ᠵᠠᠷᠤᠳ ᠦᠨ ᠨᠡᠭᠦᠳᠡᠯ ᠮᠠᠯᠵᠢᠯ

ᠵᠠᠷᠤᠳ ᠬᠤᠰᠢᠭᠤ ᠬᠤᠷᠴᠢᠨ ᠦ ᠲᠠᠯ᠎ᠠ ᠨᠤᠲᠤᠭ ᠦᠨ ᠪᠠᠷᠠᠭᠤᠨ ᠬᠤᠢᠢᠳᠦ ᠬᠡᠰᠡᠭ ᠲᠦ ᠪᠤᠢ᠃1.75ᠲᠦᠮᠡᠨ ᠬᠠᠪᠲᠠᠭᠠᠢ ᠲᠦᠷᠪᠡᠯᠵᠢᠨ ᠺᠢᠯᠤᠮᠧᠲ᠋ᠧᠷ ᠲᠠᠯᠠᠪᠠᠢ ᠲᠠᠢ᠂ᠪᠦᠬᠦ ᠬᠦᠮᠦᠨ ᠠᠮᠠ ᠨᠢ31.5ᠲᠦᠮᠡ ᠪᠠᠢᠢᠳᠠᠭ ᠦᠨ ᠲᠤᠳᠤᠷ᠎ᠠ15.35ᠲᠦᠮᠡ ᠨᠢ ᠮᠤᠩᠭ᠋ᠤᠯᠴᠤᠳ ᠪᠠᠢᠢᠵᠦ᠂49.5%ᠵᠢ ᠨᠢ ᠡᠵᠡᠯᠡᠳᠡᠭ᠃ᠭᠠᠵᠠᠷ ᠦᠨ ᠪᠠᠢᠢᠴᠠ ᠨᠢ ᠪᠠᠷᠠᠭᠤᠨ ᠬᠤᠢᠢᠰᠢ ᠪᠠᠨ ᠦᠨᠳᠦᠷ᠂ᠵᠡᠭᠦᠨ ᠡᠮᠦᠨᠡᠰᠢ ᠪᠠᠨ ᠨᠠᠮ ᠪᠠᠢᠢᠵᠦ᠂ᠠᠭᠤᠯᠠᠨ ᠤᠷᠤᠨ ᠦ ᠲᠠᠯ᠎ᠠ ᠨᠤᠲᠤᠭ᠂ᠨᠠᠮᠠᠭᠠᠨ ᠠᠭᠤᠯᠠ ᠲᠤᠪᠤᠴᠠᠭ ᠦᠷᠭᠦᠯᠵᠢᠯᠡᠳᠡᠭ᠃ᠠᠮᠢ ᠠᠬᠤᠢ ᠵᠢᠨ ᠤᠷᠴᠢᠨ ᠲᠤᠭᠤᠷᠢᠨ ᠰᠠᠢᠢᠲᠠᠢ᠂ᠨᠡᠭᠦᠳᠡᠯ ᠮᠠᠯᠵᠢᠯ ᠳᠦ ᠮᠠᠰᠢ ᠲᠤᠬᠢᠷᠠᠮᠵᠢᠲᠠᠢ ᠪᠡᠯᠴᠢᠬᠡᠷ ᠤᠰᠤ ᠲᠠᠢ᠃1700ᠲᠦᠮᠡᠨ ᠮᠦ ᠰᠠᠢᠢᠨ ᠪᠡᠯᠴᠢᠬᠡᠷ ᠲᠠᠢ ᠪᠦᠬᠡᠳ ᠠᠵᠦ ᠠᠬᠤᠢ ᠵᠢᠨ ᠲᠦᠷᠦᠯ ᠵᠦᠢᠯ ᠵᠢᠡᠷ ᠵᠢᠠᠨ ᠮᠠᠯᠵᠢᠬᠤ ᠤᠷᠤᠨ᠂ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ᠂ᠲᠠᠷᠢᠶᠠᠯᠠᠬᠤ ᠤᠷᠤᠨ  ᠭᠡᠵᠦ ᠬᠤᠪᠢᠶᠠᠳᠠᠭ᠃ᠬᠤᠢᠢᠳᠦ ᠪᠡᠶ᠎ᠠ ᠵᠢᠨ ᠬᠡᠳᠦᠨ ᠰᠤᠮᠤ ᠪᠠᠯᠭᠠᠰᠦ ᠨᠢ ᠭᠠᠴᠠᠭ᠎ᠠ ᠪᠡᠷ ᠨᠢᠭᠡᠴᠢ ᠪᠤᠯᠭᠠᠵᠦ ᠨᠡᠭᠦᠳᠡᠯᠯᠡᠨ ᠮᠠᠯᠵᠢᠭᠰᠠᠭᠠᠷ ᠪᠤᠢ᠃

ᠵᠠᠷᠤᠳ ᠪᠤᠯ ᠡᠷᠲᠡᠨ ᠦ ᠮᠤᠩᠭ᠋ᠤᠯ ᠠᠢᠢᠮᠠᠭ ᠦᠨ ᠨᠢᠭᠡᠨ᠃ᠦᠨᠢ ᠤᠳᠠᠭᠠᠨ ᠤᠯᠠᠮᠵᠢᠯᠠᠯᠲᠦ ᠨᠡᠭᠦᠳᠡᠯ ᠮᠠᠯᠵᠢᠯ ᠦᠨ ᠠᠮᠢᠳᠤᠷᠠᠯ ᠳᠦ ᠪᠠᠨ ᠪᠡᠯᠴᠢᠬᠡᠷ ᠤᠰᠤ ᠪᠠᠨ ᠠᠰᠢᠭᠯᠠᠵᠦ ᠬᠠᠮᠠᠭᠠᠯᠠᠬᠤ ᠲᠠᠯ᠎ᠠ ᠪᠡᠷ ᠨᠢᠭᠡᠨ ᠲᠦᠬᠦᠷ ᠰᠢᠨᠵᠢᠯᠡᠬᠦ ᠤᠬᠠᠭᠠᠨᠴᠢ ᠠᠷᠭ᠎ᠠ ᠬᠡᠯᠪᠡᠷᠢ ᠵᠢ ᠡᠵᠡᠮᠰᠢᠭᠰᠠᠨ ᠪᠠᠢᠢᠵᠠᠢ᠃ᠪᠡᠯᠴᠢᠬᠡᠷ ᠨᠢ ᠭᠤᠤᠯ ᠦᠨ ᠤᠰᠤᠰᠬᠠᠯ ᠲᠠᠭᠠᠥ᠂ᠨᠠᠭᠤᠷ ᠦᠨ ᠡᠷᠬᠢᠨ ᠲᠤᠭᠤᠷᠢᠨ ᠳᠦ ᠪᠠᠢᠢᠳᠠᠭ ᠪᠦᠬᠡᠳ  ᠪᠠᠯᠴᠢᠬᠡᠷᠯᠡᠬᠦᠯᠬᠦ ᠮᠠᠯ ᠦᠨ ᠲᠦᠷᠦᠯ ᠪᠠ ᠲᠤᠭ᠎ᠠ ᠵᠢ ᠴᠠᠭ ᠤᠯᠠᠷᠢᠯ ᠦᠨ ᠠᠶ᠎ᠠ ᠪᠡᠷ ᠵᠤᠬᠢᠴᠠᠭᠤᠯᠳᠠᠭ᠃ᠵᠢᠯ ᠦᠨ ᠲᠦᠷᠪᠡᠨ ᠤᠯᠠᠷᠢᠯ ᠳᠦ ᠮᠠᠯ ᠳᠦ ᠪᠠᠨ ᠲᠤᠬᠢᠷᠠᠮᠵᠢᠲᠠᠢ ᠪᠠᠢᠢᠭᠠᠯᠢ ᠵᠢᠨ ᠪᠡᠯᠴᠢᠬᠡᠷ ᠢ ᠰᠤᠩᠭ᠋ᠤᠳᠠᠭ ᠪᠦᠬᠡᠳ ᠡᠪᠡᠰᠦ ᠪᠡᠯᠴᠢᠬᠡᠷ ᠢ ᠦᠷ᠎ᠠ ᠪᠦᠳᠦᠮᠵᠢᠲᠡᠢ ᠠᠰᠢᠭᠯᠠᠳᠠᠭ᠃ᠪᠡᠯᠴᠢᠬᠡᠷ ᠦᠨ ᠲᠠᠭᠠᠭᠠᠴᠠ ᠡᠴᠡ ᠲᠠᠪᠠᠭᠤᠯᠬᠤ ᠦᠭᠡᠢ ᠵᠢᠨ ᠲᠦᠯᠦᠬᠡ ᠲᠡᠷᠡ ᠡᠪᠦᠯ ᠦᠨ ᠬᠠᠬᠢᠷ ᠬᠦᠢᠢᠳᠡᠨ᠂ᠬᠠᠪᠤᠷ ᠦᠨ ᠬᠠᠷ᠎ᠠ ᠰᠠᠯᠬᠢᠨ᠂ᠵᠤᠨ ᠦ ᠰᠢᠳᠠᠮ᠎ᠠ ᠬᠠᠯᠠᠭᠤᠨ ᠳᠦ ᠤᠰᠤ ᠪᠡᠯᠴᠢᠬᠡᠷ ᠦᠨ ᠵᠢᠡᠨ ᠠᠶ᠎ᠠ ᠵᠢ ᠲᠠᠭᠠᠨ ᠨᠡᠭᠦᠳᠡᠯᠯᠡᠨ᠎ᠠ᠃

ᠤᠯᠠᠮᠵᠢᠯᠠᠯᠲᠦ ᠨᠡᠭᠦᠳᠡᠯ ᠮᠠᠯᠵᠢᠯ ᠳᠦ ᠪᠠᠨ ᠵᠠᠷᠤᠳᠴᠤᠳ ᠵᠢᠯ  ᠪᠦᠷᠢ ᠵᠢᠨ ᠬᠠᠪᠤᠷ ᠡᠴᠡ ᠤᠳᠤᠷ ᠲᠦ ᠶᠠᠪᠤᠳᠠᠭ—ᠤᠳᠤᠷ ᠵᠢᠡᠨ ᠬᠤᠯᠠ ᠤᠢᠢᠷ᠎ᠠ ᠬᠡᠮᠡᠨ ᠬᠤᠶᠠᠷ ᠬᠤᠪᠢᠶᠠᠳᠠᠭ᠃ᠡᠢᠢᠮᠦᠷᠬᠦᠦ ᠤᠳᠤᠷ ᠨᠡᠭᠦᠳᠡᠯ ᠨᠢ ᠴᠠᠭ ᠠᠭᠠᠷ᠂ᠤᠷᠭᠤᠮᠠᠯ ᠦᠨ ᠪᠦᠷᠭᠦᠴᠠ ᠵᠢᠨ ᠢᠯᠭᠠᠭᠠ᠎ᠠ ᠨᠡᠯᠢᠶᠡᠳ ᠶᠡᠬᠡ ᠭᠠᠵᠠᠷ ᠲᠦ ᠵᠢᠯ ᠳᠦ ᠲᠦᠷᠪᠡᠨᠳᠡ ᠶᠠᠪᠤᠭᠳᠠᠳᠠᠭ ᠴᠦ ᠤᠴᠢᠷ ᠪᠤᠢ᠃ᠭᠠᠵᠠᠷ ᠦᠨ ᠪᠠᠢᠢᠴᠠ ᠲᠡᠭᠰᠢᠬᠡᠨ᠂ᠴᠠᠭ ᠠᠭᠠᠷ᠂ᠤᠷᠭᠤᠮᠠᠯ ᠦᠨ ᠪᠦᠷᠭᠦᠴᠡ ᠵᠢᠨ ᠢᠯᠭᠠᠭᠠ᠎ᠠ ᠲᠡᠳᠦᠢ ᠶᠡᠬᠡ ᠪᠤᠰᠤ ᠭᠠᠵᠠᠷ ᠲᠦ ᠡᠪᠤᠯ ᠬᠠᠪᠤᠷ᠂ᠵᠤᠨ ᠨᠠᠮᠤᠷ ᠭᠡᠮᠡᠨ ᠬᠤᠪᠢᠶᠠᠵᠦ ᠵᠢᠯ ᠳᠦ ᠬᠤᠶᠠᠷ ᠤᠳᠠᠭ᠎ᠠ ᠨᠡᠭᠦᠳᠡᠯᠯᠡᠳᠡᠭ᠃

ᠴᠠᠭ ᠦᠶ᠎ᠠ ᠵᠢᠨ ᠬᠦᠭᠵᠢᠯᠲᠡ ᠵᠢᠨ ᠲᠠᠭᠠᠥ᠂ᠤᠳᠤ ᠵᠠᠷᠤᠳᠴᠤᠳ ᠦᠨ ᠨᠡᠭᠦᠳᠡᠯ ᠮᠠᠯᠵᠢᠯ ᠠᠮᠢᠳᠤᠷᠠᠯ ᠬᠤᠳᠠ ᠵᠢᠨ ᠪᠠᠢᠢᠭᠤᠯᠤᠯᠲᠠ ᠵᠢᠨ ᠠᠯᠬᠤᠮ ᠲᠦᠷᠭᠡᠳᠬᠦ ᠪᠠ ᠠᠭᠤᠷᠬᠠᠢ ᠵᠢᠨ ᠪᠠᠶᠠᠯᠢᠭ ᠢ ᠨᠡᠭᠡᠭᠡᠨ ᠠᠰᠢᠭᠯᠠᠬᠤ ᠵᠡᠷᠭᠡ ᠳᠦ ᠰᠢᠯᠲᠠᠭᠠᠯᠠᠭᠳᠠᠨ ᠶᠡᠬᠡ ᠪᠡᠷ ᠬᠤᠪᠢᠷᠠᠭᠰᠠᠨ ᠪᠠᠢᠢᠨ᠎ᠠ᠃ᠲᠠᠯ᠎ᠠ ᠨᠤᠲᠤᠭ ᠨᠢ ᠤᠯᠠᠮ ᠵᠢᠡᠷ ᠪᠠᠭᠠᠰᠤᠭᠰᠠᠨ ᠡᠴᠡ ᠨᠡᠭᠦᠳᠡᠯᠯᠡᠵᠦ ᠤᠳᠤᠷᠯᠠᠬᠤ ᠬᠦᠮᠦᠰ ᠴᠦ ᠠᠶᠠᠨᠳᠠᠭᠠᠨ ᠴᠦᠬᠡᠷᠡᠪᠡ᠃20ᠵᠢᠯ ᠦᠨ ᠡᠮᠦᠨ᠎ᠠ᠂ᠡᠪᠦᠯᠵᠢᠶ᠎ᠠ ᠡᠴᠡ ᠪᠠᠨ 120ᠭᠠᠷᠤᠢ ᠺᠢᠯᠤᠮᠧᠲ᠋ᠧᠷ ᠵᠠᠢᠢᠲᠠᠢ ᠬᠤᠤᠯᠢᠨ ᠭᠤᠤᠯ ᠦᠨ ᠵᠤᠰᠠᠯᠠᠩ ᠪᠠ  ᠲᠡᠭᠡ ᠵᠢᠨ ᠬᠠᠨ ᠦ ᠬᠤᠷᠮᠤᠢ ᠵᠢᠨ ᠪᠡᠯᠴᠢᠬᠡᠷ ᠡᠴᠡ ᠤᠳᠤᠷ ᠲᠦ ᠶᠠᠪᠤᠬᠤ ᠳᠦ ᠬᠠᠰᠠᠭ ᠲᠡᠷᠭᠡ᠂ᠲᠦᠷᠪᠡᠨ ᠲᠤᠭᠤᠢᠢᠲᠦ ᠲᠷᠠᠺᠲ᠋ᠤᠷ ᠵᠢᠡᠷ ᠵᠠᠮᠨᠠᠳᠠᠭ ᠪᠦᠬᠡᠳ5ᠡᠴᠡ7ᠬᠤᠨᠤᠵᠦ ᠰᠠᠶᠢ ᠬᠦᠷᠳᠡᠭ᠂ᠬᠡᠳᠡᠯᠡ ᠤᠳᠤ ᠮᠠᠰᠢᠨ ᠲᠡᠷᠭᠡ᠂ᠠᠴᠢᠶᠠᠨ ᠦ ᠮᠠᠰᠢᠨ ᠵᠢᠡᠷ ᠶᠠᠪᠤᠪᠠᠯ᠂ᠬᠡᠰᠡᠭ ᠬᠦᠮᠦᠰ ᠪᠠ ᠶᠠᠳᠠᠷ ᠲᠤᠷᠤᠢ ᠮᠠᠯ ᠤᠨᠤᠭ᠎ᠠ ᠨᠢ ᠡᠳᠦᠷ ᠲᠦ ᠪᠠᠨ ᠬᠦᠷᠳᠡᠭ ᠪᠤᠯᠤᠭᠰᠠᠨ ᠪᠠᠢᠢᠨ᠎ᠠ᠃

ᠤᠳᠤᠬᠠᠨ ᠳᠦ᠂ᠵᠠᠷᠤᠳ ᠬᠤᠰᠢᠭᠤᠨ ᠦ ᠬᠡᠷᠴᠢᠯᠠᠭᠤ ᠰᠤᠮᠤ ᠵᠢᠨ ᠨᠤᠤᠳᠠᠮ᠂ᠴᠠᠭᠠᠨᠤᠪᠤᠭ᠎ᠠ᠂ᠬᠠᠷᠠᠵᠠ᠂ᠪᠤᠷᠤᠬᠤᠰᠢᠭᠤ᠂ᠬᠤᠷᠠᠭ᠎ᠠ ᠵᠡᠷᠭᠡ ᠠᠷᠪᠠᠭᠠᠳ ᠭᠠᠴᠠᠭ᠎ᠠ ᠪᠠ ᠪᠠᠶᠠᠷᠳᠤᠬᠤᠰᠢᠭᠤ ᠪᠠᠯᠭᠠᠰᠦ᠂ᠠᠷᠦ ᠬᠦᠨᠳᠡᠯᠡᠨ ᠪᠠᠯᠭᠠᠰᠦ ᠵᠢᠨ ᠵᠠᠷᠢᠮ ᠭᠠᠴᠠᠭ᠎ᠠ ᠵᠢᠨ ᠮᠠᠯᠴᠢᠳ ᠮᠦᠨ ᠨᠡᠭᠦᠳᠡᠯᠯᠡᠨ ᠮᠠᠯᠵᠢᠭᠰᠠᠭᠠᠷ ᠪᠤᠢ᠃


ᠨᠡᠭᠦᠳᠡᠯ

ᠵᠤᠰᠠᠯᠠᠩ

ᠮᠠᠰᠢᠨ ᠲᠡᠷᠭᠡ ᠬᠠᠰᠠᠭ ᠲᠡᠷᠭᠡ ᠵᠢ ᠤᠷᠤᠯᠠᠵᠠᠢ

ᠬᠤᠰᠢᠭᠤᠨ ᠦ ᠦᠨᠳᠦᠰᠦᠲᠡᠨ ᠱᠠᠰᠢᠨ ᠰᠤᠷᠲᠠᠬᠤᠨ ᠦ ᠲᠤᠪᠴᠢᠶ᠎ᠠ ᠵᠢᠨ ᠬᠢᠨ ᠮᠠᠯᠴᠢᠳ ᠲᠦ ᠲᠦᠷᠦ ᠵᠢᠨ ᠪᠤᠳᠤᠯᠭ᠎ᠠ ᠲᠠᠢᠢᠯᠠᠪᠤᠷᠢᠯᠠᠵᠦ ᠪᠠᠢᠢᠭ᠎ᠠ ᠨᠢ

ᠴᠠᠭᠠᠨ ᠢᠳᠡᠭᠡ ᠠᠪᠴᠦ ᠶᠠᠪᠤᠬᠤ ᠳᠦ ᠬᠢᠯᠪᠠᠷᠬᠠᠨ ᠪᠦᠬᠡᠳ ᠤᠳᠠᠭᠠᠨ ᠬᠠᠳᠠᠭᠠᠯᠠᠵᠦ ᠪᠤᠯᠳᠠᠭ

ᠤᠪᠤᠭ᠎ᠠ ᠲᠠᠬᠢᠬᠤ ᠪᠤᠯ ᠮᠠᠯᠴᠢᠳ ᠦᠨ ᠨᠡᠭᠦᠳᠡᠯ ᠮᠠᠯᠵᠢᠯ ᠦᠨ ᠴᠢᠬᠤᠯᠠ ᠨᠢᠬᠡ ᠠᠭᠤᠯᠭ᠎ᠠ

ᠮᠤᠷᠢᠨ ᠲᠡᠭᠡᠷᠡᠬᠢ ᠦᠯᠦᠭᠡᠢ

ᠲᠡᠷᠯᠢᠭ᠌ ᠵᠢᠡᠷ ᠵᠢᠡᠨ ᠭᠤᠶᠤᠯᠠᠭᠰᠠᠨ ᠮᠠᠯᠴᠢᠳ


ᠵᠤᠬᠢᠶᠠᠭᠴᠢ᠄ ᠪᠤᠶᠠᠨᠮᠤᠢᠩᠬᠡ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 396
ᠴᠠᠭ᠄ 2015 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁