ᠭᠧᠯᠤᠤ ᠵᠢᠨ ᠡᠷᠲᠡᠨ ᠦ ᠲᠤᠰᠬᠤᠨ ᠯᠦᠩᠲ᠋ᠠᠨ

ᠦᠴᠤᠸᠠᠨ ᠦ ᠭᠸᠯᠤᠤ ᠦᠨᠳᠦᠰᠦᠲᠡᠨ ᠮᠢᠶᠤᠤ ᠦᠨᠳᠦᠰᠦᠲᠡᠨ ᠦ ᠦᠪᠡᠷᠲᠡᠭᠡᠨ ᠵᠠᠰᠠᠬᠤ ᠰᠢᠶᠠᠨ ᠦ ᠳᠠᠫᠢᠩ ᠪᠠᠯᠭᠠᠰᠤᠨ ᠦ ᠯᠦᠩᠲ᠋ᠠᠨ ᠦ ᠭᠸᠯᠤᠤ ᠦᠨᠳᠦᠰᠦᠲᠡᠨ ᠦ ᠰᠤᠶᠤᠯ ᠦᠨ ᠲᠤᠰᠬᠤᠨ ᠪᠤᠯ ᠱᠸᠨ ᠤᠪᠤᠭ᠌ᠳᠦ ᠮᠦᠯᠦᠦᠴᠤᠳ ᠦᠨ ᠦᠶ᠎ᠠ ᠤᠯᠠᠷᠢᠨ ᠠᠵᠦ ᠲᠦᠷᠦᠭᠰᠡᠨ ᠭᠠᠵᠠᠷ ᠪᠦᠬᠡᠳ ᠪᠦᠬᠦ ᠤᠯᠤᠰ ᠲᠦ ᠮᠦᠯᠦᠦ ᠰᠤᠶᠤᠯ ᠦᠨ ᠬᠠᠮᠠᠭᠠᠯᠠᠯᠲᠠ ᠨᠡᠯᠢᠶᠡᠳ ᠰᠠᠢᠨ ᠲᠤᠰᠬᠤᠨ ᠪᠢᠯᠡ᠃ ᠯᠦᠩᠲ᠋ᠠᠨ ᠢ ᠲᠡᠭᠡᠷ᠎ᠠ ᠦᠶ᠎ᠠ ᠳᠦ ᠨᠡᠭᠦᠷᠡᠰᠤᠨ ᠴᠤᠭ᠌ᠳᠦ ᠾᠦᠸᠸ ᠲᠠᠨ ᠶᠠ ᠭᠡᠳᠡᠭ ᠪᠠᠢᠵᠠᠢ᠃ᠠᠯᠢ ᠡᠷᠲᠡ ᠴᠢᠨ ᠤᠯᠤᠰ ᠬᠠᠨ ᠤᠯᠤᠰ ᠦᠨ ᠦᠶ᠎ᠠ ᠡᠴᠡ ᠡᠨᠳᠡ ᠬᠦᠮᠦᠨ ᠵᠤᠨ ᠰᠠᠭᠤᠷᠢᠰᠢᠨ ᠠᠮᠢᠳᠤᠷᠠᠵᠦ ᠰᠢᠩᠬᠤ ᠮᠠᠯᠲᠠᠵᠦ᠂ᠭᠸᠯᠤᠤᠴᠤᠳ ᠦᠨ ᠦᠪᠡᠷᠮᠢᠴᠠ ᠰᠠᠢᠬᠠᠨ ᠰᠢᠩᠬᠤ ᠵᠢᠨ ᠰᠤᠶᠤᠯ ᠢ ᠪᠦᠳᠦᠭᠡᠭᠰᠡᠨ ᠪᠤᠯᠬᠤᠷ ᠯᠦᠩᠲ᠋ᠠᠨ ᠨᠢ ᠲᠤᠮᠳᠠᠳᠦ ᠤᠯᠤᠰ ᠦᠨ ᠰᠢᠩᠬᠤ ᠵᠢᠨ ᠰᠤᠶᠤᠯ ᠦᠨ ᠲᠦᠪ ᠪᠤᠯᠤᠭᠰᠠᠨ ᠠᠵᠠᠢ᠃ ᠯᠦᠩᠲ᠋ᠠᠨ ᠦ ᠤᠨᠴᠠᠯᠢᠭ᠌ᠲᠦ ᠲᠤᠰᠬᠤᠨ ᠦ ᠪᠠᠷᠢᠯᠭ᠎ᠠ ᠨᠢ ᠲᠡᠥᠬᠡ ᠵᠢᠨ ᠪᠠᠭᠤᠷᠢ ᠰᠠᠭᠤᠷᠢ ᠪᠠ ᠪᠠᠢᠭᠠᠯᠢ ᠵᠢᠨ ᠠᠭᠤᠯᠠ ᠤᠰᠤᠨ ᠦ ᠦᠵᠡᠮᠵᠢ ᠵᠢ ᠠᠭᠤᠰᠬᠠᠨ ᠨᠢᠭᠡᠳᠳᠭᠡᠭᠰᠡ ᠵᠢᠡᠷ ᠵᠢᠡᠨ ᠪᠠᠢᠷᠢᠯᠠᠭᠤᠯᠤᠯ᠂ᠬᠡᠪ ᠨᠠᠮᠪᠠ ᠨᠢ ᠦᠪᠡᠷᠮᠢᠴᠠ᠃ᠰᠠᠭᠤᠭᠠᠯᠢ ᠠᠷᠠᠳ ᠦᠨ ᠤᠷᠤᠨ ᠰᠠᠭᠤᠴᠠ ᠵᠢᠨ ᠬᠢᠨᠢ ᠵᠤᠩᠭᠢᠯᠠᠬᠤ ᠨᠢ ᠤᠯᠠᠮᠵᠢᠯᠠᠯᠲᠦ ᠮᠤᠳᠤᠨ ᠪᠦᠳᠦᠴᠡᠳᠦ ᠪᠠᠷᠢᠯᠭ᠎ᠠ ᠪᠠᠢᠵᠦ᠂ᠴᠠᠢᠵᠠ ᠵᠢᠨ ᠬᠡᠷᠡᠮ ᠪᠠ ᠬᠦᠷᠢᠶ᠎ᠠ ᠬᠠᠰᠢᠶᠠᠨ ᠦ ᠬᠡᠷᠡᠮ ᠵᠢᠡᠨ ᠪᠦᠷ ᠴᠢᠯᠠᠭᠤ ᠪᠡᠷ ᠵᠡᠷᠬᠡᠯᠡᠵᠦ᠂ᠶᠡᠬᠡ ᠪᠠᠭ᠎ᠠ ᠭᠤᠤᠯ ᠡᠭᠦᠳᠡ᠂ᠴᠤᠭᠤᠯᠪᠤᠷᠢᠳᠦ ᠰᠡᠢᠯᠦᠮᠡᠯ᠂ᠸᠠᠭᠠᠷ ᠦᠨ ᠲᠡᠭᠡᠪᠦᠷ ᠵᠡᠷᠬᠡ ᠪᠡᠷ ᠵᠢᠡᠨ ᠭᠤᠤᠯ ᠤᠨᠴᠠᠯᠢᠭᠳᠠᠵᠦ᠂ᠭᠸᠯᠤᠤᠴᠤᠳ ᠦᠨ ᠤᠯᠠᠮᠵᠢᠯᠠᠯᠲᠦ ᠰᠤᠶᠤᠯ ᠢ ᠲᠡᠭᠦᠯᠳᠡᠷ ᠰᠠᠢᠬᠠᠨ ᠬᠠᠷᠠᠭᠤᠯᠵᠠᠢ᠃ᠠᠢᠯ ᠦᠨ ᠬᠦᠷᠢᠶ᠎ᠠ ᠬᠠᠰᠢᠶ᠎ᠠ ᠵᠢᠨ ᠤᠯᠠᠩᠬᠢ ᠨᠢ ᠴᠢᠯᠠᠭᠤᠨ ᠬᠡᠷᠡᠮ᠂ᠡᠭᠦᠳᠡ᠂ᠬᠡᠷ ᠪᠠᠢᠰᠢᠩ ᠡᠴᠡ ᠪᠦᠷᠢᠯᠳᠦᠵᠦ᠂ᠵᠤᠬᠢᠶᠠᠮᠵᠢ ᠪᠠᠢᠷᠢᠯᠠᠭᠤᠯᠤᠯ ᠨᠢ ᠶᠡᠬᠡ ᠵᠦᠢᠲᠡᠢ ᠰᠠᠢᠬᠠᠨ᠃ᠡᠭᠦᠳᠡ ᠴᠤᠩᠬᠤᠨ ᠳᠦ ᠯᠤᠤ᠂ᠭᠠᠷᠤᠳᠢ᠂ᠪᠤᠳᠢ ᠬᠦᠷᠦᠬᠡᠳᠦ ᠵᠢᠨ ᠬᠡ ᠤᠭᠠᠯᠵᠠ ᠰᠡᠢᠯᠦᠭᠰᠡᠨ ᠨᠢ ᠤᠷᠤᠨ ᠨᠤᠲᠤᠭ ᠦᠨ ᠤᠨᠴᠠᠯᠢᠭ ᠢᠯᠡᠬᠡᠨ ᠪᠦᠬᠡᠳ《ᠱᠠᠭᠠᠢᠭᠤᠷ》 ᠭᠠᠷᠭᠠᠭᠰᠠᠨ ᠨᠢ ᠴᠢᠮᠡᠭᠯᠡᠯ ᠪᠡ ᠬᠡᠷᠡᠭᠯᠡᠬᠡᠨ ᠦ ᠦᠢᠯᠡᠳᠦᠯ ᠲᠠᠢ ᠪᠠᠢᠵᠦ᠂ᠭᠸᠯᠤᠤᠴᠤᠳ ᠦᠨ ᠪᠦᠳᠦᠬᠡᠯᠴᠢ ᠬᠡᠳᠡᠭ ᠢ ᠬᠡᠷᠡᠴᠢᠯᠡᠵᠡᠢ᠃

ᠯᠦᠩᠲ᠋ᠠᠨ ᠦ ᠠᠷᠠᠳ ᠦᠨ ᠰᠤᠶᠤᠯ ᠶᠡᠬᠡ ᠪᠠᠶᠠᠯᠢᠭ᠂ᠭᠤᠤᠯᠳᠠᠭᠤ ᠬᠦᠷᠢᠮ ᠰᠢ᠂ᠬᠦᠢᠵᠸᠥ ᠵᠢᠨ ᠠᠷᠠᠳ ᠦᠨ ᠼᠢᠷᠺ ᠠᠷᠰᠯᠠᠨ ᠪᠦᠵᠢᠭ᠂ᠦᠯᠢᠶᠡᠬᠦ ᠲᠡᠯᠡᠳᠬᠦ ᠬᠦᠭᠵᠢᠮ᠂ᠤᠯᠠᠮᠵᠢᠯᠠᠯᠲᠦ ᠢᠳᠡᠬᠡ ᠤᠮᠳᠠᠭ᠎ᠠ᠂ᠬᠤᠷᠢᠮ ᠦᠨ ᠶᠤᠰᠤᠯᠠᠯ ᠵᠡᠷᠬᠡ ᠪᠤᠢ᠃ ᠵᠢᠯ ᠪᠦᠷᠢ ᠵᠢᠨ ᠬᠠᠩᠰᠢᠨ ᠳᠦ ᠲᠡᠭᠡᠳᠦ ᠲᠡᠭᠷᠢ᠂ᠡᠪᠦᠬᠡ ᠲᠡᠭᠡᠳᠦᠰ ᠵᠢᠡᠨ ᠲᠠᠬᠢᠳᠠᠭ ᠪᠤᠯᠬᠤᠷ ᠪᠦᠬᠦ ᠤᠯᠤᠰ ᠦᠨ ᠡᠯ᠎ᠠ ᠭᠠᠵᠠᠷ ᠦᠨ ᠭᠸᠯᠤᠤᠴᠤᠳ ᠡᠨᠳᠡ ᠬᠤᠷᠠᠯᠳᠤᠨ ᠴᠤᠭᠭᠯᠠᠷᠠᠵᠦ᠂ᠤᠷᠳᠦ ᠪᠦᠷᠢᠶ᠎ᠠ ᠪᠠᠨ ᠦᠯᠢᠶᠡᠨ᠂ᠬᠦᠭᠵᠢᠯᠲᠡᠢ ᠪᠦᠵᠢᠭ ᠵᠢᠡᠨ ᠲᠤᠭᠯᠠᠵᠦ᠂ᠡᠪᠦᠬᠡ ᠲᠡᠭᠡᠳᠦᠰ ᠵᠢᠡᠨ ᠬᠦᠨᠳᠦᠳᠭᠡᠨ ᠲᠠᠬᠢᠵᠦ᠂ᠲᠡᠭᠡᠳᠦ ᠲᠡᠭᠷᠢ ᠵᠢᠨ ᠦᠷᠦᠰᠢᠶᠡᠯ ᠡᠨᠡᠷᠢᠯ ᠳᠦ ᠲᠠᠯᠠᠷᠬᠠᠨ᠂ᠡᠪᠦᠬᠡ ᠲᠡᠭᠡᠳᠦᠰ ᠦᠨ ᠵᠢᠡᠨ ᠠᠯᠳᠠᠷ ᠭᠠᠪᠢᠶ᠎ᠠ ᠵᠢ ᠲᠤᠷᠠᠰᠤᠨ ᠰᠠᠨᠠᠭᠠᠯᠵᠠᠨ᠎ᠠ᠃ᠦᠨᠳᠦᠰᠦ ᠪᠠᠢᠪᠠᠯ ᠮᠤᠳᠤ ᠬᠡᠵᠢᠶᠡᠳᠡ ᠨᠤᠭᠤᠭᠠᠨ ᠬᠡᠳᠡᠭ ᠢ ᠢᠳᠡᠭᠡᠳᠡᠭ ᠭᠸᠯᠤᠤᠴᠤᠳ ᠦᠨ ᠬᠤᠪᠢ ᠳᠦ ᠯᠦᠩᠲ᠋ᠠᠨ ᠪᠤᠯ ᠬᠤᠷᠠᠨ ᠴᠤᠭᠯᠠᠷᠠᠬᠤ ᠪᠠᠳᠦ ᠦᠨᠳᠦᠰᠦ ᠨᠢ ᠶᠤᠮ᠃

2010 ᠤᠨ ᠦ 12 ᠰᠠᠷ᠎ᠠ ᠵᠢᠨ 13 ᠦ ᠡᠳᠦᠷ᠂ᠤᠷᠤᠨ ᠰᠠᠭᠤᠴᠠ ᠪᠦᠳᠦᠬᠡᠨ ᠪᠠᠢᠭᠤᠯᠤᠯᠲᠠ ᠵᠢᠨ ᠶᠠᠮᠤᠨ᠂ᠤᠯᠤᠰ ᠦᠨ ᠲᠡᠥᠬᠡ ᠰᠤᠶᠤᠯ ᠦᠨ ᠲᠤᠷᠠᠰᠬᠠᠯᠲᠦ ᠵᠦᠢᠯᠡᠰ ᠦᠨ ᠲᠤᠪᠴᠢᠶ᠎ᠠ ᠡᠴᠡ ᠯᠦᠩᠲ᠋ᠠᠨ ᠢ ᠲᠠᠪᠤᠳᠤᠭᠠᠷ ᠪᠦᠯᠦᠭ ᠲᠤᠮᠳᠠᠳᠦ ᠤᠯᠤᠰ ᠦᠨ ᠲᠡᠥᠬᠡ ᠰᠤᠶᠤᠯ ᠦᠨ ᠨᠡᠷᠡᠲᠦ ᠲᠤᠰᠬᠤᠨ᠂ᠬᠦᠢᠵᠸᠥ ᠮᠤᠵᠢ ᠵᠢᠨ ᠭᠤᠤᠯ ᠪᠤᠯᠬᠤ ᠲᠡᠥᠬᠡ ᠰᠤᠶᠤᠯ ᠦᠨ ᠲᠤᠷᠠᠰᠬᠠᠯᠲᠦ ᠵᠦᠢᠯᠡᠰ ᠦᠨ ᠬᠠᠮᠠᠭᠠᠯᠠᠯᠲᠠ ᠵᠢᠨ ᠨᠢᠬᠡᠴᠢ᠂ᠬᠦᠢᠵᠸᠥ ᠮᠤᠵᠢ ᠵᠢᠨ ᠭᠤᠤᠯ ᠬᠠᠮᠠᠭᠠᠯᠠᠬᠤ 20 ᠦᠨᠳᠦᠰᠦᠲᠡᠨ ᠦ ᠲᠤᠰᠬᠤᠨ ᠦ ᠨᠢᠬᠡ ᠪᠡᠷ ᠨᠡᠢᠲᠡᠯᠡᠪᠡ᠃ ᠯᠦᠩᠲ᠋ᠠᠨ ᠲᠤᠰᠬᠤᠨ ᠨᠢ ᠪᠦᠬᠦ ᠤᠯᠤᠰ ᠦᠨ ᠮᠦᠯᠦᠦᠴᠤᠳ ᠦᠨ ᠤᠳᠤᠮ ᠤᠭᠰᠠᠭ᠎ᠠ ᠪᠠᠨ ᠬᠠᠢᠬᠤ ᠲᠠᠷᠬᠠᠨ ᠤᠷᠤᠨ ᠪᠤᠯᠤᠭᠰᠠᠨ ᠪᠦᠬᠡᠳ ᠭᠸᠯᠤᠤᠴᠤᠳ ᠦᠨ ᠰᠤᠶᠤᠯ ᠪᠠ ᠰᠢᠩᠬᠤ ᠵᠢᠨ ᠰᠤᠶᠤᠯ ᠲᠠᠢ ᠲᠠᠨᠢᠯᠴᠠᠬᠤ ᠵᠤᠭᠠᠴᠠᠯ ᠦᠨ ᠰᠠᠢᠬᠠᠨ ᠭᠠᠵᠠᠷ ᠪᠤᠯᠵᠠᠢ᠃


ᠡᠷᠲᠡᠨ ᠦ ᠲᠤᠰᠬᠤᠨ ᠯᠦᠩᠲ᠋ᠠᠨ

ᠡᠭᠦᠳᠡᠨ ᠦ《ᠱᠠᠭᠠᠢᠢᠭᠤᠷ》

ᠴᠢᠮᠡᠭᠲᠦ ᠰᠡᠥᠬᠡ ᠪᠡᠷ ᠰᠢᠨ᠎ᠠ ᠪᠡᠷᠢ ᠪᠠᠨ ᠤᠭᠳᠤᠨ᠎ᠠ

《ᠰᠢᠨ᠎ᠠ ᠠᠮᠦ ᠢᠳᠡᠬᠦ ᠪᠠᠶᠠᠷ》ᠪᠤᠯ ᠬᠧᠯᠤᠤᠴᠤᠳ ᠦᠨ ᠤᠯᠠᠮᠵᠢᠯᠠᠯᠲᠦ ᠪᠠᠶᠠᠷ

ᠴᠢᠯᠠᠭᠤᠨ ᠭᠤᠳᠤᠮ

ᠬᠧᠯᠤᠤᠴᠤᠳ ᠦᠨ ᠤᠯᠠᠮᠵᠢᠯᠠᠯᠲᠦ ᠲᠤᠭᠯᠠᠭᠠᠮ ᠠᠷᠰᠯᠠᠨ ᠪᠦᠵᠢᠭ᠌
ᠵᠤᠬᠢᠶᠠᠭᠴᠢ᠄ ᠬᠦᠢᠵᠧᠥ ᠮᠤᠵᠢ ᠵᠢᠨ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 489
ᠴᠠᠭ᠄ 2015 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁