᠡᠯ ᠵᠢᠷᠤᠭᠴᠢᠨ᠃ᠦᠪᠦᠷ ᠮᠤᠩᠭ᠋ᠤᠯ ᠦᠨ ᠤᠷᠠᠨ ᠰᠠᠢᠢᠬᠠᠨ ᠦ ᠪᠦᠯᠬᠦᠮ᠂《ᠦᠪᠦᠷ ᠮᠤᠩᠭ᠋ᠤᠯ ᠦᠨ ᠵᠢᠷᠤᠭᠲᠦ ᠰᠡᠳᠭᠦᠯ》᠂《ᠦᠪᠦᠷ ᠮᠤᠩᠭ᠋ᠤᠯ ᠦᠨ ᠡᠳᠦᠷ ᠦᠨ ᠰᠤᠨᠢᠨ》 ᠳᠦ ᠠᠵᠢᠯᠯᠠᠵᠦ ᠪᠠᠢᠢᠭᠰᠠᠨ ᠪᠦᠬᠡᠳ ᠲᠤᠮᠳᠠᠳᠦ ᠤᠯᠤᠰ ᠦᠨ ᠬᠡᠷᠡᠯ ᠵᠢᠷᠤᠴᠢᠳ ᠦᠨ ᠨᠡᠢᠢᠭᠡᠮᠯᠢᠭ᠌ ᠦᠨ ᠬᠤᠶᠠᠷ ᠬᠤᠭᠤᠴᠠᠭᠠᠨ ᠦ ᠲᠡᠳ᠋ ᠲᠡᠷᠢᠭᠦᠯᠦᠭᠴᠢ ᠵᠢᠨ ᠲᠤᠰᠢᠶᠠᠯ ᠳᠦ ᠪᠠᠢᠢᠪᠠ᠃

1945ᠤᠨ ᠳᠦ ᠬᠤᠪᠢᠰᠬᠠᠯ ᠳᠦ ᠤᠷᠤᠯᠴᠠᠵᠦ᠂1948 ᠤᠨ ᠳᠦ ᠦᠪᠦᠷ ᠮᠤᠩᠭ᠋ᠤᠯ ᠦᠨ ᠵᠢᠷᠤᠭᠲᠦ ᠰᠡᠳᠭᠦᠯ ᠦᠨ ᠬᠤᠷᠢᠶ᠎ᠠ ᠳᠦ ᠬᠡᠷᠡᠯ ᠵᠢᠷᠤᠭ ᠤᠷᠠᠨ ᠵᠢᠷᠤᠭ ᠦᠨ ᠴᠢᠭᠯᠡᠯ ᠵᠢᠡᠷ ᠠᠵᠢᠯᠯᠠᠵᠦ᠂1963ᠤᠨ ᠡᠴᠡ1985ᠤᠨ ᠳᠦ ᠲᠡᠳᠭᠦᠪᠦᠷᠢ ᠳᠦ  ᠭᠠᠷᠳᠠᠯ᠎ᠠ ᠪᠠᠨ ᠲᠤᠮᠳᠠᠳᠦ ᠤᠯᠤᠰ ᠦᠨ ᠬᠡᠷᠡᠯ ᠵᠢᠷᠤᠭᠴᠢᠳ ᠦᠨ ᠨᠡᠢᠢᠭᠡᠮᠯᠢᠭ᠌ ᠦᠨ ᠦᠪᠦᠷ ᠮᠤᠩᠭ᠋ᠤᠯ ᠳᠡᠬᠢ ᠬᠤᠪᠢᠶᠠᠷᠢ ᠨᠡᠢᠢᠭᠡᠮᠯᠢᠭ᠌ ᠦᠨ ᠲᠡᠳ᠋ ᠲᠡᠷᠢᠭᠦᠯᠦᠭᠴᠢ ᠪᠡᠷ ᠠᠵᠢᠯᠯᠠᠵᠠᠢ᠃

1800ᠭᠠᠷᠤᠢ ᠤᠷᠠᠨ ᠪᠦᠳᠦᠭᠡᠯ ᠵᠢᠡᠨ ᠨᠡᠢᠢᠳᠡᠯᠡᠭᠦᠯᠦᠭᠰᠡᠨ ᠪᠦᠬᠡᠳ1950 ᠤᠨ ᠳᠦ ᠵᠢᠷᠤᠭᠰᠠᠨ ᠴᠠᠭᠠᠨ ᠰᠠᠷ᠎᠎ᠠ ᠵᠢᠨ ᠵᠢᠷᠤᠭ《ᠵᠠᠰᠠᠭ ᠪᠠᠢᠢᠭᠤᠯᠬᠤ ᠳᠦ ᠰᠠᠢᠢᠨ ᠬᠦᠮᠦᠨ ᠢ ᠰᠤᠩᠭ᠋ᠤᠨ᠎ᠠ》ᠨᠢ ᠰᠤᠶᠤᠯ ᠦᠨ ᠶᠠᠮᠤᠨ ᠡᠴᠡ ᠡᠷᠬᠢᠯᠡᠭᠰᠡᠨ ᠠᠩᠬᠠᠳᠤᠭᠠᠷ ᠬᠤᠭᠤᠴᠠᠭᠠᠨ ᠦ ᠪᠦᠬᠦ ᠤᠯᠤᠰ ᠦᠨ ᠴᠠᠭᠠᠨ ᠰᠠᠷ᠎ᠠ ᠵᠢᠨ ᠵᠢᠷᠤᠭ ᠦᠨ ᠵᠤᠬᠢᠶᠠᠨ ᠪᠦᠳᠦᠭᠡᠯᠬᠡ ᠵᠢᠨ ᠭᠤᠳᠠᠭᠠᠷ ᠲᠡᠰ ᠦᠨ ᠱᠠᠩᠨᠠᠯ ᠬᠦᠷᠳᠡᠭᠰᠡᠨ ᠮᠦᠷᠳᠡᠭᠡᠨ ᠮᠤᠰᠺᠸᠠ ᠳᠦ ᠪᠤᠯᠤᠭᠰᠠᠨ ᠦᠵᠡᠰᠭᠦᠯᠡᠩ ᠳᠦ ᠤᠷᠤᠯᠴᠠᠵᠦ᠂ᠵᠦᠪᠯᠡᠯᠲᠦ  ᠵᠢᠨ 《ᠲᠦᠷᠰᠦᠯᠡᠬᠦ ᠤᠷᠠᠯᠢᠭ》ᠪᠠ 《ᠤᠴᠢ》ᠰᠡᠳᠭᠦᠯ ᠳᠦ ᠨᠡᠢᠢᠳᠡᠯᠡᠭᠳᠡᠪᠡ᠃《ᠬᠠᠰᠢᠷ ᠮᠠᠯᠴᠢᠨ》᠂《 ᠰᠠᠭᠠᠯᠢᠴᠢᠨ》ᠵᠡᠷᠬᠡ ᠭᠡᠷᠡᠯ ᠵᠢᠷᠤᠭ ᠦᠨ ᠪᠦᠳᠦᠭᠡᠯ ᠨᠢ1963ᠤᠨ ᠦ 《ᠴᠢᠯᠦᠬᠡᠯᠡᠬᠦ ᠴᠡᠷᠢᠭ ᠦᠨ ᠵᠢᠷᠤᠭᠲᠦ ᠰᠡᠳᠭᠦᠯ》᠂《ᠭᠤᠸᠠᠩᠳᠤᠢᠩ ᠦᠨ ᠵᠢᠷᠤᠭᠲᠦ ᠰᠡᠳᠭᠦᠯ》 ᠳᠦ ᠨᠡᠢᠢᠳᠡᠯᠡᠭᠳᠡᠪᠡ᠃《ᠲᠠᠷᠭᠤ ᠰᠠᠢᠢᠲᠠᠢ ᠬᠤᠨᠢ ᠦᠬᠡᠷ》᠂《ᠡᠮᠳᠦ ᠤᠬᠢᠶᠠᠯᠭ᠎ᠠ》᠂《ᠮᠠᠯᠴᠢᠳ ᠲᠦ ᠲᠠᠭᠤᠤ ᠪᠠᠨ ᠡᠷᠭᠦᠨ᠎ᠠ》 ᠵᠡᠷᠭᠡ ᠬᠡᠷᠡᠯ ᠵᠢᠷᠤᠭ ᠨᠢ 1962 ᠤᠨ ᠳᠦ ᠬᠡᠪᠯᠡᠭᠳᠡᠭᠰᠡᠨ《ᠦᠪᠦᠷ ᠮᠤᠩᠭ᠋ᠤᠯ ᠦᠨ ᠲᠦᠯᠦᠭ ᠵᠢᠷᠤᠭ》ᠭᠡᠬᠦ ᠵᠢᠷᠤᠭᠲᠦ ᠲᠡᠪᠲᠡᠷ ᠲᠦ ᠰᠤᠩᠭ᠋ᠤᠭᠳᠠᠭᠰᠠᠨ ᠪᠠᠢᠢᠨ᠎ᠠ᠃《ᠵᠤᠨ ᠦ ᠡᠳᠦᠷ》ᠨᠢ1984ᠤᠨ ᠳᠦ ᠦᠪᠡᠷᠲᠡᠭᠡᠨ ᠵᠠᠰᠠᠬᠤ ᠤᠷᠤᠨ ᠦ ᠠᠩᠬᠠᠳᠠᠭᠴᠢ ᠬᠤᠭᠤᠴᠠᠭᠠᠨ ᠦ ᠬᠡᠷᠡᠯ ᠵᠢᠷᠤᠭ ᠦᠨ ᠵᠤᠬᠢᠶᠠᠨ ᠪᠦᠳᠦᠭᠡᠯᠬᠡ ᠵᠢᠨ ᠰᠠᠷᠠᠨ᠎ᠠ ᠱᠠᠩᠨᠠᠯ ᠢ ᠬᠦᠷᠳᠡᠪᠡ᠃1988ᠤᠨ ᠳᠦ᠂ᠬᠦᠬᠡᠬᠤᠳᠠ ᠪᠤᠭᠤᠳᠦ ᠵᠡᠷᠬᠡ ᠭᠠᠵᠠᠷ ᠦᠳ ᠵᠢᠡᠷ ᠬᠢᠭᠰᠡᠨ ᠬᠤᠪᠢ ᠬᠦᠮᠦᠨ ᠦ ᠬᠡᠷᠡᠯ ᠵᠢᠷᠤᠭ ᠦᠨ ᠦᠵᠡᠰᠭᠦᠯᠡᠩ ᠳᠦ ᠪᠠᠨ12  ᠪᠦᠳᠦᠭᠡᠯ ᠵᠢᠡᠨ ᠲᠡᠯᠬᠡᠵᠡᠢ᠃

ᠰᠡᠴᠡᠨ᠂ᠲᠠᠭᠤᠷ ᠦᠨᠳᠦᠰᠦᠲᠡᠨ᠂1926ᠤᠨ ᠳᠦ ᠲᠦᠷᠦᠪᠡ᠃ᠬᠦᠯᠦᠨ ᠪᠤᠢᠢᠷ ᠦᠨ ᠬᠦᠮᠦᠨ᠃

1947ᠤᠨ ᠦ1ᠰᠠᠷ᠎ᠠ ᠡᠴᠡ ᠦᠪᠦᠷ ᠮᠤᠩᠭ᠋ᠤᠯ ᠦᠨ ᠦᠪᠡᠷᠲᠡᠭᠡᠨ ᠵᠠᠰᠠᠬᠤ ᠤᠷᠤᠨ ᠦ ᠰᠤᠨᠢᠨ ᠦ ᠬᠤᠷᠢᠶ᠎ᠠ ᠳᠦ ᠠᠵᠢᠯᠯᠠᠪᠠ᠃1948 ᠤᠨ ᠳᠦ《ᠦᠪᠦᠷ ᠮᠤᠩᠭ᠋ᠤᠯ ᠦᠨ ᠵᠢᠷᠤᠭᠲᠦ ᠰᠡᠳᠭᠦᠯ》ᠬᠡᠪᠯᠡᠯ ᠡᠬᠢᠯᠡᠭᠰᠡᠨ ᠦ ᠲᠠᠷᠠᠭ᠎ᠠ᠂ᠰᠤᠷᠪᠤᠯᠵᠢᠯᠠᠭᠴᠢ ᠵᠢᠨ ᠲᠤᠭᠤᠢᠢᠯᠠᠩ ᠦᠨ ᠲᠠᠷᠤᠭ᠎ᠠ᠂ᠬᠡᠷᠡᠯ ᠵᠢᠷᠤᠭ ᠦᠨ ᠲᠤᠭᠤᠢᠢᠯᠠᠩ ᠦᠨ ᠲᠠᠷᠤᠭ᠎ᠠ᠂ᠰᠤᠷᠪᠤᠯᠵᠢᠯᠠᠭᠴᠢ ᠵᠢᠨ ᠬᠡᠯᠳᠡᠰ ᠦᠨ ᠲᠡᠳ᠋ ᠡᠷᠬᠢᠯᠡᠭᠴᠢ᠂ᠨᠠᠢᠢᠷᠠᠭᠤᠯᠬᠤ ᠺᠤᠮᠢᠰ ᠦᠨ ᠬᠡᠰᠢᠭᠦᠨ ᠵᠡᠷᠬᠡ ᠲᠤᠰᠢᠶᠠᠯ ᠢ ᠬᠠᠷᠢᠭᠤᠴᠠᠵᠦ ᠪᠠᠢᠢᠪᠠ᠃ᠲᠡᠭᠡᠳᠦ ᠵᠡᠷᠬᠡ ᠵᠢᠨ ᠰᠤᠷᠪᠤᠯᠵᠢᠯᠠᠭᠴᠢ᠃1987ᠤᠨ ᠳᠦ ᠲᠡᠳᠭᠦᠪᠦᠷᠢ ᠳᠦ ᠭᠠᠷᠪᠠ᠃

《ᠠᠪᠠ ᠵᠢᠨ ᠤᠯᠵᠠ》᠂《ᠡᠮᠨᠢᠭ ᠰᠤᠷᠭᠠᠨ᠎ᠠ》᠂《ᠲᠡᠥᠬᠡ ᠵᠢᠨ ᠠᠭᠱᠠᠨ》᠂《ᠨᠠᠢᠮᠠᠨ ᠰᠠᠷ᠎ᠠ ᠵᠢᠨ ᠲᠠᠯ᠎ᠠ》᠂《ᠨᠠᠮᠤᠷ ᠦᠨ ᠵᠢᠮᠢᠰ》᠂《ᠲᠦᠳᠡᠭ》ᠵᠡᠷᠭᠡ ᠭᠤᠤᠯ ᠪᠤᠯᠬᠤ ᠬᠡᠷᠡᠯ ᠵᠢᠷᠤᠭ ᠦᠨ ᠪᠦᠳᠦᠭᠡᠯ ᠲᠠᠢ᠃

ᠨᠠᠮᠵᠢᠯ(ᠶᠦᠨ ᠴᠸᠩ ᠢᠥᠢ)᠂ᠮᠤᠩᠭ᠋ᠤᠯ ᠦᠨᠳᠦᠰᠦᠲᠡᠨ᠂1929 ᠤᠨ ᠳᠦ ᠲᠦᠮᠡᠳ ᠵᠡᠭᠦᠨ  ᠬᠤᠰᠢᠭᠤᠨ ᠳᠦ ᠲᠦᠷᠦᠪᠡ᠃ᠤᠯᠤᠰ ᠦᠨ ᠨᠢᠭᠡᠳᠦᠭᠡᠷ ᠲᠡᠰ ᠦᠨ ᠬᠡᠷᠡᠯ ᠵᠢᠷᠤᠭᠴᠢᠨ᠃

1949 ᠤᠨ ᠡᠴᠡ ᠤᠯᠠᠭᠠᠨᠬᠠᠳᠠ ᠳᠡᠬᠢ ᠦᠪᠦᠷ ᠮᠤᠩᠭ᠋ᠤᠯ ᠦᠨ ᠴᠡᠷᠢᠭ ᠦᠨ ᠲᠤᠭᠤᠷᠢᠭ ᠲᠦ ᠤᠷᠠᠨ ᠰᠠᠢᠢᠬᠠᠨ ᠦ ᠴᠢᠭᠯᠡᠯ ᠵᠢᠡᠷ ᠠᠵᠢᠯᠯᠠᠵᠦ᠂1951ᠤᠨ ᠳᠦ ᠰᠦᠢᠶᠤᠸᠠᠨ ᠮᠤᠵᠢ ᠵᠢᠨ ᠴᠡᠷᠢᠭ ᠦᠨ ᠲᠤᠭᠤᠷᠢᠭ ᠦᠨ ᠺᠠᠳᠠᠷᠴᠤᠳ ᠦᠨ ᠰᠤᠷᠭᠠᠭᠤᠯᠢ ᠵᠢᠨ ᠬᠡᠷᠡᠯ ᠵᠢᠷᠤᠭ ᠦᠨ ᠠᠩᠬᠢ ᠳᠦ ᠰᠤᠷᠤᠯᠴᠠᠵᠦ᠂1952ᠤᠨ ᠳᠦ ᠦᠪᠦᠷ ᠮᠤᠩᠭ᠋ᠤᠯ ᠦᠨ ᠮᠤᠷᠢᠲᠦ ᠴᠡᠷᠢᠭ ᠦᠨ ᠲᠠᠪᠤᠳᠤᠭᠠᠷ ᠳᠢᠸᠢᠽ ᠵᠢᠨ ᠬᠡᠷᠡᠯ ᠵᠢᠷᠤᠭᠴᠢᠨ᠂1956ᠤᠨ ᠡᠴᠡ1970 ᠤᠨ ᠨᠤᠭᠤᠳ ᠲᠦ ᠦᠪᠦᠷ ᠮᠤᠩᠭ᠋ᠤᠯ ᠦᠨ ᠴᠡᠷᠢᠭ ᠦᠨ ᠲᠤᠭᠤᠷᠢᠭ ᠦᠨ ᠬᠡᠷᠡᠯ ᠵᠢᠷᠤᠭ ᠦᠨ ᠰᠤᠷᠪᠤᠯᠵᠢᠯᠠᠭᠴᠢ ᠪᠡᠷ ᠠᠵᠢᠯᠯᠠᠵᠦ᠂1977ᠤᠨ ᠳᠦ ᠦᠪᠦᠷ ᠮᠤᠩᠭ᠋ᠤᠯ ᠦᠨ ᠤᠳᠬ᠎ᠠ ᠤᠷᠠᠯᠢᠭ ᠦᠨ ᠬᠢᠨ ᠦ ᠬᠤᠯᠪᠤᠭ᠎ᠠ ᠳᠦ ᠰᠢᠯᠵᠢᠨ ᠠᠵᠢᠯᠯᠠᠪᠠ᠃

ᠲᠡᠷᠡ ᠪᠡᠷ ᠬᠡᠷᠡᠯ ᠵᠢᠷᠤᠭᠴᠢᠨ ᠵᠢᠡᠷ ᠠᠵᠢᠯᠯᠠᠭᠰᠠᠨ6 0 ᠵᠢᠯ ᠦᠨ ᠬᠤᠭᠤᠴᠠᠭᠠᠨ ᠳᠦ ᠪᠠᠨ2500 ᠭᠠᠷᠤᠢ ᠪᠦᠳᠦᠭᠡᠯ ᠵᠢᠡᠨ ᠨᠡᠢᠢᠲᠡᠯᠡᠵᠡᠢ᠃《ᠮᠤᠩᠭ᠋ᠤᠯ ᠦᠨᠳᠦᠰᠦᠲᠡᠨ ᠦ ᠡᠷᠦᠬᠡ ᠵᠢᠨ ᠴᠡᠷᠢᠭ》᠂《ᠵᠢᠱᠢᠶᠡᠴᠢ ᠮᠠᠯᠴᠢᠨ》᠂《ᠮᠤᠷᠢᠨ ᠪᠦᠮᠪᠦᠬᠡ》᠂《ᠮᠤᠷᠢ ᠤᠷᠭᠠᠯᠠᠨ᠎ᠠ》᠂《ᠪᠠᠶᠠᠯᠢᠭ ᠰᠠᠢᠢᠬᠠᠨ ᠦᠪᠦᠷ ᠮᠤᠩᠭ᠋ᠤᠯ ᠦᠨ ᠲᠠᠯ᠎ᠠ ᠨᠤᠲᠤᠭ》᠂《ᠪᠦᠬᠡ》ᠵᠡᠷᠭᠡ ᠪᠦᠳᠦᠭᠡᠯ ᠨᠢ ᠲᠤᠮᠳᠠᠳᠦ ᠤᠯᠤᠰ ᠦᠨ ᠤᠯᠠᠨ ᠬᠡᠷᠡᠯ ᠵᠢᠷᠤᠭ ᠦᠨ ᠦᠵᠡᠰᠭᠦᠯᠡᠩ ᠳᠦ ᠤᠷᠤᠯᠴᠠᠵᠠᠢ᠃
《ᠰᠢᠨ᠎ᠠ ᠴᠡᠷᠢᠭ᠌ ᠦᠨ ᠪᠤᠯᠪᠠᠰᠤᠷᠠᠯ》

ᠡᠭᠦᠯᠡ

《ᠮᠤᠩᠭ᠋ᠤᠯ ᠡᠮᠴᠢ》

《ᠵᠤᠨ ᠦ ᠡᠳᠦᠷ》

ᠰᠡᠴᠡᠨ

《ᠪᠤᠭᠤᠳᠤ ᠵᠢᠨ ᠪᠤᠯᠤᠳ ᠲᠡᠮᠦᠷ ᠦᠨ ᠦᠢᠯᠡᠳᠪᠦᠷᠢ ᠵᠢᠨ ᠠᠵᠢᠯᠴᠢᠳ》

《ᠪᠢ ᠪᠤᠯ ᠨᠢᠭᠡᠳᠦᠯ ᠦᠨ ᠡᠮᠡᠭᠲᠡᠢ  ᠭᠡᠰᠢᠬᠦᠨ》

《ᠵᠧᠥ ᠡᠸᠨ ᠯᠠᠢ ᠶᠡᠷᠦᠩᠬᠡᠢ ᠰᠠᠢᠢᠳ ᠪᠤᠭᠤᠳᠦ ᠵᠢᠨ ᠪᠤᠯᠤᠳ ᠲᠡᠮᠦᠷ ᠦᠨ ᠦᠢᠯᠡᠳᠪᠦᠷᠢ ᠳᠦ》

ᠨᠠᠮᠵᠢᠯ

《ᠬᠦᠳᠡᠯᠮᠦᠷᠢ ᠵᠢᠨ ᠪᠠᠶᠠᠰᠤᠯ》

《ᠡᠪᠡᠰᠦ ᠬᠠᠳᠤᠨ᠎ᠠ》

《ᠤᠷᠭᠤᠳᠠᠭᠤᠯ ᠲᠠᠢᠢᠰᠤᠨ ᠢ ᠨᠡᠭᠡᠮᠵᠢᠯᠡᠨ᠎ᠠ》

《ᠤᠷᠴᠤᠨ ᠠᠩᠴᠢᠨ》

《ᠬᠢᠮᠢ ᠵᠢ ᠰᠡᠷᠬᠡᠢᠢᠯᠡᠬᠦ ᠰᠤᠷᠢᠯᠲᠠ》



ᠵᠤᠬᠢᠶᠠᠭᠴᠢ᠄ ᠨᠠᠷᠠ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 383
ᠴᠠᠭ᠄ 2015 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁