ᠳᠠᠭᠤᠷᠢᠶᠠᠬᠤ《ᠡᠪᠡᠳᠴᠢᠨ》ᠬᠡᠵᠢᠶ᠎ᠡ ᠠᠷᠢᠯᠳᠠᠭ ᠪᠤᠯ

ᠦᠪᠥᠷ ᠮᠣᠩᠭ᠋ᠣᠯ ᠤᠨ ᠡᠢᠷᠠᠭᠣ ᠨᠠᠢ᠌ᠷᠠᠭ ᠬᠡᠵᠢᠶ᠎ᠡ ᠲᠠᠭᠣᠷᠢᠶᠠᠬᠣ 《 ᠡᠪᠠᠳᠴᠢᠨ 》 ᠡᠴᠡ ᠪᠠᠨ ᠰᠠᠯᠳᠠᠭ ᠪᠣᠯ⁈ ᠪᠢᠳᠠ ᠬᠣᠭᠣᠷᠣᠠᠳᠣ ᠪᠠᠨ ᠲᠠᠭᠣᠷᠢᠶᠠᠵᠣ᠂ ᠨᠢᠬᠡᠨ ᠤ ᠪᠠᠨ ᠥᠩᠬᠡ ᠠᠶᠠᠰ ᠢ ᠲᠠᠪᠳᠠᠵᠣ ᠯᠠ ᠪᠠᠢ᠌ᠪᠠᠯ ᠡᠢᠷᠠᠭᠣ ᠨᠠᠢ᠌ᠷᠠᠭ ᠶᠢᠠᠨ ᠣᠩᠰᠢᠭᠴᠢᠳ ᠡᠴᠡ ᠣᠯᠠᠮ ᠬᠣᠯᠠᠳᠠᠭᠣᠯᠵᠣ ᠪᠠᠢ᠌ᠬᠣ ᠶᠢᠨ ᠲᠡᠮᠳᠡᠭ᠃

ᠲᠡᠬᠡᠷ᠎ᠡ ᠵᠠᠭᠣᠨ ᠤ ᠨᠠᠶᠠᠭᠠᠳ ᠣᠨ ᠳᠤ ᠪᠢᠯᠠ ᠦᠦ᠂ ᠮᠠᠷᠳᠠᠵᠣ ᠪᠠᠢ᠌ᠨ᠎ᠠ᠂ ᠦᠪᠥᠷ ᠮᠣᠩᠭ᠋ᠣᠯ ᠤᠨ ᠡᠢᠷᠠᠭᠣ ᠨᠠᠢ᠌ᠷᠠᠭ ᠲᠤ 《 ᠪᠠᠢ᠌ᠨᠠᠮ 》 ᠬᠡᠮᠡᠬᠥ ᠦᠢᠯᠠ ᠦᠬᠡ ᠭᠠᠵᠠᠷ ᠠᠪᠴᠣ 《 ᠡᠬᠡ ᠣᠷᠣᠨ ᠪᠠᠢ᠌ᠨᠠᠮ 》᠂ 《 ᠡᠵᠢ ᠪᠠᠢ᠌ᠨᠠᠮ 》 ᠬᠡᠮᠡᠨ ᠲᠠᠭᠣᠷᠢᠶᠠᠮᠠᠯ ᠦᠵᠡᠭ᠍ᠳᠡᠯ ᠭᠠᠷᠴᠣ ᠪᠠᠢ᠌ᠭᠰᠠᠨ ᠢ ᠬᠢᠷᠠᠬᠠᠢ ᠰᠢᠬᠥᠮᠵᠢᠯᠡᠭ᠍ᠴᠢ ᠰᠢᠬᠥᠮᠵᠢᠯᠡᠵᠦ ᠥᠩᠬᠡᠷᠡᠵᠡᠢ᠃

ᠰᠠᠶ‍ᠢᠬᠠᠨ ᠣᠷᠣᠯᠳᠣᠵᠣ ᠪᠠᠢ᠌ᠭ᠎ᠠ ᠵᠠᠯᠠᠭᠣᠰ ᠬᠠᠶᠠ ᠨᠢᠬᠡ ᠲᠠᠭᠣᠷᠢᠶᠠᠮᠠᠯ ᠰᠢᠯᠥᠭ ᠪᠢᠴᠢᠬᠥ ᠳᠤ᠂ ᠪᠢᠳᠠ ᠪᠦᠷ ᠠᠭᠣᠴᠢᠯᠠᠯ ᠤᠨ ᠣᠪᠣᠷ ᠠᠪᠳᠠᠭ᠃ ᠬᠦᠮᠥᠨ ᠢ ᠲᠠᠭᠣᠷᠢᠶᠠᠵᠣ᠂ ᠬᠦᠯ ᠳᠤ ᠣᠷᠣᠨ᠎ᠠ ᠬᠡᠳᠡᠭ ᠨᠢ ᠲᠠᠷᠠ᠃ ᠬᠡᠳᠡᠯ᠎ᠡ ᠭᠠᠷᠰᠢᠭᠰᠠᠨ ᠡᠢᠷᠠᠭᠣ ᠨᠠᠢ᠌ᠷᠠᠭᠴᠢᠳ ᠪᠣᠰᠣᠳ ᠤᠨ ᠬᠡᠷᠩᠯᠠᠬᠡᠥᠨ ᠥᠩᠬᠡᠷᠡᠭ᠍ᠰᠡᠨ ᠦᠬᠡ ᠶᠢ ᠪᠣᠶᠣ ᠬᠡᠪ ᠬᠡᠯᠪᠡᠷᠢ ᠪᠠᠷ ᠪᠢᠴᠢᠬᠡᠥᠨ ᠪᠠᠢ᠌ᠪᠠᠯ ᠡᠢᠷᠠᠭᠣ ᠨᠠᠢ᠌ᠷᠠᠭ ᠤᠨ ᠷᠢᠳᠢ ᠰᠢᠳᠢ ᠵᠢ ᠪᠠᠭᠣᠷᠠᠭᠣᠯᠬᠣ ᠪᠠᠷ ᠪᠠᠷᠠᠬᠣ ᠦᠭᠡᠶ ᠣᠩᠰᠢᠭᠴᠢᠳ ᠤᠨ ᠣᠷᠮ᠎ᠠ ᠶᠢ ᠬᠣᠭᠣᠯᠣᠨ᠎ᠠ᠃

ᠪᠢᠳᠠ 《 ᠪᠠᠢ᠌ᠨᠠᠮ 》 ᠡᠴᠡ ᠪᠠᠨ ᠭᠠᠷᠣᠭᠠᠳ 《 ×× ᠊ᠮ᠎ᠠ 》 ᠶᠢᠨ ᠰᠢᠯᠥᠭ ᠲᠤ ᠣᠷᠣᠵᠣ᠂《 ᠰᠥᠨᠵᠢᠳᠮ᠎ᠡ 》᠂ 《 ᠪᠠᠢ᠌ᠭᠠᠯᠢᠮ᠎ᠠ 》 ᠬᠡᠭ᠍ᠳᠡᠳᠡᠭ ᠣᠯᠠᠨ 《 ᠊ᠮ᠎ᠠ 》 ᠲᠡᠶ ᠰᠢᠯᠥᠭ ᠬᠠᠢ᠌ᠷ᠎ᠠ ᠲᠣᠷᠠᠯᠠᠯ ᠤᠨ ᠡᠢᠯᠡᠳᠬᠡᠮᠵᠢ ᠪᠣᠯᠵᠣ ᠬᠠᠭᠣᠳᠠᠰᠣ ᠲᠦᠬᠥᠷᠴᠡᠢ᠃

ᠨᠢᠬᠡ ᠨᠠᠢ᠌ᠷᠠᠭᠴᠢ ᠶᠢᠨ ᠶᠢᠠᠨ ᠣᠯᠣᠭᠠᠳ ᠬᠡᠯᠡᠭ᠍ᠰᠡᠨ ᠰᠢᠯᠥᠭ ᠤᠨ ᠬᠡᠯᠡᠯᠬᠡ ᠶᠢ ᠪᠣᠰᠣᠳ ᠨᠢ ᠭᠠᠷ ᠲᠠᠮᠵᠢᠨ ᠬᠡᠷᠩᠯᠠᠳᠡᠭ ᠨᠢ ᠦᠪᠥᠷ ᠮᠣᠩᠭ᠋ᠣᠯ ᠤᠨ ᠡᠢᠷᠠᠭᠣ ᠨᠠᠢ᠌ᠷᠠᠭ ᠤᠨ ᠨᠢᠬᠡ ᠬᠡᠮ᠃ 《 ×× ᠊ᠮ᠎ᠠ 》 ᠡᠴᠡ ᠪᠠᠨ ᠪᠢᠳᠠ 《 ᠡᠬᠡ ᠣᠷᠣᠨ ᠠᠭᠣᠴᠢᠯᠨ 》᠂ 《 ᠪᠦᠰᠠᠬᠥᠢ ᠠᠭᠣᠴᠢᠯᠨ 》 ᠮᠠᠳᠣ ᠶᠢᠨ ᠠᠭᠣᠴᠢᠯᠠᠯ ᠬᠦᠰᠡᠭ᠍ᠰᠡᠨ ᠬᠠᠯᠬᠠᠵᠢᠭᠣᠨ ᠰᠢᠯᠥᠭ ᠤᠨ ᠦᠷᠨᠢᠯᠳᠡ ᠳᠤ ᠣᠷᠣᠵᠣ ᠲᠠᠪᠵᠢᠶᠠᠷᠠᠵᠠᠢ᠃ ᠡᠢᠩᠬᠢᠬᠡᠥᠨ ᠠᠭᠣᠯᠭ᠎ᠠ ᠰᠡᠳᠬᠢᠬᠥᠢ ᠲᠠᠪᠬᠣᠴᠠᠭᠰᠠᠨ ᠡᠢᠷᠠᠭᠣ ᠨᠠᠢ᠌ᠷᠠᠭ ᠣᠯᠠᠳᠠᠯ᠎ᠠ᠃ ᠣᠳᠣ ᠪᠣᠯᠬᠣ ᠳᠤ ᠪᠢᠳᠠᠨ ᠤ ᠲᠣᠮᠳᠠ 《 ×× ᠊ᠬᠤᠢ᠂ ᠊ᠬᠦᠢ 》 ᠬᠡᠮᠡᠬᠥ ᠦᠬᠡ ᠲᠡᠯᠬᠡᠷᠡᠵᠦ ᠪᠠᠢ᠌ᠨ᠎ᠠ᠃ ᠪᠠᠷᠣᠭ ᠤᠨ ᠨᠠᠢ᠌ᠷᠠᠭᠴᠢ ᠶᠢᠨ ᠰᠢᠯᠥᠭ ᠤᠨ ᠲᠣᠳᠣᠷ᠎ᠠ 《ᠵᠨᠬᠥᠳᠥᠯᠠᠬᠥᠢ》 ᠬᠡᠳᠡᠯ᠎ᠡ 《 ᠬᠦᠰᠠᠬᠥᠢ 》 ᠮᠠᠳᠣ ᠶᠢᠨ ᠲᠠᠭᠣᠷᠢᠶᠠᠮᠠᠯ ᠬᠡᠯᠡᠯᠬᠡ ᠬᠠᠷᠠᠭᠳᠠᠵᠣ ᠰᠢᠯᠥᠭ ᠤᠨ ᠣᠣᠷ ᠴᠢᠨᠠᠷ ᠤᠨ ᠨᠥᠯᠣᠬᠡ ᠶᠢ ᠪᠠᠭᠣᠷᠠᠭᠣᠯᠵᠣ ᠪᠠᠢ᠌ᠬᠣ ᠶᠢ ᠠᠩᠬᠠᠷᠣᠭᠣᠰᠢᠳᠠᠢ᠃ ᠡᠨᠠ ᠪᠣᠯ ᠬᠡᠯᠡᠨ ᠤ ᠶᠠᠳᠠᠭᠣᠷᠠᠯ ᠤᠨ ᠨᠢᠬᠡ ᠲᠣᠬᠢᠶ᠎ᠠ ᠶᠣᠮ᠃

ᠪᠢᠳᠠ ᠬᠠᠯᠬ᠎ᠠ ᠰᠢᠯᠥᠭ ᠢ ᠲᠠᠭᠣᠷᠢᠶᠠᠵᠣ᠂ ᠬᠠᠶᠠ ᠰᠠᠳᠬᠢᠴᠠ ᠶᠢ ᠨᠢ ᠬᠦᠷᠳᠡᠯ᠎ᠡ ᠰᠢᠯᠵᠢᠬᠥᠯᠦᠬᠡᠥᠨ ᠪᠢᠴᠢᠳᠡᠭ ᠪᠠᠢ᠌ᠯ᠎ᠠ᠃ ᠬᠡᠨ ᠨᠢᠬᠡᠨ ᠤ ᠰᠢᠯᠥᠭ ᠢ ᠣᠩᠰᠢᠮᠠᠭᠴᠠ 《 ᠦ ᠂ ᠡᠨᠠ ᠴᠢᠨᠢ ᠬᠠᠯᠬ᠎ᠠ ᠶᠢᠨ ᠬᠡᠨ ᠬᠡᠨ ᠤ ᠰᠢᠯᠥᠭ ᠲᠡᠶ ᠲᠥᠰᠳᠡᠢ 》 ᠬᠡᠵᠦ ᠲᠣᠣᠷ᠎ᠠ ᠨᠢ ᠨᠡᠷᠡᠯᠠᠬᠡᠥᠨ ᠭᠠᠷᠭᠠᠴᠢᠬᠠᠳᠠᠭ ᠶᠣᠮ᠃ ᠬᠡᠪᠡᠴᠦ ᠡᠬᠥᠨ ᠢ ᠬᠠᠷᠢ ᠬᠦᠷᠥᠨ ᠤ ᠲᠠᠪᠰᠢᠭᠰᠠᠨ ᠡᠢᠷᠠᠭᠣ ᠨᠠᠢ᠌ᠷᠠᠭ ᠡᠴᠡ ᠰᠣᠷᠣᠯᠴᠠᠵᠣ ᠪᠠᠢ᠌ᠨ᠎ᠠ ᠬᠡᠥᠨ ᠬᠡᠨ ᠨᠢᠬᠡᠨ ᠤ ᠡᠮᠣᠨ᠎ᠠ ᠡᠴᠡ ᠪᠠᠶᠠᠷᠯᠠᠵᠣ ᠪᠠᠢ᠌ᠳᠠᠭ᠃ ᠡᠬᠥᠨ ᠤ ᠡᠰᠡᠷᠬᠥ ᠪᠠᠷ ᠲᠣᠭᠳᠠᠭᠰᠠᠨ ᠨᠢᠬᠡ ᠵᠠᠰᠠᠭ ᠵᠠᠬᠢᠷᠭᠠᠨ ᠤ ᠣᠷᠣᠨ ᠲᠣᠳᠣᠷᠠᠬᠢ ᠡᠢᠷᠠᠭᠣ ᠨᠠᠢ᠌ᠷᠠᠭᠴᠢᠳ ᠠᠳᠠᠯᠢᠬᠠᠨ ᠬᠡᠯᠪᠡᠷᠢ ᠶᠢᠨ ᠡᠢᠷᠠᠭᠣ ᠨᠠᠢ᠌ᠷᠠᠭ ᠣᠷᠣᠯᠳᠣᠵᠣ᠂ ᠲᠠᠪᠳᠠᠭᠠᠳ ᠪᠠᠢ᠌ᠪᠠᠯ ᠲᠠᠷᠠ ᠨᠢ 《 ᠲᠠᠭᠣᠷᠢᠶᠠᠮᠠᠯ ᠡᠪᠠᠳᠴᠢᠨ 》 ᠪᠣᠯᠳᠠᠭ ᠮᠥᠷᠳᠡᠬᠡᠨ ᠡᠢᠷᠠᠭᠣ ᠨᠠᠢ᠌ᠷᠠᠭ ᠤᠨ ᠦᠪᠡᠷ ᠤᠨ ᠬᠥᠭ᠍ᠵᠢᠯᠳᠡ ᠶᠢ ᠬᠠᠷᠰᠢᠯᠠᠳᠠᠭ᠃

ᠪᠢᠳᠠ ᠦᠪᠡᠷ ᠤᠨ ᠡᠵᠡᠮᠰᠢᠭ᠍ᠰᠡᠨ ᠬᠡᠯᠡᠨ ᠤ ᠪᠠᠨ ᠬᠢᠷᠢ ᠪᠠᠷ ᠡᠢᠷᠠᠭᠣ ᠨᠠᠢ᠌ᠷᠠᠭ ᠪᠢᠴᠢᠶ᠎ᠠ︕ ᠡᠢᠷᠠᠭᠣ ᠨᠠᠢ᠌ᠷᠠᠭ ᠤᠨ ᠬᠡᠯᠡᠯᠬᠡ ᠶᠢᠨ ᠡᠷᠬᠢᠮ ᠨᠢ ᠲᠠᠪᠳᠠᠬᠣ ᠦᠭᠡᠶ ᠳᠤ ᠪᠠᠢ᠌ᠨ᠎ᠠ᠃ ᠡᠬᠥᠨ ᠢ ᠣᠳᠣ ᠳᠤ ᠲᠡᠪᠴᠢᠬᠥ ᠳᠤ ᠬᠦᠴᠢᠷ᠃ ᠣᠴᠢᠷ ᠨᠢ ᠪᠢᠳᠠ ᠪᠠᠰᠠ ᠯᠠ ᠲᠠᠭᠣᠷᠢᠶᠠᠭᠰᠠᠭᠠᠷ ᠯᠨ ᠁


( ᠬ᠂ ᠪᠦᠬᠡᠮᠡᠨᠳᠥᠯ᠎ᠡ ᠨᠠᠢ᠌ᠷᠠᠭᠣᠯᠪᠠ)

ᠵᠤᠬᠢᠶᠠᠭᠴᠢ ᠶᠢᠨ ᠬᠠᠶ‍ᠢᠭ᠄ ᠬᠦᠯᠥᠨ ᠪᠣᠢ᠌ᠷ ᠬᠣᠳᠠ ᠶᠢᠨ ᠬᠠᠭᠣᠴᠢᠨ ᠪᠠᠷᠭᠣ

ᠵᠤᠬᠢᠶᠠᠭᠴᠢ᠄ ᠰ᠂ᠡᠩᠭᠡ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 490
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁