ᠬᠠᠯᠠᠭᠤᠨ ᠬᠤᠰᠢᠭᠤᠳᠦ ᠬᠤᠨᠢ ᠡᠷᠳᠡᠨᠢ

ᠬᠤᠨᠢ ᠡᠷᠲᠡ ᠤᠵᠤᠭᠤᠷ ᠡᠴᠡ ᠢᠨᠠᠭᠰᠢ ᠨᠡᠭᠦᠳᠡᠯᠴᠢᠨ ᠦᠨᠳᠦᠰᠦᠲᠡᠨ ᠦ ᠦᠷᠦ ᠪᠦᠳᠦᠨ ᠬᠡᠳᠡᠰᠦ ᠴᠠᠳᠬᠤᠯᠠᠩ ᠠᠵᠦ ᠲᠦᠷᠦᠬᠦ ᠳᠦ ᠬᠤᠪᠢ ᠨᠡᠮᠡᠷᠢ ᠪᠠᠨ ᠦᠵᠡᠬᠦᠯᠦᠭᠰᠡᠭᠡᠷ ᠢᠷᠡᠭᠰᠡᠨ ᠪᠦᠯᠦᠬᠡ᠃ᠮᠠᠯᠴᠢᠳ ᠡᠩᠬᠦᠷᠡᠢᠯᠡᠨ ᠦᠰᠭᠡᠵᠦ ᠠᠷᠠᠴᠢᠯᠠᠨ ᠬᠠᠷᠢᠭᠤᠯᠬᠤ ᠶᠠᠪᠤᠴᠠ ᠳᠦ ᠪᠠᠨ ᠬᠤᠨᠢ ᠲᠠᠢ ᠬᠠᠢᠷ᠎ᠠ ᠰᠡᠳᠭᠢᠯᠭᠡ ᠵᠢᠨ ᠪᠠᠷᠢᠯᠳᠤᠯᠭ᠎ᠠ ᠲᠠᠢ ᠪᠤᠯᠵᠠᠢ᠃ᠲᠡᠳᠡᠨ ᠦ ᠬᠤᠪᠢ ᠳᠦ ᠬᠤᠨᠢ ᠡᠩ ᠦᠨ ᠠᠮᠢᠳᠠᠨ ᠪᠢᠰᠢ᠂ᠬᠠᠷᠢᠨ ᠦᠢᠯᠳᠪᠦᠷᠢᠯᠡᠯ ᠠᠮᠢᠳᠤᠷᠠᠯ ᠳᠦ ᠨᠢ ᠲᠤᠳᠠᠭᠳᠠᠵᠦ ᠪᠤᠯᠤᠰᠢ ᠦᠭᠡᠢ ᠬᠠᠨᠢ ᠪᠠᠷ᠎ᠠ ᠨᠢ ᠪᠤᠯᠤᠭᠰᠠᠨ ᠶᠤᠮ᠃

ᠲᠠᠪᠤᠨ ᠬᠤᠰᠢᠭᠤ ᠮᠠᠯ ᠦᠨ ᠬᠠᠮᠤᠭ ᠤᠯᠠᠨ ᠨᠢ ᠬᠤᠨᠢ ᠪᠠᠢᠵᠦ ᠮᠡᠳᠡᠨ᠎ᠠ᠃ᠡᠪᠡᠰᠦ ᠪᠡᠯᠴᠢᠬᠡᠷ ᠲᠠᠢ ᠵᠤᠬᠢᠴᠠᠯᠳᠤᠬᠤ ᠴᠢᠳᠠᠪᠤᠷᠢ ᠰᠠᠢᠲᠠᠢ ᠪᠦᠬᠡᠳ ᠦᠷᠡᠵᠢᠯ ᠲᠦᠷᠭᠡᠨ ᠪᠠᠢᠳᠠᠭ ᠬᠤᠨᠢ ᠪᠤᠯ ᠲᠡᠷᠡ ᠴᠢᠭ ᠵᠢᠡᠷ ᠵᠢᠡᠨ ᠡᠷᠳᠡᠨᠢ ᠶᠤᠮ᠃ᠰᠦᠷᠦᠭ ᠰᠦᠷᠦᠭ ᠵᠢᠡᠷ ᠴᠠᠢᠯᠵᠠᠭᠰᠠᠨ ᠲᠠᠷᠭᠤᠨ ᠴᠠᠳᠬᠤᠯᠠᠩ ᠬᠤᠨᠢᠳ ᠨᠢ ᠨᠤᠲᠤᠭ ᠦᠨ ᠵᠢᠡᠨ ᠦᠨᠢᠷ ᠪᠠᠶᠠᠨ ᠦᠩ ᠰᠢᠮᠡᠯᠢᠭ ᠢ ᠬᠠᠷᠠᠭᠤᠯᠳᠠᠭ᠃ᠶᠡᠷᠦ ᠨᠢ ᠬᠤᠨᠢᠨ ᠰᠦᠷᠦᠭ ᠦᠨ ᠬᠢᠨᠢ ᠶᠡᠬᠡ ᠪᠠᠭ᠎ᠠ ᠪᠡᠷ ᠮᠠᠯᠴᠢᠳ ᠦᠨ ᠪᠠᠶᠠᠨ ᠴᠢᠨᠡᠭᠡᠯᠢᠭ ᠢ ᠬᠡᠮᠵᠢᠨ ᠲᠦᠰᠦᠬᠡᠯᠡᠳᠡᠭ ᠪᠠᠢᠨ᠎ᠠ᠃ᠬᠤᠨᠢᠨ ᠰᠢᠬᠦᠰᠦ ᠨᠢ ᠴᠦ ᠮᠤᠩᠭᠤᠯᠴᠤᠳ ᠦᠨ ᠬᠤᠷᠢᠮ ᠨᠠᠢᠷ ᠦᠨ ᠲᠠᠩᠰᠤᠭ ᠢᠳᠡᠭᠡᠨ ᠶᠤᠮ ᠪᠢᠯᠡ᠃ᠦᠨᠢ ᠤᠳᠠᠭᠠᠨ ᠦ ᠲᠤᠷᠰᠢ ᠬᠠᠷ᠎ᠠ ᠴᠠᠭᠠᠨ ᠵᠤᠳ ᠲᠦ ᠬᠤᠨᠢ ᠮᠠᠯ ᠵᠢᠡᠨ ᠪᠦᠷ ᠠᠮᠤᠷ ᠮᠡᠨᠳᠦ ᠪᠠᠢᠯᠭᠠᠬᠤ ᠬᠡᠮᠡᠨ ᠪᠠᠶᠠᠰᠤᠩᠭᠤᠢ ᠮᠦᠷᠲᠡᠭᠡᠨ ᠠᠵᠢᠯᠴᠢ ᠮᠠᠯᠴᠢᠳ ᠬᠦᠴᠦ ᠤᠶᠤᠨ ᠵᠢᠡᠨ ᠰᠢᠪᠬᠠᠨ ᠪᠠᠢᠭᠠᠯᠢ ᠲᠠᠢ ᠲᠡᠮᠡᠴᠡᠯᠳᠦᠵᠦ ᠢᠷᠡᠭᠰᠡᠨ᠃ᠮᠤᠩᠭᠤᠯ ᠨᠤᠲᠤᠭ ᠲᠦ ᠬᠤᠨᠢ ᠪᠠ ᠮᠠᠯᠴᠢᠳ ᠦᠨ ᠲᠤᠬᠠᠢ ᠰᠡᠳᠬᠢᠯ ᠬᠦᠳᠡᠯᠬᠡᠮ᠎ᠠ ᠰᠠᠢᠬᠠᠨ ᠦᠯᠢᠬᠡᠷ ᠮᠠᠰᠢ ᠤᠯᠠᠨ ᠪᠠᠢᠳᠠᠭ᠃ᠡᠷᠲᠡ ᠵᠢᠨ ᠴᠠᠢ ᠡᠴᠡ ᠤᠷᠤᠢ ᠵᠢᠨ ᠬᠤᠭᠤᠯᠠ ᠬᠦᠷᠲᠡᠯ᠎ᠠ᠂ᠲᠡᠪᠡᠯ ᠬᠤᠪᠴᠠᠰᠦ ᠡᠴᠡ ᠬᠡᠷ ᠬᠦᠷᠳᠡᠯ᠎ᠠ ᠬᠤᠨᠢ ᠪᠦᠷ ᠤᠷᠤᠯᠴᠠᠵᠦ ᠪᠠᠢᠳᠠᠭ ᠪᠤᠯᠬᠤᠷ ᠬᠤᠨᠢ ᠮᠠᠯᠴᠢᠨ ᠬᠤᠶᠠᠷ ᠬᠠᠮᠳᠦ ᠤᠷᠤᠰᠢᠬᠤ ᠤᠨᠴᠠ ᠵᠢᠨ ᠬᠠᠷᠢᠴᠠᠭ᠎ᠠ ᠲᠠᠢ᠃

ᠨᠡᠭᠦᠳᠡᠯᠴᠢᠨ ᠮᠠᠯᠴᠢᠳ ᠬᠤᠨᠢ ᠪᠠᠨ ᠬᠠᠷᠢᠭᠤᠯᠵᠦ ᠬᠦᠳᠡᠯᠮᠦᠷᠢᠯᠡᠳᠡᠭ᠌ ᠵᠢᠡᠷ ᠦᠯᠦ ᠪᠠᠷᠠᠮ᠂ᠬᠠᠢᠷ᠎ᠠ ᠬᠠᠯᠠᠮᠵᠢ ᠪᠠᠨ ᠴᠦ ᠬᠤᠨᠢ ᠳᠦ ᠪᠠᠨ ᠦᠭᠳᠡᠭ᠃ᠬᠠᠯᠠᠭᠤᠨ ᠬᠤᠰᠢᠭᠤᠳᠦ ᠬᠤᠨᠢ ᠮᠤᠩᠭᠤᠯᠴᠤᠳ ᠦᠨ ᠰᠡᠳᠬᠢᠯ ᠳᠦ ᠦᠯᠵᠢ ᠲᠡᠮᠪᠡᠷᠡᠯ ᠦᠨ ᠪᠡᠯᠬᠡ ᠲᠡᠮᠳᠡᠭ ᠪᠤᠯᠳᠠᠭ᠃ᠮᠤᠩᠭᠤᠯᠴᠤᠳ ᠬᠤᠨᠢ ᠪᠡᠷ ᠬᠦᠮᠦᠨ ᠮᠦᠰᠦ ᠵᠢ ᠵᠦᠢᠷᠯᠡᠳᠡᠭ ᠪᠦᠬᠡᠳ ᠬᠤᠨᠢ ᠪᠡᠷ ᠶᠤᠭᠳᠠᠯᠠᠨ᠂ᠦᠯᠢᠬᠡᠷ ᠲᠤᠮᠤᠭ ᠶᠠᠷᠢᠵᠦ᠂ᠶᠤᠰᠤ ᠤᠴᠢᠷ ᠢ ᠦᠬᠦᠯᠡᠬᠦ ᠲᠤᠷᠠᠲᠠᠢ ᠪᠤᠯᠬᠤᠷ ᠬᠤᠨᠢ ᠲᠠᠢ ᠬᠠᠮᠢᠶᠠᠳᠠᠬᠤ ᠦᠯᠡᠮᠵᠢ ᠤᠯᠠᠨ ᠢᠷᠦᠬᠡᠯ ᠮᠠᠭᠳᠠᠭᠠᠯ᠂ᠵᠦᠢᠷ ᠰᠡᠴᠡᠨ ᠦᠬᠡ ᠪᠤᠢ᠃ ᠬᠤᠨᠢᠨ ᠦ ᠲᠠᠯᠦ ᠪᠡᠷ ᠲᠦᠯᠬᠡ ᠦᠵᠡᠬᠦ᠂ᠡᠪᠴᠢᠬᠦᠦ ᠵᠢ ᠨᠢ ᠲᠠᠬᠢᠯᠭ᠎ᠠ ᠲᠠᠢᠯᠭ᠎ᠠ ᠳᠦ ᠡᠷᠬᠦᠬᠦ ᠵᠡᠷᠬᠡ ᠵᠠᠩᠰᠢᠯ ᠲᠠᠢ᠃ᠱᠠᠭᠠᠢ ᠵᠢᠨ ᠲᠤᠭᠯᠠᠭᠠᠮ ᠨᠢ ᠵᠦᠪᠬᠡᠨ ᠬᠡᠥᠬᠡᠳ ᠨᠠᠰᠤᠨ ᠦ ᠵᠤᠭ᠎ᠠ ᠪᠠᠶᠠᠰᠤᠯ ᠲᠡᠳᠦᠢ ᠪᠢᠰᠢ᠂ᠨᠠᠰᠤᠲᠠᠢᠴᠤᠳ ᠲᠦ ᠴᠦ ᠰᠠᠢᠨ ᠰᠠᠢᠬᠠᠨ ᠤᠢ ᠲᠤᠷᠠᠰᠤᠮᠵᠢ ᠦᠯᠡᠳᠡᠭᠡᠳᠡᠭ᠃ᠱᠠᠭᠠᠢ ᠨᠠᠭᠠᠳᠤᠮ ᠦᠨ ᠤᠯᠠᠨ ᠠᠷᠪᠢᠨ ᠠᠷᠭ᠎ᠠ ᠮᠡᠷᠭᠡᠵᠢᠯ ᠳᠦ ᠮᠤᠩᠭᠤᠯᠴᠤᠳ ᠦᠨ ᠰᠤᠤ ᠤᠬᠠᠭᠠᠨ ᠰᠢᠩᠬᠡᠵᠦ ᠪᠤᠢ᠃

ᠮᠠᠯᠴᠢᠳ ᠬᠤᠨᠢ ᠪᠠᠨ ᠮᠦᠩᠬᠡ ᠲᠡᠭᠷᠢ ᠵᠢᠨ ᠬᠠᠢᠷᠠᠯᠠᠭᠰᠠᠨ ᠰᠤᠶᠤᠷᠬᠠᠯ ᠭᠡᠵᠦ ᠦᠵᠡᠳᠡᠭ᠃ᠢᠳᠡᠬᠡᠨ ᠦ ᠠᠮᠤᠷ  ᠲᠦᠪᠰᠢᠨ ᠤᠨᠴᠠ ᠠᠩᠬᠠᠷᠤᠭᠳᠠᠵᠦ ᠪᠠᠢᠭ᠎ᠠ ᠡᠳᠦᠬᠡ ᠴᠠᠭ ᠲᠦ ᠪᠠᠯᠴᠢᠬᠡᠷ ᠦᠨ ᠬᠤᠨᠢ ᠨᠢ ᠴᠡᠪᠡᠷ ᠪᠠᠢᠭᠠᠯᠢᠯᠢᠭ ᠴᠢᠨᠠᠷ ᠵᠢᠡᠷ ᠵᠢᠡᠨ ᠬᠦᠮᠦᠰ ᠲᠦ ᠠᠶᠤᠯᠬᠦᠢ ᠵᠢᠨ ᠨᠠᠢᠳᠠᠪᠤᠷᠢ ᠪᠠ ᠪᠠᠶᠠᠯᠢᠭ ᠰᠢᠮ᠎ᠠ ᠲᠡᠵᠢᠬᠡᠯ ᠦᠭᠴᠦ ᠪᠤᠢ᠃ᠵᠢᠱᠢᠶᠡᠯᠡᠪᠡᠯ ᠬᠤᠪᠢᠯᠭᠠᠨ ᠬᠦᠯᠬᠡ  ᠵᠢᠨ ᠰᠠᠨᠰᠠᠷᠴᠢᠳ ᠭᠠᠵᠠᠷᠳᠠᠭᠰᠠᠨ ᠦ ᠪᠠᠨ ᠲᠠᠷᠠᠭ᠎ᠠ ᠠᠪᠳᠠᠭ《ᠶᠡᠬᠡ ᠲᠡᠵᠢᠬᠡᠯ》ᠨᠢ ᠰᠦᠨᠢᠳ ᠦᠨ ᠬᠤᠨᠢᠨ ᠮᠢᠬ᠎ᠠ ᠪᠢᠯᠡ᠃ᠪᠦᠬᠦ ᠤᠯᠤᠰ ᠦᠨ ᠡᠯ᠎ᠠ ᠬᠤᠳᠠᠳ ᠳᠦ ᠪᠦᠷ ᠲᠠᠯ᠎ᠠ ᠨᠤᠲᠤᠭ ᠦᠨ ᠬᠤᠨᠢᠨ ᠮᠢᠬᠠᠨ ᠦ ᠲᠤᠰᠬᠠᠢ ᠫᠥᠰᠡ ᠲᠠᠢ᠃ᠬᠤᠨᠢᠨ ᠦ ᠨᠤᠤᠰᠤ ᠨᠤᠤᠯᠤᠷ ᠦᠨ ᠪᠦᠳᠦᠭᠡᠭᠳᠡᠭᠦᠨ ᠠᠯᠢ ᠬᠡᠵᠢᠶᠡᠨ ᠡᠴᠡ ᠬᠦᠮᠦᠰ ᠲᠦ ᠲᠠᠭᠠᠯᠠᠭᠳᠠᠭᠰᠠᠭᠠᠷ ᠢᠷᠡᠭᠰᠡᠨ ᠶᠤᠮ᠃ᠤᠭᠳᠤᠯᠭ᠎ᠠ

ᠦᠩᠬᠡ ᠢᠯᠭᠠᠷᠠᠭᠰᠠᠨ ᠰᠦᠷᠦᠭ

《ᠰᠢᠯᠢ ᠵᠢᠨ ᠭᠤᠤᠯ ᠦᠨ ᠲᠡᠷᠢᠬᠦᠨ ᠬᠤᠨᠢ》

ᠬᠠᠢᠢᠷ᠎ᠠ ᠬᠠᠯᠠᠮᠵᠢ

ᠰᠦᠷ ᠵᠢᠪᠬᠤᠭ᠎ᠠ

ᠲᠦᠯ ᠳᠦ ᠪᠠᠨ ᠡᠬᠡᠯᠢᠲᠠᠢᠵᠤᠬᠢᠶᠠᠭᠴᠢ᠄ ᠲᠡᠮᠦᠷᠪᠡᠭᠠᠨ᠎ᠠ᠂ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 522
ᠴᠠᠭ᠄ 2015 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁