ᠠᠶᠤᠬᠤ ᠡᠪᠡᠳᠴᠢᠨ ᠦ ᠦᠨᠳᠦᠰᠦ ᠰᠤᠷᠪᠤᠯᠵᠢ

ᠨᠢᠬᠡ


ᠪᠢ ᠠᠶᠣᠬᠣ ᠡᠪᠠᠳᠴᠢᠨ ᠳᠤ ᠨᠡᠷᠪᠡᠭ᠍ᠳᠡᠬᠡᠥᠨ ᠣᠨ ᠢ ᠡᠯᠠᠬᠡᠵᠦ ᠪᠠᠢ᠌ᠨ᠎ᠠ᠃ ᠡᠷᠠᠬᠡ ᠦᠭᠡᠶ ᠬᠡᠯᠡᠪᠡᠯ ᠬᠡᠷᠡᠭ ᠪᠣᠳᠠᠰ ᠢ ᠠᠵᠢᠭᠯᠠᠬᠣ ᠴᠢᠳᠠᠪᠣᠷᠢ ᠲᠡᠶ ᠪᠣᠯᠣᠮᠠᠭᠴᠠ᠂ ᠣᠴᠢᠷ ᠶᠠᠪᠣᠳᠠᠯ ᠢ ᠰᠠᠳᠬᠢᠨ ᠪᠣᠳᠣᠬᠣ ᠰᠡᠳᠬᠢᠬᠥᠢ ᠲᠡᠶ ᠪᠣᠯᠣᠮᠠᠭᠴᠠ᠂ ᠶᠣᠰᠣ ᠣᠴᠢᠷ ᠢ ᠡᠷᠬᠢᠴᠡᠬᠥᠯᠥᠨ ᠪᠣᠳᠣᠬᠣ ᠪᠣᠳᠣᠯᠭ᠎ᠠ ᠲᠡᠶ ᠪᠣᠯᠣᠮᠠᠭᠴᠠ ᠠᠶᠣᠬᠣ ᠡᠪᠠᠳᠴᠢᠨ ᠲᠡᠶ ᠪᠣᠯᠴᠢᠬᠠᠵᠠᠢ᠃ ᠪᠢ ᠡᠬᠢᠨ ᠳᠡᠭᠡᠨ ᠠᠶᠣᠬᠣ ᠡᠪᠠᠳᠴᠢᠨ ᠬᠡᠳᠡᠭ ᠢ ᠡᠪ ᠡᠨᠭ᠌ ᠤᠨ ᠨᠢᠬᠡ ᠡᠪᠠᠳᠴᠢᠨ ᠲᠠᠳᠣᠢ ᠯᠠ ᠰᠢᠳᠠ ᠬᠡᠵᠦ ᠬᠢᠮᠣᠷᠠᠭ᠎ᠠ ᠲᠠᠭᠰᠢᠭᠣᠷ ᠢ ᠬᠢᠮᠣᠰᠣᠨ ᠲᠠᠳᠣᠢ ᠳᠤ ᠪᠣᠳᠣᠭᠰᠠᠨ ᠦᠭᠡᠶ ᠪᠠᠷ ᠶᠠᠪᠣᠳᠠᠭ ᠶᠠᠩᠵᠣ ᠪᠠᠷ ᠶᠢᠠᠨ ᠶᠠᠪᠣᠭᠠᠳ᠂ ᠬᠢᠳᠡᠭ ᠶᠠᠩᠵᠣ ᠪᠠᠷ ᠶᠢᠠᠨ ᠬᠢᠬᠡᠥᠨ ᠵᠢᠣᠠᠬᠥᠭ᠍ᠰᠡᠨ ᠵᠦᠭ᠌ ᠲᠡᠭᠡᠨ ᠵᠢᠣᠠᠬᠥᠬᠡᠥᠨ ᠯᠠ ᠪᠠᠢ᠌ᠵᠠᠢ᠃ ᠪᠠᠰᠣᠭᠰᠠᠨ ᠡᠪᠠᠰᠣ ᠪᠤᠬᠤᠷ ᠢ ᠬᠠᠳᠭᠣᠨ᠎ᠠ᠂ ᠡᠬᠥᠷᠪᠡᠯ ᠮᠠᠴᠣᠭᠠᠳ ᠯᠠ ᠪᠠᠢ᠌ᠨ᠎ᠠ᠂ ᠦᠷᠤ ᠡᠪᠠᠳᠪᠠᠯ ᠡᠯᠢᠬᠡ ᠶᠢ ᠴᠢᠨᠢ ᠣᠷᠠᠨ᠎ᠠ ᠬᠡᠭ᠍ᠴᠢ ᠪᠣᠯᠵᠣ᠂ ᠡᠨᠠ ᠡᠪᠠᠳᠴᠢᠨ ᠡᠬᠢᠨ ᠳᠡᠭᠡᠨ ᠦᠰᠣᠥᠨ ᠦᠬᠡᠷ᠎ᠡ ᠬᠡᠷᠢᠶ᠎ᠡ ᠮᠠᠳᠣ ᠬᠠᠷᠠᠯᠠᠨ ᠰᠠᠭᠣᠵᠣ᠂ ᠨᠢᠳᠣᠨ ᠲᠣᠳᠣᠷ᠎ᠠ ᠨᠡᠢᠢᠬᠡᠮ ᠮᠠᠳᠣ ᠪᠦᠷᠢᠯᠲᠦᠵᠡᠢ᠂ ᠴᠢᠬᠢᠨ ᠲᠣᠳᠣᠷ᠎ᠠ ᠡᠢᠯᠠᠭ᠎ᠠ ᠮᠠᠳᠣ ᠥᠩᠬᠢᠨᠡᠵᠦ ᠪᠠᠢ᠌ᠭᠰᠠᠨ ᠶᠢᠠᠨ ᠣᠳᠠᠯ ᠦᠭᠡᠶ ᠦᠪᠴᠢ ᠪᠠᠶ᠎ᠠ ᠲᠡᠬᠡᠷ᠎ᠡ ᠦᠰᠤ ᠲᠡᠶ ᠬᠠᠭᠠᠷᠢᠭᠣᠯ ᠬᠣᠷᠣᠬᠠᠢ ᠮᠠᠳᠣ ᠬᠦᠷᠪᠡᠯᠵᠡᠨ ᠠᠳᠣᠪᠠᠯᠵᠠᠵᠣ ᠪᠠᠢ᠌ᠭᠰᠠᠨ ᠶᠢᠠᠨ ᠲᠠᠬᠢᠨ 《 ᠲᠠᠪᠰᠢᠭᠰᠠᠭᠠᠷ ᠲᠠᠪᠰᠢᠭᠰᠠᠭᠠᠷ ᠲᠡᠪᠥᠰᠡᠨᠭ᠌ ᠤᠨ ᠲᠣᠣᠭᠣᠷ 》 ᠬᠡᠭ᠍ᠴᠢ ᠪᠣᠯᠵᠣ ᠰᠢᠷᠪᠣᠰᠣ ᠪᠤᠯᠴᠢᠡᠭ᠂ ᠰᠣᠳᠠᠯ ᠴᠢᠮᠦᠬᠡ᠂ ᠴᠢᠰᠤ ᠵᠢᠷᠥᠬᠡᠨ ᠳᠤ ᠴᠢᠬᠢᠳᠣᠷᠢ ᠬᠣᠷᠣᠬᠠᠢ ᠮᠠᠳᠣ ᠴᠢᠬᠢᠳᠣᠷᠠᠨ ᠴᠢᠪᠢᠯᠳᠣ ᠮᠣᠭᠠᠢ ᠮᠠᠳᠣ ᠰᠣᠮᠣᠳᠠᠨ ᠣᠷᠣᠭᠠᠳ᠂ ᠬᠡᠩᠬᠥᠳᠡᠭ ᠴᠡᠬᠡᠵᠢᠨ ᠲᠣᠳᠣᠷ᠎ᠠ ᠬᠣᠪᠢᠨ ᠤ ᠪᠠᠨ ᠬᠡᠬᠥ 《 ᠸᠠᠩᠲᠦ ᠣᠯᠣᠰ》 ᠶᠢᠠᠨ ᠪᠠᠢ᠌ᠭᠣᠯᠣᠭᠠᠳ᠂ ᠦᠪᠡᠷ ᠤᠨ ᠨᠣᠶᠠᠷᠬᠠᠯ ᠶᠢᠠᠨ ᠦᠨᠢ ᠮᠣᠢᠩᠬᠡ ᠪᠠᠳᠣᠳᠬᠠᠵᠣ ᠠᠪᠴᠠᠢ᠃

ᠠᠶᠣᠬᠣ ᠡᠪᠠᠳᠴᠢᠨ ᠶᠢᠡᠷ ᠶᠢᠡᠨ ᠠᠭᠣᠤ ᠶᠡᠬᠡ ᠨᠣᠭᠣᠭᠠᠨ ᠲᠠᠯ᠎ᠠ ᠡᠴᠡ ᠪᠠᠨ ᠠᠶᠠᠷᠯᠠᠵᠣ ᠣᠣᠠᠬᠣ ᠶᠢ ᠠᠯᠳᠠᠨ ᠠᠶᠠᠭᠠᠨ ᠡᠴᠠ ᠣᠰᠣ ᠣᠣᠭᠣᠵᠣ ᠵᠢᠷᠭᠠᠨ᠂ ᠠᠪᠣ ᠡᠵᠢ ᠶᠢᠨ ᠶᠢᠡᠨ ᠬᠠᠢ᠌ᠷ᠎ᠠ ᠳᠤ ᠪᠣᠷᠬᠠᠨ ᠤ ᠨᠢᠳᠣ ᠮᠠᠳᠣ ᠬᠠᠢ᠌ᠷᠠᠯᠠᠭᠳᠠᠨ᠂ ᠡᠢᠨᠠᠭ ᠬᠣᠩᠭ᠋ᠣᠷ ᠤᠨ ᠶᠢᠠᠨ ᠰᠠᠳᠬᠢᠯ ᠳᠤ ᠡᠷᠬᠡ ᠬᠠᠭᠠᠨ ᠮᠠᠳᠣ ᠵᠢᠷᠭᠠᠨ ᠬᠠᠨᠢᠰᠠᠵᠣ ᠪᠠᠢ᠌ᠭ᠎ᠠ ᠬᠦᠮᠥᠨ ᠵᠤᠨ ᠲᠠ ᠨᠡᠷ ᠮᠢᠨᠢ ᠬᠡᠩᠬᠥᠳᠡᠭ ᠴᠡᠬᠡᠵᠢᠨ ᠳᠡᠭᠡᠨ ᠦᠷᠥᠰᠢᠶᠡᠵᠦ ᠬᠠᠢ᠌ᠷᠠᠯᠠ᠃


ᠬᠣᠶᠠᠷ


ᠪᠢ ᠡᠬᠢᠨ ᠳᠡᠭᠡᠨ ᠶᠠᠭᠣ ᠶᠠᠭᠣᠨ ᠡᠴᠡ ᠴᠤ ᠠᠶᠣᠬᠣ ᠦᠭᠡᠶ ᠪᠠᠢ᠌ᠭᠰᠠᠨ᠃ ᠲᠡᠭ᠍ᠷᠢ ᠲᠣᠮᠳᠠᠭᠣᠷ ᠶᠢᠠᠨ ᠬᠠᠭ᠎ᠠ ᠬᠠᠭ᠎ᠠ ᠦᠰᠥᠷᠴᠦ᠂ ᠲᠠᠰᠣ ᠲᠠᠰᠣ ᠣᠭᠴᠣᠷᠠᠨ᠂ ᠪᠤᠬᠤᠷ ᠲᠣᠳᠣᠷ᠎ᠠ ᠨᠢ ᠭᠠᠯ ᠣᠷᠣᠵᠣ ᠪᠠᠢ᠌ᠭᠰᠠᠨ ᠴᠤ ᠲᠢᠪ ᠲᠡᠯᠠᠬᠡᠢ ᠴᠥᠮᠤ ᠴᠥᠮᠤ ᠴᠣᠭᠣᠷᠠᠵᠣ᠂ ᠦᠮᠤ ᠦᠮᠤ ᠡᠮᠳᠠᠷᠠᠵᠣ ᠲᠣᠯᠣᠭᠠᠢ ᠲᠠᠷᠢᠬᠢᠨ ᠲᠣᠳᠣᠷ᠎ᠠ ᠨᠢ ᠣᠰᠣ ᠬᠠᠷᠪᠣᠵᠣ ᠪᠠᠢ᠌ᠭᠰᠠᠨ ᠴᠤ᠂ ᠡᠰᠠᠬᠥᠯ᠎ᠡ ᠶᠢᠷᠳᠢᠨᠴᠣ ᠲᠡᠯᠠᠬᠡᠢ ᠶᠢᠨ ᠦᠢ ᠲᠦᠮᠠᠨ ᠪᠣᠭ ᠴᠢᠳᠬᠥᠷ᠂ ᠠᠯᠪᠢᠨ ᠭᠠᠯ ᠪᠠ ᠡᠥᠷᠥᠯᠡᠨᠭ᠌ ᠤᠳ ᠬᠠᠮᠳᠣ ᠪᠠᠷ ᠣᠷᠢᠯᠠᠨ ᠴᠢᠷᠠᠯᠠᠵᠣ᠂ ᠭᠠᠯᠵᠠᠭᠣᠷᠠᠨ ᠲᠣᠭᠰᠢᠷᠠᠵᠣ ᠪᠠᠢ᠌ᠭᠰᠠᠨ ᠴᠣ ᠪᠢ ᠣᠭᠳᠣᠬᠠᠨ ᠴᠤ ᠠᠶᠣᠬᠣ ᠦᠭᠡᠶ ᠪᠠᠢ᠌ᠭᠰᠠᠨ᠃ ᠬᠠᠷ᠎ᠠ ᠭᠠᠯ ᠮᠠᠳᠣ ᠲᠡᠭ᠍ᠷᠢ ᠵᠦᠭ᠌ ᠲᠥᠷᠡᠯᠵᠡᠨ ᠦᠷᠪᠥᠯᠵᠡᠭ᠍ᠰᠡᠨ ᠬᠠᠳᠠᠭᠣ ᠦᠰᠤ ᠪᠠᠨ ᠡᠢᠯᠢᠵᠣ᠂ ᠬᠣᠶᠠᠷ ᠮᠥᠷᠥᠨ ᠤ ᠪᠠᠨ ᠠᠯᠪᠢᠨ ᠭᠠᠯ ᠶᠢᠠᠨ ᠪᠣᠰᠣᠭ᠎ᠠ ᠲᠥᠷᠡᠯᠵᠡᠬᠥᠯᠦᠬᠡᠥᠨ ᠨᠦᠬᠡ ᠮᠠᠳᠣ ᠬᠠᠷᠠᠩᠭ᠋ᠣᠢ ᠶᠢᠨ ᠲᠣᠳᠣᠷ᠎ᠠ ᠨᠢᠳᠣ ᠪᠠᠨ ᠬᠢᠯᠪᠠᠯᠵᠠᠭᠣᠯᠵᠣ ᠨᠢᠷᠣᠭᠣ ᠪᠠᠨ ᠡᠬᠥᠷᠥᠬᠡᠥᠨ ᠡᠢᠰᠬᠡᠷᠥᠨ ᠱᠣᠣᠬᠢᠵᠣ ᠲᠠᠭᠣᠯᠠᠨ ᠪᠠᠷᠬᠢᠷᠠᠭᠠᠳ ᠵᠠᠯᠠᠷᠠᠳᠠᠭ ᠪᠠᠢ᠌ᠭᠰᠠᠨ᠃

ᠶᠢᠣᠪᠢᠡᠭ ᠳᠤ ᠲᠣᠰᠣ ᠲᠡᠶ᠂ ᠶᠠᠭᠣᠮᠠᠨ ᠳᠤ ᠣᠴᠢᠷ ᠲᠡᠶ᠂ ᠱᠠᠬᠠᠢ ᠪᠠᠢ᠌ᠳᠠᠯ᠎ᠠ ᠣᠭᠣᠰᠣᠷ ᠲᠡᠶ ᠪᠠᠢ᠌ᠬᠣ ᠳᠤ ᠬᠦᠬᠡ ᠮᠣᠢᠩᠬᠡ ᠲᠡᠭ᠍ᠷᠢ ᠪᠠᠨ ᠬᠣᠳᠣᠢ᠌ᠳᠠᠯ᠎ᠠ ᠬᠠᠷᠠᠵᠣ᠂ ᠬᠦᠷᠥᠰᠣᠲᠦ ᠠᠯᠳᠠᠨ ᠲᠡᠯᠠᠬᠡᠢ ᠪᠠᠨ ᠮᠢᠳᠠᠯᠵᠠᠳᠠᠯ᠎ᠠ ᠠᠯᠬᠣᠯᠠᠵᠣ᠂ ᠬᠦᠮᠥᠨ ᠵᠤᠨ ᠤ ᠪᠠᠨ ᠲᠣᠮᠳᠠ ᠬᠢᠯᠠᠯᠵᠠᠵᠣ ᠶᠠᠪᠣᠬᠣ ᠳᠠᠭᠠᠨ ᠴᠡᠬᠡᠵᠢ ᠪᠠᠨ ᠠᠯᠠᠭᠠᠳᠠᠵᠣ᠂ ᠬᠦᠮᠥᠰᠬᠡ ᠪᠠᠨ ᠬᠦᠳᠦᠢᠢᠯᠬᠡᠵᠦ᠂ ᠬᠦᠮᠥᠨ ᠡᠴᠡ ᠶᠡᠬᠡ ᠲᠠᠭᠣᠨ ᠶᠢᠠᠷ ᠠᠶᠣᠬᠣ ᠦᠬᠡᠢ ᠬᠡᠵᠦ ᠠᠶᠣᠩᠭ᠎ᠠ ᠲᠡᠭ᠍ᠷᠢ ᠮᠠᠳᠣ ᠠᠷᠠᠩᠭ᠋ᠠᠯᠠᠭᠰᠠᠨ ᠨᠢ ᠣᠴᠢᠷ ᠰᠢᠯᠳᠠᠭᠠᠨ ᠲᠡᠶ᠂ ᠣᠯᠠ ᠮᠦᠷ ᠲᠡᠶ᠂ ᠦᠨᠳᠥᠰᠤ ᠰᠣᠷᠪᠣᠯᠵᠢ ᠲᠠᠢ᠃

ᠲᠠᠷᠠ ᠣᠢᠶ᠎ᠡ ᠳᠤ ᠲᠡᠭ᠍ᠷᠢ ᠡᠴᠢᠬᠡ ᠲᠡᠭ᠍ᠰᠢᠬᠡᠨ ᠪᠠᠢ᠌ᠭᠰᠠᠨ᠃ ᠲᠡᠭ᠍ᠷᠢ ᠡᠴᠢᠬᠡ ᠶᠢᠨ ᠮᠢᠨᠢ ᠬᠠᠷᠠᠭ᠎ᠠ ᠨᠢ ᠲᠡᠭ᠍ᠰᠢᠬᠡᠨ᠂ ᠰᠣᠨᠣᠷ ᠨᠢ ᠲᠡᠭ᠍ᠰᠢᠬᠡᠨ᠂ ᠦᠨᠥᠷᠯᠡᠬᠥ ᠰᠠᠷᠠᠯ ᠨᠢ ᠲᠡᠭ᠍ᠰᠢᠬᠡᠨ᠂ ᠬᠡᠯᠡᠬᠥ ᠨᠢ ᠲᠡᠭ᠍ᠰᠢᠬᠡᠨ᠂ ᠬᠢᠬᠥ ᠨᠢ ᠲᠡᠭ᠍ᠰᠢᠬᠡᠨ᠂ ᠬᠡᠩᠬᠥᠳᠡᠭ ᠴᠡᠬᠡᠵᠢᠨ ᠤ ᠬᠢᠨᠢ ᠪᠣᠳᠣᠯ ᠰᠠᠨᠠᠭ᠎ᠠ ᠨᠢ ᠨᠡᠨᠭ᠌ ᠪᠣᠯᠳᠣ ᠪᠠᠷ ᠶᠢᠠᠨ ᠲᠡᠭ᠍ᠰᠢᠬᠡᠨ᠃

ᠨᠢᠬᠡ ᠶᠢᠰᠣᠨ ᠳᠤ ᠴᠠᠰᠣ ᠣᠷᠣᠪᠠᠯ ᠨᠢᠬᠡᠲᠦᠬᠡᠷ ᠹᠥ᠋ ᠳᠤ ᠪᠣᠷᠣᠭᠠᠨ ᠬᠣᠷ᠎ᠠ ᠪᠠᠭᠣᠨ᠎ᠠ᠂ ᠬᠣᠶᠠᠷ ᠶᠢᠰᠣᠨ ᠳᠤ ᠴᠠᠰᠣ ᠣᠷᠣᠪᠠᠯ ᠬᠣᠶᠠᠳᠣᠭᠠᠷ ᠹᠥ᠋ ᠳᠤ ᠡᠷᠬᠡᠪᠰᠢ ᠪᠣᠷᠣᠭᠠᠨ ᠬᠣᠷ᠎ᠠ ᠲᠡᠶ ᠪᠠᠢ᠌ᠳᠠᠭ᠃ ᠨᠢᠬᠡ ᠬᠣᠷᠣᠭᠣ ᠴᠠᠰᠣ ᠣᠷᠣᠪᠠᠯ ᠨᠢᠬᠡ ᠬᠣᠷᠣᠭᠣ ᠬᠣᠷ᠎ᠠ ᠪᠣᠷᠣᠭᠠᠨ ᠪᠠᠭᠣᠬᠣ ᠪᠠ ᠲᠣᠮᠳᠠ ᠵᠠᠷᠬᠡ ᠶᠢᠨ ᠴᠠᠰᠣ ᠣᠷᠣᠪᠠᠯ ᠲᠣᠮᠳᠠ ᠵᠠᠷᠬᠡ ᠶᠢᠨ ᠪᠣᠷᠣᠭᠠᠨ ᠬᠣᠷ᠎ᠠ ᠪᠠᠭᠣᠬᠣ ᠪᠣᠴᠠᠰᠢ ᠦᠭᠡᠶ ᠲᠠᠩᠭ᠋ᠠᠷᠢᠭ ᠪᠠ ᠠᠯᠳᠠᠷᠠᠰᠢ ᠦᠭᠡᠶ ᠠᠨᠳᠠᠭᠠᠢ ᠲᠡᠶ ᠪᠠᠢ᠌ᠳᠠᠭ ᠶᠣᠮ᠃ ᠨᠡᠨᠭ᠌ ᠡᠢᠯᠠᠩᠭ᠋ᠣᠶ᠎ᠠ ᠰᠢᠨ᠎ᠠ ᠵᠢᠯ ᠤᠨ ᠰᠢᠨ᠎ᠠ ᠶᠢᠨ ᠨᠢᠬᠡᠨ ᠳᠤ ᠨᠠᠷᠠ ᠲᠡᠭ᠍ᠷᠢ ᠲᠠᠩᠴᠠᠨ ᠲᠣᠬᠢᠷᠠᠪᠠᠯ ᠵᠢᠷᠠᠨ ᠡᠳᠣᠷ ᠡᠬᠥᠯᠡ ᠵᠢᠪᠠᠷ ᠦᠭᠡᠶ᠂ ᠬᠦᠬᠡᠮᠳᠥᠭ ᠲᠡᠭ᠍ᠷᠢ ᠪᠠ ᠬᠦᠮᠥᠨ ᠤ ᠡᠥᠷᠴᠢᠯᠡᠨᠭ᠌ ᠬᠡᠣᠬᠡᠥᠨ ᠤᠨ ᠨᠢᠳᠣ ᠮᠠᠳᠣ ᠲᠣᠩᠭ᠋ᠠᠯᠠᠭᠰᠢᠭᠠᠳ ᠬᠦᠮᠥᠨ ᠨᠡᠢᠢᠬᠡᠮ ᠪᠠ ᠬᠡᠬᠡᠷ᠎ᠡ ᠲᠠᠯ᠎ᠠ ᠶᠢᠨ ᠠᠳᠣᠭᠣᠰᠣ ᠠᠮᠢᠳᠠᠨ ᠤ ᠰᠠᠳᠬᠢᠯ ᠰᠠᠨᠠᠭ᠎ᠠ ᠶᠢ ᠰᠠᠷᠠᠭᠣᠯ ᠲᠣᠩᠭ᠋ᠠᠯᠠᠭ ᠪᠣᠯᠭᠠᠳᠠᠭ᠃ ᠪᠠᠰᠠ ᠲᠠᠬᠢᠭᠠᠳ ᠬᠡᠯᠡᠪᠡᠯ ᠰᠢᠨ᠎ᠠ ᠶᠢᠨ ᠬᠣᠶᠠᠷ ᠲᠤ ᠰᠠᠯᠬᠢ ᠰᠢᠭᠣᠷᠭ᠎ᠠ ᠲᠡᠶ ᠪᠣᠷᠣᠭᠠᠨ ᠣᠷᠣᠪᠠᠯ ᠠᠷᠪᠠᠨ ᠵᠢᠷᠭᠣᠭᠠᠨ ᠡᠳᠣᠷ ᠲᠣᠵᠢ ᠳᠠᠭᠠᠨ ᠦᠷᠬᠥᠯᠵᠢᠯᠡᠬᠡᠥᠨ ᠵᠦᠰᠡ ᠨᠥᠷᠢ ᠪᠣᠯᠳᠠᠭ ᠶᠢᠠᠨ ᠶᠠᠷᠣ ᠦᠬᠡᠷᠡᠴᠢᠯᠡᠨ ᠰᠢᠨᠠᠴᠢᠯᠠᠵᠣ᠂ ᠣᠷᠪᠠᠭᠣᠯᠣᠨ ᠬᠦᠷᠪᠡᠬᠥᠯᠵᠦ᠂ ᠣᠰᠠᠳᠬᠠᠨ ᠣᠷᠬᠢᠵᠣ ᠶᠠᠪᠣᠭᠰᠠᠨ ᠣᠳᠠᠭ᠎ᠠ ᠦᠭᠡᠶ᠂ ᠣᠯᠠ ᠮᠦᠷ ᠴᠤ ᠬᠠᠷᠠᠭᠳᠠᠬᠣ ᠦᠭᠡᠶ᠃ ᠨᠡᠨᠭ᠌ ᠬᠦᠠᠵᠡᠬᠡᠢ ᠭᠣᠳᠣᠷᠠᠭᠣᠯᠣᠨ ᠬᠡᠯᠡᠪᠡᠯ ᠲᠠᠢ᠌ᠮᠣ ᠪᠣᠳᠣᠯ ᠰᠠᠨᠠᠭ᠎ᠠ ᠴᠤ ᠪᠣᠯᠳᠠᠢ᠌ᠨ ᠣᠷᠭᠣᠭ᠎ᠠ ᠦᠭᠡᠶ ᠰᠠᠢ᠌ᠨ ᠴᠠᠭ ᠪᠠᠢ᠌ᠯ᠎ᠠ᠂ ᠰᠠᠢ᠌ᠬᠠᠨ ᠴᠤ ᠴᠠᠭ ᠣᠢᠶ᠎ᠡ ᠪᠠᠢ᠌ᠯ᠎ᠠ᠃ ᠲᠡᠬᠡᠬᠥ ᠪᠠᠷ ᠨᠢ ᠪᠢᠳᠠ ᠲᠣᠬᠠᠢ ᠶᠢᠨ ᠴᠠᠭ ᠣᠢᠶ᠎ᠡ ᠳᠤ ᠲᠡᠭ᠍ᠷᠢ ᠶᠢᠨ ᠴᠢᠷᠠᠢ ᠪᠠᠨ ᠲᠡᠭ᠍ᠰᠢᠬᠡᠨ ᠬᠠᠷᠠᠵᠣ᠂ ᠲᠠᠪᠣᠨ ᠲᠠᠷᠢᠶ᠎ᠠ ᠪᠠᠨ ᠲᠠᠷᠢᠵᠣ ᠠᠪᠣᠭᠠᠳ᠂ ᠲᠡᠷᠬᠡ ᠪᠠᠨ ᠬᠦᠯᠵᠦ ᠲᠠᠣᠯᠠᠢ ᠬᠦᠬᠡᠬᠡᠭ᠍ᠰᠡᠨ ᠴᠤ ᠠᠮᠤ ᠪᠣᠳᠠᠭ᠎ᠠ ᠪᠠᠨ ᠡᠯᠪᠡᠭ᠌ ᠬᠣᠷᠢᠶᠠᠵᠣ᠂ ᠠᠳᠣᠭᠣ ᠮᠠᠯ ᠶᠢᠠᠨ ᠦᠨᠢᠷ ᠦᠰᠬᠡᠵᠦ᠂ ᠠᠳᠠᠯ ᠣᠠᠳᠣᠷᠣᠯ ᠶᠢᠠᠨ ᠦᠬᠡᠳᠡ ᠲᠠᠳᠠᠵᠣ ᠶᠠᠪᠣᠬᠣ ᠳᠠᠭᠠᠨ ᠠᠷᠭ᠎ᠠ ᠪᠠᠨ ᠪᠠᠷᠠᠬᠣ ᠶᠠᠪᠣᠳᠠᠯ ᠭᠠᠷᠬᠣ ᠦᠭᠡᠶ᠂ 《 ᠠᠰᠢᠮ᠎ᠠ 》 ᠲᠠᠭᠣᠯᠠᠬᠣ ᠦᠵᠡᠭ᠍ᠳᠡᠯ ᠴᠤ ᠭᠠᠷᠬᠣ ᠦᠭᠡᠶ᠃

ᠲᠠᠷᠠ ᠣᠢᠶ᠎ᠡ ᠳᠤ ᠲᠡᠯᠠᠬᠡᠢ ᠡᠬᠡ ᠴᠤ ᠲᠠᠪ ᠲᠡᠭ᠍ᠰᠢᠬᠡᠨ ᠪᠠᠢ᠌ᠭᠰᠠᠨ᠃ ᠨᠢᠭᠣᠷ ᠨᠢ ᠲᠡᠭ᠍ᠰᠢᠬᠡᠨ ᠪᠠᠢ᠌ᠭᠰᠠᠨ᠂ ᠬᠠᠷᠠᠴᠠ ᠨᠢ ᠲᠡᠭ᠍ᠰᠢᠬᠡᠨ ᠪᠠᠢ᠌ᠭᠰᠠᠨ᠂ ᠰᠣᠨᠣᠷ ᠨᠢ ᠲᠡᠭ᠍ᠰᠢᠬᠡᠨ ᠪᠠᠢ᠌ᠭᠰᠠᠨ᠂ ᠬᠠᠮᠠᠷ ᠠᠮᠨ ᠨᠢ ᠲᠡᠭ᠍ᠰᠢᠬᠡᠨ ᠪᠠᠢ᠌ᠭᠰᠠᠨ᠂ ᠴᠡᠬᠡᠵᠢᠨ ᠤ ᠬᠢᠨᠢ ᠪᠣᠳᠣᠯ ᠰᠠᠳᠬᠢᠯ ᠨᠢ ᠴᠤ ᠲᠠᠪ ᠲᠡᠭ᠍ᠰᠢᠬᠡᠨ ᠪᠠᠢ᠌ᠭᠰᠠᠨ ᠪᠤᠯᠬᠤᠷ ᠨᠣᠯ ᠨᠣᠭᠣᠭᠠᠨ ᠲᠠᠯ᠎ᠠ ᠲᠥᠮᠡᠨ ᠭᠠᠵᠠᠷ ᠦᠷᠬᠥᠯᠵᠢᠯᠡᠬᠡᠥᠨ ᠨᠣᠭᠣᠭᠠᠨ ᠲᠠᠪᠠᠯᠭᠠᠨ ᠵᠦᠬᠡᠯᠡᠨ ᠰᠠᠯᠬᠢᠨ ᠤ ᠠᠶᠠᠰ ᠶᠢᠠᠷ ᠲᠠᠪᠠᠯᠭᠠᠯᠠᠨ ᠲᠣᠯᠬᠢᠶᠠᠯᠠᠨ᠎ᠠ᠃ ᠲᠠᠯ᠎ᠠ ᠶᠢᠨ ᠲᠣᠮᠳᠠ ᠵᠠᠯᠠᠭᠣ ᠵᠠᠯᠠᠭᠣ ᠲᠠᠩᠬᠢᠯ ᠬᠡᠣᠬᠡᠠᠴᠥᠥᠨ ᠤᠨ ᠮᠠᠯᠮᠠᠢ ᠮᠠᠳᠣ ᠨᠠᠭᠣᠷ ᠪᠦᠷᠢᠲᠦ ᠬᠢᠯᠳᠠᠭᠠᠨᠠᠨ ᠲᠠᠯᠮᠢᠶᠠᠷᠠᠬᠣ ᠳᠤ ᠨᠠᠭᠣᠷ ᠪᠦᠷᠢᠲᠦ ᠶᠢᠨ ᠲᠣᠳᠣᠷ᠎ᠠ ᠨᠡᠷ᠎ᠡ ᠶᠢ ᠨᠢ ᠮᠡᠳᠡᠬᠥ ᠪᠠ ᠮᠡᠳᠡᠬᠥ ᠦᠬᠡᠢ ᠲᠥᠮᠡᠨ ᠵᠦᠢᠯ ᠤᠨ ᠴᠠᠭ ᠤᠨ ᠰᠢᠪᠠᠭᠣᠳ ᠵᠢᠷᠭᠠᠯ ᠤᠨ ᠲᠠᠭᠣᠤ ᠡᠬᠡᠰᠢᠭ᠍ᠯᠠᠵᠦ ᠭᠠᠩᠭ᠋ᠠᠨᠠᠨ ᠨᠣᠷᠬᠢᠨ ᠨᠣᠷᠬᠢᠶᠠᠯᠠᠨ᠎ᠠ᠃ ᠨᠠᠭᠣᠷ ᠤᠨ ᠬᠦᠪᠡᠬᠡ ᠡᠪᠠᠰᠣᠨ ᠤ ᠲᠣᠮᠳᠠᠭᠣᠷ ᠰᠢᠷ᠎ᠠ ᠨᠢ ᠠᠯᠳᠠ ᠮᠠᠳᠣ᠂ ᠴᠠᠩᠬᠡᠷ ᠨᠢ ᠲᠡᠭ᠍ᠷᠢ ᠮᠠᠳᠣ᠂ ᠴᠠᠭᠠᠨ ᠨᠢ ᠰᠥ᠋ ᠲᠣᠰᠣᠯᠠᠮ᠎ᠠ᠂ ᠣᠯᠠᠭᠠᠨ ᠨᠢ ᠭᠠᠯ ᠲᠥᠷᠡᠯᠵᠡᠮ᠎ᠡ ᠶᠠᠩᠵᠣ ᠶᠠᠩᠵᠣ ᠶᠢᠨ ᠴᠡᠴᠡᠭ ᠬᠣᠧᠨᠷ ᠤᠨ ᠨᠡᠮᠠᠬᠥᠨ ᠬᠡᠯᠳᠡᠰ ᠬᠠᠭᠠᠷᠠᠨ ᠲᠡᠯᠬᠡᠷᠡᠬᠡᠥᠨ ᠮᠢᠷᠠᠯᠵᠠᠨ ᠮᠢᠰᠢᠪᠠᠯᠵᠠᠨ᠎ᠠ᠃ ᠲᠡᠬᠡᠬᠥ ᠳᠤ ᠲᠠᠯ᠎ᠠ ᠨᠣᠳᠣᠭ ᠶᠢᠠᠨ ᠴᠢᠮᠩᠯᠠᠵᠣ᠂ ᠲᠣᠭ᠎ᠠ ᠦᠭᠡᠶ ᠣᠯᠠᠨ ᠨᠠᠭᠣᠷ ᠪᠦᠷᠢᠲᠦ ᠪᠠᠨ ᠬᠣᠯᠪᠣᠵᠣ ᠵᠢᠷᠭᠠᠭᠰᠠᠨ ᠡᠷ᠎ᠠ ᠬᠦᠮᠥᠨ ᠤ ᠰᠣᠳᠠᠯ ᠮᠠᠳᠣ ᠦᠢ ᠣᠯᠠᠨ ᠭᠣᠣᠯ ᠭᠣᠷᠣᠬ᠎ᠠ᠂ ᠣᠷᠣᠰᠣᠮᠠᠯ ᠪᠣᠯᠠᠭ ᠠᠭᠠᠯᠵᠢᠨ ᠲᠣᠣᠷ ᠮᠠᠳᠣ ᠨᠢᠠᠠᠳᠠᠷᠠᠨ ᠰᠥᠯᠵᠢᠯᠲᠦᠬᠡᠥᠨ ᠲᠠᠯ᠎ᠠ ᠨᠣᠳᠣᠭ ᠢ ᠨᠡᠨᠭ᠌ ᠭᠣᠶᠣ ᠲᠡᠬᠡᠷ᠎ᠡ ᠪᠠᠨ ᠠᠮᠢᠵᠢᠷᠠᠯ ᠤᠨ ᠬᠦᠴᠥᠨ ᠲᠡᠶ ᠪᠣᠯᠭᠠᠵᠠᠢ᠃ ᠡᠬᠥᠨ ᠤ ᠬᠢᠨᠢ ᠲᠡᠬᠡᠷ᠎ᠡ ᠠᠳᠣᠭᠣ ᠮᠠᠯ ᠤᠨ ᠰᠥᠷᠥᠭ ᠤᠳ ᠲᠥᠮᠡᠨ ᠭᠠᠵᠠᠷ ᠬᠠᠯᠢᠭᠣᠷᠠᠨ ᠬᠠᠯᠢᠭᠣᠷᠠᠭᠰᠠᠨ ᠡᠪᠠᠰᠣᠨ ᠤ ᠪᠠᠨ ᠲᠣᠳᠣᠷ᠎ᠠ ᠨᠢᠭᠣᠨ ᠪᠡᠯᠴᠢᠬᠡᠥᠨ ᠡᠵᠠᠨ ᠶᠢᠡᠨ ᠡᠷᠢᠵᠣ ᠣᠯᠬᠣ ᠦᠭᠡᠶ ᠪᠣᠯᠳᠠᠯ᠎ᠠ ᠵᠤᠪᠠᠭᠠᠵᠣ ᠪᠠᠢ᠌ᠭᠰᠠᠨ ᠨᠢ ᠨᠢᠬᠡ ᠶᠣᠰᠣᠨ ᠤ ᠵᠢᠷᠭᠠᠯ ᠬᠡᠬᠥ ᠦᠭᠡᠶ ᠦᠬᠡᠷ᠎ᠡ ᠶᠠᠭᠣ ᠬᠡᠵᠦ ᠬᠡᠯᠡᠬᠥ ᠪᠣᠢ︖ ᠲᠡᠬᠡᠬᠥ ᠳᠤ ᠲᠠᠷᠠ ᠣᠢᠶ᠎ᠡ ᠳᠤ ᠪᠣᠯᠠᠵᠣ ᠲᠠᠷᠢᠳᠠᠭ ᠪᠣᠷᠴᠠᠭ ᠨᠢ ᠲᠠᠯᠪᠠ ᠲᠥᠷᠣᠳᠡᠭ ᠪᠠᠢ᠌ᠭᠰᠠᠨ᠂ ᠰᠠᠴᠣᠵᠣ ᠲᠠᠷᠢᠭᠰᠠᠨ ᠰᠠᠭᠠᠭ ᠨᠢ ᠲᠠᠯᠪᠠ ᠲᠦᠷᠦᠳᠡᠭ ᠪᠠᠢ᠌ᠭᠰᠠᠨ᠂ ᠨᠠᠷᠢᠨ ᠱᠡᠨᠭ᠌ ᠲᠡᠶ ᠨᠠᠷᠢᠮᠤ ᠨᠢ ᠴᠤ ᠲᠠᠯᠪᠠ ᠲᠡᠯᠪᠡᠭ᠌ ᠲᠥᠷᠣᠳᠡᠭ ᠪᠠᠢ᠌ᠭᠰᠠᠨ ᠪᠠ ᠠᠵᠢᠷᠭ᠎ᠠ ᠠᠵᠢᠷᠭ᠎ᠠ ᠪᠠᠷ ᠠᠳᠣᠭᠣ ᠨᠢ ᠦᠷᠠᠵᠢᠬᠡᠥᠨ᠂ ᠬᠣᠳᠣᠭᠣᠷ ᠬᠣᠳᠣᠭᠣᠷ ᠶᠢᠠᠷ ᠬᠣᠨᠢ ᠪᠠᠨ ᠬᠡᠮᠵᠢᠬᠡᠥᠨ ᠯᠠ ᠪᠠᠢ᠌ᠭᠰᠠᠨ ᠠᠷᠭ᠎ᠠ ᠦᠭᠡᠶ ᠰᠠᠢ᠌ᠬᠠᠨ ᠴᠠᠭ ᠡ᠂ ᠠᠪᠣᠭᠠᠳ ᠬᠡᠯᠡᠪᠡᠯ ᠠᠯᠳᠠ ᠪᠠᠷ ᠴᠤ ᠰᠣᠯᠢᠬᠤ ᠦᠭᠡᠶ ᠨᠠᠠᠳᠢᠨ ᠴᠠᠭ ᠡ᠃

ᠲᠠᠷᠠ ᠣᠢᠶ᠎ᠡ ᠳᠤ ᠪᠠᠢ᠌ᠭᠠᠯᠢ ᠣᠷᠴᠢᠨ ᠵᠤᠬᠢᠴᠠᠩᠭ᠋ᠣᠢ ᠨᠠᠢ᠌ᠷᠠᠮᠳᠠᠭᠣ᠃

ᠨᠠᠷᠠ ᠨᠢ ᠬᠡᠷᠡᠯ ᠡᠢᠯᠴᠢ ᠲᠡᠶ᠂ ᠰᠠᠷᠠ ᠨᠢ ᠲᠣᠩᠭ᠋ᠠᠯᠠᠭ ᠠᠷᠢᠭᠣᠨ᠃ ᠰᠠᠪᠰᠢᠶᠠᠯᠠᠬᠣ ᠰᠠᠯᠬᠢᠨ ᠤ ᠦᠵᠦᠬᠥᠷ ᠲᠣᠨᠢ ᠪᠠᠯ ᠲᠠᠢ᠂ ᠰᠣᠭᠣᠷᠠᠬᠣ ᠡᠪᠠᠰᠣᠨ ᠤ ᠣᠷᠣᠢ ᠳ᠋ᠣᠨᠢ ᠰᠥ᠋ ᠲᠡᠶ᠂ ᠣᠰᠣᠨ ᠤ ᠬᠦᠨ ᠳ᠋ᠣᠨᠢ ᠵᠢᠭᠠᠰᠣ ᠵᠢᠷᠠᠭᠠᠬᠠᠢ ᠲᠡᠶ᠂ ᠭᠣᠤ ᠰᠣᠵᠠᠭ ᠲᠣᠨᠢ ᠬᠠᠢ᠌ᠯᠠᠰᠣ ᠲᠠᠯᠳᠣᠨ ᠮᠣᠳᠣ ᠲᠡᠶ᠂ ᠪᠠᠢ᠌ᠴᠠ ᠪᠡᠷᠬᠡ ᠭᠠᠵᠠᠷ ᠲᠣᠨᠢ ᠦᠯᠥᠨ ᠨᠢᠳᠣ ᠲᠡᠶ ᠡᠪᠴᠢᠬᠥᠤ ᠨᠢ ᠪᠦᠲᠦᠬᠥᠨ ᠴᠢᠨᠣ᠎ᠠ ᠪᠠᠢ᠌ᠳᠠᠭ ᠪᠠ ᠴᠢᠨᠣ᠎ᠠ ᠶᠢᠨ ᠰᠥᠷᠥᠭ ᠶᠢᠡᠨ ᠲᠠᠢ᠌ᠵᠣ ᠲᠡᠵᠢᠬᠡᠳᠡᠭ ᠦᠨᠡᠬᠡ ᠲᠠᠣᠯᠠᠢ ᠶᠢᠨ ᠰᠥᠷᠥᠭ ᠲᠡᠶ᠃ ᠲᠡᠬᠡᠬᠥ ᠳᠤ ᠨᠢᠳᠣ ᠲᠣᠩᠭ᠋ᠠᠯᠠᠭ ᠣᠭᠳᠠᠷᠭᠣᠢ ᠪᠠᠷ ᠨᠢ ᠡᠯᠢᠶ᠎ᠠ᠂ ᠬᠣᠧᠨ ᠰᠠᠷ ᠪᠠ ᠲᠣᠭᠰᠢᠨ ᠪᠦᠷᠭᠦᠳ ᠬᠠᠯᠢᠨ ᠡᠷᠬᠢᠯᠳᠣᠵᠣ ᠱᠣᠩᠭ᠋ᠣᠨ ᠱᠣᠩᠭ᠋ᠣᠨ ᠨᠢᠰᠣᠯᠴᠠᠨ᠎ᠠ ᠁

ᠲᠡᠬᠡᠬᠥ ᠳᠤ ᠰᠠᠷᠠ ᠬᠦᠷᠢᠶ᠎ᠡ ᠲᠠᠳᠠᠪᠠᠯ ᠲᠠᠷᠠᠭᠠᠴᠢ ᠶᠢᠨ ᠡᠳᠣᠷ ᠮᠠᠭᠣᠬᠠᠢ ᠪᠣᠯᠣᠨ᠎ᠠ᠃ ᠰᠠᠷᠠᠨ ᠤ ᠥᠩᠬᠡ ᠣᠯᠠᠢ᠌ᠪᠠᠯ ᠰᠠᠯᠬᠢ ᠬᠦᠳᠡᠯᠬᠥ ᠶᠢ ᠮᠡᠳᠡᠴᠢᠬᠡᠨ᠎ᠡ᠂ ᠰᠠᠷᠠᠨ ᠤ ᠬᠠᠪᠢᠷᠭ᠎ᠠ ᠪᠣᠰᠣᠭ᠎ᠠ ᠪᠣᠯ ᠰᠠᠢ᠌ᠨ ᠵᠢᠯ ᠤᠨ ᠲᠣᠬᠢᠶ᠎ᠠ᠂ ᠰᠠᠷᠠ ᠮᠠᠴᠢᠳ ᠬᠠᠰᠢᠬᠤ ᠣᠢᠶ᠎ᠡ ᠳᠤ ᠰᠠᠮᠠᠭᠣᠨ ᠵᠤᠣᠨ ᠡᠴᠡ ᠬᠢᠴᠢᠶᠡᠵᠡᠬᠡᠨ᠎ᠡ᠂ ᠨᠠᠷᠠᠨ ᠳᠤ ᠬᠦᠷᠢᠶ᠎ᠡ ᠲᠠᠳᠠᠪᠠᠯ ᠣᠷᠴᠢᠮ ᠤᠨ ᠡᠳᠣᠷ ᠮᠠᠭᠣᠬᠠᠢ᠂ ᠰᠢᠩᠬᠡᠬᠥ ᠨᠠᠷᠠ ᠭᠣᠷᠪᠠ ᠪᠣᠯ ᠰᠠᠢ᠌ᠬᠠᠨ ᠡᠳᠣᠷ ᠤᠨ ᠲᠡᠮᠳᠡᠭ᠂ ᠡᠮᠣᠨ᠎ᠠ ᠵᠦᠭ᠌ ᠤᠨ ᠰᠠᠯᠬᠢ ᠡᠬᠥᠯᠡ ᠪᠣᠷᠣᠭᠠᠨ ᠢ ᠣᠷᠢᠨ᠎ᠠ᠂ ᠵᠦᠪ ᠡᠷᠬᠢᠨ ᠰᠠᠯᠬᠢᠯᠠᠪᠠᠯ ᠵᠦᠰᠡ ᠪᠣᠷᠣᠭᠠᠨ ᠰᠣᠠᠵᠢᠷᠠᠨ᠎ᠠ ᠬᠡᠵᠦ ᠮᠡᠳᠡᠴᠢᠬᠡᠨ᠎ᠡ᠃ ᠱᠠᠭᠠᠵᠠᠭᠠᠢ ᠡᠬᠥᠷ ᠤᠨ ᠠᠮᠠᠰᠠᠷ ᠶᠢᠠᠨ ᠵᠠᠬᠥᠨ ᠡᠮᠣᠨᠠᠰᠢ ᠪᠠᠨ ᠬᠠᠠᠳᠣᠭᠣᠯᠵᠣ ᠪᠠᠷᠢᠪᠠᠯ ᠪᠠᠷᠠᠭᠣᠨ ᠬᠣᠢ᠌ᠨ᠎ᠠ ᠡᠴᠡ ᠰᠠᠯᠬᠢ ᠲᠡᠶ ᠲᠡᠬᠡᠷ᠎ᠡ ᠪᠠᠨ ᠪᠣᠷᠣᠭᠠᠨ ᠲᠡᠶ᠂ ᠬᠡᠷᠢᠶ᠎ᠡ ᠲᠠᠭᠣ ᠰᠥᠷᠣᠭ᠍ᠯᠡᠨ ᠨᠢᠰᠪᠠᠯ ᠬᠦᠢᠳᠡᠷᠠᠬᠥ ᠶᠢᠨ ᠲᠡᠮᠳᠡᠭ ᠬᠡᠥᠨ ᠯᠠ ᠣᠢ᠌ᠯᠠᠭᠠᠴᠢᠬᠠᠨ᠎ᠠ᠃ ᠲᠣᠯᠣᠭ᠎ᠠ ᠶᠢᠰᠣᠨ ᠳᠤ ᠭᠣᠣᠯ ᠮᠥᠷᠡᠨ ᠣᠶᠠᠷᠠᠨ ᠬᠡᠰᠴᠦ᠂ ᠨᠠᠢᠮᠨ ᠶᠢᠰᠣᠨ ᠳᠤ ᠭᠠᠯᠠᠭᠣ ᠨᠣᠭᠣᠰᠣ ᠡᠢᠷᠡᠬᠡᠥᠨ ᠭᠠᠭᠠᠷᠠᠵᠣ ᠵᠢᠷᠭᠠᠨ᠎ᠠ᠃ ᠪᠦᠪᠡᠬᠡᠯᠵᠢ ᠰᠢᠪᠠᠭᠣ 《 ᠪᠦᠪ ᠪᠦᠪ ᠱᠣᠧᠨ᠂ ᠪᠦᠪ ᠪᠦᠪ ᠱᠣᠧᠨ 》 ᠬᠡᠵᠦ ᠲᠠᠭᠣᠯᠠᠨ ᠲᠣᠩᠭ᠋ᠣᠳᠪᠠᠯ ᠣᠯᠠᠭᠠᠨ ᠰᠢᠰᠢ ᠪᠠᠨ ᠲᠠᠷᠢᠴᠢᠬᠠᠨ᠎ᠠ᠂ ᠨᠢᠬᠡ ᠹᠥ᠋ ᠳᠤ ᠴᠠᠭᠠᠨ ᠨᠣᠭᠣᠭ᠎ᠠ ᠪᠠᠨ ᠲᠠᠷᠢᠵᠣ᠂ ᠬᠣᠶᠠᠷ ᠹᠥ᠋ ᠳᠤ ᠯᠣᠣᠪᠡᠡᠭ ᠨᠣᠭᠣᠭ᠎ᠠ ᠪᠠᠨ ᠲᠠᠷᠢᠨ᠎ᠠ ᠁ ᠲᠡᠬᠡᠬᠡᠥᠨ ᠪᠠᠰᠠ ᠠᠯᠠᠭᠳᠠᠭ᠎ᠠ ᠵᠤᠷᠠᠮ᠎ᠠ ᠨᠢ ᠡᠪᠠᠰᠣᠨ ᠣᠢᠷ᠎ᠡ ᠪᠠᠨ ᠡᠢᠳᠡᠬᠡᠥᠨ᠂ ᠠᠯᠠᠭᠳᠠᠭ᠎ᠠ ᠵᠤᠷᠠᠮ᠎ᠠ ᠪᠠᠨ ᠦᠨᠡᠬᠡ ᠬᠢᠷᠰᠠ ᠨᠢ ᠪᠠᠷᠢᠭᠠᠳ᠂ ᠦᠨᠡᠬᠡ ᠬᠢᠷᠰᠠ ᠪᠠᠨ ᠴᠢᠨᠣ᠎ᠠ ᠰᠢᠷᠠᠨᠣᠳ ᠨᠢ ᠵᠤᠭᠣᠭᠯᠠᠭᠠᠳ ᠵᠢᠷᠭᠠᠬᠣ ᠳᠤ ᠮᠠᠯ ᠰᠥᠷᠥᠭ ᠲᠡᠶ ᠬᠠᠯᠳᠠᠭᠰᠠᠨ ᠴᠢᠨᠣ᠎ᠠ ᠰᠢᠷᠠᠨᠣᠳ ᠶᠢᠠᠨ ᠬᠠᠶᠠ ᠬᠠᠶᠠ ᠳᠠᠭᠠᠨ ᠠᠩᠴᠢᠨ ᠡᠷ᠎ᠠ ᠨᠢ ᠰᠢᠳᠬᠡᠵᠦ ᠠᠪᠴᠢᠷᠠᠭᠠᠳ ᠯᠠ ᠶᠡᠬᠡ ᠪᠠᠢ᠌ᠭᠠᠯᠢ ᠲᠣᠳᠣᠷ᠎ᠠ ᠪᠠᠨ ᠡᠢᠯᠡᠬᠥᠳᠡᠬᠥ ᠪᠠᠷ ᠦᠬᠡᠢ᠂ ᠲᠣᠳᠠᠬᠣ ᠪᠠᠷ ᠴᠤ ᠦᠭᠡᠶ ᠶᠡᠬᠡ ᠰᠠᠢ᠌ᠬᠠᠨ ᠡᠪ ᠵᠤᠬᠢᠴᠠᠯ ᠲᠡᠶ ᠮᠥᠷᠳᠡᠬᠡᠨ ᠡᠮᠬᠢ ᠴᠡᠭ᠍ᠴᠡ ᠲᠡᠶ᠂ ᠡᠰᠡᠷᠬᠥᠴᠡᠯᠲᠦᠬᠥ ᠮᠥᠷᠳᠡᠬᠡᠨ ᠨᠢᠬᠡᠳᠥᠯᠴᠡᠬᠥ ᠵᠢᠮ᠎ᠠ ᠬᠠᠣᠯᠢ ᠲᠡᠶ᠂ ᠭᠠᠳᠠᠭᠣᠷᠴᠢᠯᠠᠬᠣ ᠮᠥᠷᠳᠡᠬᠡᠨ ᠲᠥᠰᠢᠯᠴᠡᠬᠥ ᠬᠠᠷᠢᠴᠠᠭ᠎ᠠ ᠪᠠᠷ ᠰᠠᠳᠬᠢᠯ ᠬᠠᠩᠬᠣᠯᠣᠭᠣᠨ᠂ ᠰᠠᠨᠠᠭ᠎ᠠ ᠲᠡᠨᠢᠬᠥᠬᠡᠨ ᠠᠮᠢᠳᠣᠷᠠᠵᠣ ᠪᠠᠢ᠌ᠭᠰᠠᠨ ᠡ᠃

ᠪᠢ ᠲᠠᠷᠠ ᠣᠢᠶ᠎ᠡ ᠳᠤ ᠲᠣᠬᠠᠢ ᠶᠢᠨ ᠣᠢᠶ᠎ᠡ ᠶᠢᠨ ᠲᠠ ᠨᠡᠷ ᠶᠢᠠᠨ ᠰᠢᠭ ᠡᠪᠠᠳᠴᠢᠨ ᠦᠭᠡᠶ ᠡᠩᠬᠡ᠂ ᠡᠮᠬᠡᠭ᠌ ᠦᠭᠡᠶ ᠲᠠᠩᠬᠡᠯᠡᠬᠥᠨ ᠪᠠᠢ᠌ᠭᠰᠠᠨ ᠢ ᠲᠡᠭ᠍ᠰᠢᠬᠡᠨ ᠪᠠᠢ᠌ᠭᠰᠠᠨ ᠲᠡᠭ᠍ᠷᠢ ᠡᠴᠢᠬᠡ ᠮᠠᠳᠠᠨ᠎ᠠ᠂ ᠲᠡᠭ᠍ᠰᠢᠬᠡᠨ ᠪᠠᠢ᠌ᠭᠰᠠᠨ ᠲᠡᠯᠠᠬᠡᠢ ᠡᠬᠡ ᠮᠠᠳᠠᠨ᠎ᠠ᠂ ᠲᠡᠭ᠍ᠰᠢᠬᠡᠨ ᠪᠠᠢ᠌ᠭᠰᠠᠨ ᠪᠠᠢ᠌ᠭᠠᠯᠢ ᠶᠢᠷᠳᠢᠨᠴᠣ ᠶᠢᠨ ᠠᠭᠣᠷ ᠠᠮᠢᠰᠭᠣᠯ ᠪᠠ ᠲᠥᠮᠡᠨ ᠲᠥᠮᠡᠨ ᠬᠦᠮᠥᠨ ᠠᠷᠠᠳ ᠮᠢᠨᠢ ᠪᠦᠷ ᠮᠠᠳᠠᠨ᠎ᠠ᠃ ᠨᠡᠨᠭ᠌ ᠠᠶᠣᠬᠣ ᠬᠡᠳᠡᠭ ᠡᠪᠠᠳᠴᠢᠨ ᠠᠯᠳᠠᠨ ᠲᠡᠯᠠᠬᠡᠢ ᠲᠡᠬᠡᠷ᠎ᠡ ᠪᠣᠢ ᠪᠣᠯᠣᠨ᠎ᠠ ᠬᠡᠳᠡᠭ ᠢ ᠮᠡᠳᠡᠬᠥ ᠬᠡᠷᠡᠭ ᠲᠡᠶ ᠪᠣᠳᠣᠯ ᠰᠠᠳᠬᠢᠯ ᠳᠤ ᠴᠤ ᠪᠣᠯᠳᠠᠢ᠌ᠨ ᠣᠷᠭᠣᠬᠣ ᠵᠠᠢ ᠦᠭᠡᠶ ᠪᠠᠢ᠌ᠭᠰᠠᠨ᠃ ᠡᠬᠥᠨ ᠢ ᠪᠢ ᠭᠠᠭᠴᠠᠭᠠᠷ ᠶᠢᠠᠨ ᠮᠡᠳᠡᠬᠥ ᠦᠭᠡᠶ ᠪᠠᠷ ᠪᠠᠷᠠᠬᠣ ᠦᠭᠡᠶ ᠬᠣᠷᠴᠢᠨ ᠨᠣᠳᠣᠭ ᠤᠨ ᠲᠠᠷᠢᠶᠠᠴᠢᠨ ᠲᠦᠮᠠᠨ ᠪᠠ ᠴᠠᠭᠠᠰᠢᠯᠠᠨ ᠪᠦᠬᠥᠢ ᠯᠠ ᠮᠣᠩᠭ᠋ᠣᠯ ᠨᠣᠳᠣᠭ ᠤᠨ ᠬᠦᠮᠥᠨ ᠵᠤᠨ ᠮᠢᠨᠢ ᠠᠶᠣᠬᠣ ᠬᠡᠳᠡᠭ ᠡᠪᠠᠳᠴᠢᠨ ᠪᠠᠢ᠌ᠨ᠎ᠠ ᠬᠡᠳᠡᠭ ᠢ ᠮᠡᠳᠡᠬᠥ ᠬᠦᠮᠥᠨ ᠦᠭᠡᠶ ᠪᠠᠢ᠌ᠭᠰᠠᠨ ᠢ ᠪᠢ ᠲᠣᠯᠣᠭᠠᠢ ᠪᠠᠨ ᠲᠠᠯᠪᠢᠨ ᠬᠡᠷᠡᠴᠢᠯᠡᠵᠦ ᠴᠢᠳᠠᠨ᠎ᠠ᠃


ᠭᠣᠷᠪᠠ


ᠲᠠᠪᠣᠨ ᠬᠣᠰᠢᠭᠣ ᠮᠠᠯ ᠶᠢᠠᠨ ᠪᠡᠯᠴᠢᠬᠡᠷᠯᠡᠬᠥᠯᠵᠦ᠂ ᠲᠠᠪᠣᠨ ᠲᠠᠷᠢᠶ᠎ᠠ ᠶᠢᠨ ᠣᠢᠷ᠎ᠡ ᠪᠠᠨ ᠡᠢᠳᠠᠵᠣ᠂ ᠲᠠᠯ᠎ᠠ ᠮᠠᠩᠬᠠᠨ ᠤ ᠲᠣᠮᠳᠠ ᠪᠠᠨ ᠠᠮᠢᠳᠣᠷᠠᠵᠣ ᠪᠠᠢ᠌ᠭ᠎ᠠ ᠪᠢ ᠣᠳᠣ ᠪᠠᠷ ᠶᠢᠠᠨ ᠲᠠ ᠨᠡᠷ ᠲᠡᠶ ᠨᠢᠬᠡ ᠯᠠ ᠠᠳᠠᠯᠢ ᠣᠯᠠᠨ ᠣᠯᠠᠨ ᠡᠪᠠᠳᠴᠢᠨ ᠤ ᠬᠣᠣᠷᠳᠣ ᠰᠣᠮᠣᠨ ᠳᠤ ᠬᠠᠭᠣᠳᠠᠰᠣ ᠦᠭᠡᠶ ᠣᠨᠣᠭᠳᠠᠪᠠ᠃ ᠲᠣᠯᠣᠭᠠᠢ ᠶᠢᠨ ᠡᠪᠠᠳᠴᠢᠨ᠂ ᠨᠢᠳᠣᠨ ᠤ ᠡᠪᠠᠳᠴᠢᠨ᠂ ᠴᠢᠬᠢ ᠶᠢᠨ ᠡᠪᠠᠳᠴᠢᠨ᠂ ᠪᠦᠬᠡᠷ᠎ᠡ ᠶᠢᠨ ᠡᠪᠠᠳᠴᠢᠨ᠂ ᠲᠡᠯᠢᠬᠥᠤ ᠶᠢᠨ ᠡᠪᠠᠳᠴᠢᠨ᠂ ᠰᠥᠰᠥᠨ ᠤ ᠡᠪᠠᠳᠴᠢᠨ᠂ ᠠᠭᠣᠰᠬᠢ ᠶᠢᠨ ᠡᠪᠠᠳᠴᠢᠨ᠂ ᠵᠢᠷᠥᠬᠡᠨ ᠤ ᠡᠪᠠᠳᠴᠢᠨ ᠁ ᠮᠠᠳᠠᠷᠠᠯ  ᠤᠨ ᠡᠪᠠᠳᠴᠢᠨ᠂ ᠴᠢᠰᠣᠨ ᠤ ᠡᠪᠠᠳᠴᠢᠨ᠂ ᠠᠢ᠌ᠽ ᠡᠪᠠᠳᠴᠢᠨ᠂ ᠬᠣᠯᠣᠭᠠᠨ᠎ᠠ ᠶᠢᠨ ᠬᠢᠵᠢᠭ᠌᠂ ᠬᠣᠯᠢᠷ᠎ᠠ᠂ ᠳ᠋ᠧᠩᠺᠠᠷ᠎ᠠ ᠁ ᠲᠡᠶ ᠪᠣᠯᠪᠠ᠃ ᠬᠡᠳᠡᠯ᠎ᠡ ᠡᠳᠡᠬᠡᠷ ᠡᠪᠠᠳᠴᠢᠨ ᠪᠣᠯ ᠨᠠᠳᠠ ᠳᠤ ᠠᠪᠴᠣ ᠬᠡᠯᠡᠪᠡᠯ ᠡᠪ ᠡᠨᠭ᠌ ᠤᠨ ᠬᠢᠮᠣᠷᠠᠭ᠎ᠠ ᠲᠠᠭᠰᠢᠭᠣᠷ ᠲᠠᠳᠣᠢ ᠬᠡᠵᠦ ᠪᠣᠳᠣᠨ᠎ᠠ᠃ ᠣᠴᠢᠷ ᠨᠢ ᠡᠮ ᠡᠮᠨᠡᠯᠬᠡ ᠶᠢᠨ ᠰᠢᠨᠵᠢᠯᠡᠬᠥ ᠣᠬᠠᠭᠠᠨ ᠲᠡᠬᠡᠲᠦ ᠬᠡᠮᠵᠢᠶ᠎ᠡ ᠪᠠᠷ ᠬᠥᠭ᠍ᠵᠢᠭ᠍ᠰᠡᠨ ᠣᠳᠣ ᠴᠠᠭ ᠲᠤ ᠡᠳᠡᠬᠡᠷ ᠡᠪᠠᠳᠴᠢᠨ ᠤ ᠣᠭ ᠢ ᠨᠢ ᠲᠠᠰᠣᠯᠵᠣ᠂ ᠣᠳᠣᠮ ᠢ ᠨᠢ ᠪᠣᠰᠠᠨᠢᠭᠣᠯᠵᠣ᠂ ᠦᠨᠳᠥᠰᠥᠨ ᠳ᠋ᠣᠨᠢ ᠭᠠᠯ ᠲᠠᠯᠪᠢᠵᠣ ᠬᠣᠭ ᠦᠭᠡᠶ ᠡᠳᠡᠬᠡᠷᠡᠬᠥᠯᠵᠦ ᠠᠪᠬᠣ ᠨᠢ ᠭᠠᠷ ᠤᠨ ᠠᠯᠠᠭ᠎ᠠ ᠣᠷᠪᠠᠭᠣᠯᠵᠣ᠂ ᠭᠠᠷᠴᠣ ᠣᠷᠣᠬᠣ ᠮᠠᠳᠣ ᠬᠢᠯᠪᠠᠷᠬᠠᠨ᠃ ᠲᠠᠷᠣᠢ ᠡᠮ ᠡᠮᠨᠡᠯᠬᠡ ᠶᠢᠨ ᠪᠠᠭᠠᠵᠢ ᠶᠢᠨ ᠪᠠᠢ᠌ᠴᠠᠭᠠᠯᠳᠠ᠂ ᠲᠣᠰᠬᠠᠢ ᠡᠷᠳᠠᠮᠳᠠᠨ ᠮᠡᠷᠬᠡᠵᠢᠯᠳᠡᠥᠨ ᠤᠨ ᠣᠨᠣᠰᠢᠯᠠᠯᠳᠠ᠂ ᠡᠮᠴᠢ ᠶᠢᠨ ᠵᠠᠰᠠᠯᠳᠠ ︱ ᠡᠮ ᠣᠣᠭᠣᠯᠳᠠ᠂ ᠲᠡᠬᠥᠵᠢᠯᠡᠬᠥ ᠶᠡᠬᠥᠯᠡᠬᠥᠷ᠂ ᠡᠢᠯᠢᠨ ᠵᠠᠰᠠᠬᠣ᠂ ᠷᠠᠰᠢᠶᠠᠨ ᠵᠠᠰᠠᠯᠳᠠ᠂ ᠲᠠᠭᠣᠤ ᠬᠥᠭ᠍ᠵᠢᠮ ᠤᠨ ᠵᠠᠰᠠᠯᠳᠠ ᠪᠠ ᠦᠪᠡᠷ ᠤᠨ ᠪᠠᠶ᠎ᠠ ᠶᠢᠨ ᠴᠢᠨᠢ ᠡᠪᠠᠳᠴᠢᠨ ᠶᠢᠡᠨ ᠵᠠᠰᠠᠵᠣ ᠠᠪᠬᠣ ᠲᠠᠰᠪᠣᠷᠢ ᠲᠠᠪᠴᠢᠶᠠᠷᠢ ᠪᠠ ᠡᠢᠯᠠᠨ ᠲᠠᠪᠠᠬᠣ ᠡᠢᠳᠡᠬᠡᠯ ᠵᠤᠷᠢᠭ ᠲᠡᠶ ᠴᠢᠨᠢ ᠰᠢᠭᠣᠳ ᠬᠣᠯᠪᠣᠭᠳᠠᠨ᠎ᠠ᠃ ᠬᠡᠳᠡᠯ᠎ᠡ ᠬᠣᠬᠢᠷᠠᠯ ᠵᠤᠪᠡᠯᠡᠨᠭ᠌ ᠬᠣᠣᠰ ᠬᠣᠣᠰ ᠶᠢᠠᠷ ᠬᠡᠳᠡᠭ ᠶᠢᠡᠷ ᠬᠠᠳᠣᠭᠣᠷ ᠤᠨ ᠡᠢᠷ ᠰᠢᠭ᠌ ᠵᠠᠯᠠᠭᠣ ᠨᠠᠰᠣ ᠶᠢ ᠠᠷᠴᠢᠭᠣᠷ ᠤᠨ ᠭᠣᠬ᠎ᠠ ᠮᠠᠳᠣ ᠮᠣᠷᠣᠢ᠌ᠯᠭᠠᠨ ᠠᠮᠢᠳᠣᠷᠠᠭᠣᠯᠬᠣ ᠬᠡᠵᠦ ᠡᠨᠠ ᠪᠦᠬᠥᠨ ᠡᠪᠠᠳᠴᠢᠨ ᠤ ᠲᠡᠬᠡᠷ᠎ᠡ ᠡᠯᠢᠶ᠎ᠠ ᠶᠢᠨ ᠰᠡᠬᠥᠳᠡᠷ ᠮᠠᠳᠣ ᠬᠠᠷᠠᠯᠠᠨ ᠰᠠᠭᠣᠭᠰᠠᠨ ᠨᠢ ᠠᠶᠣᠬᠣ ᠡᠪᠠᠳᠴᠢᠨ ᠪᠣᠯᠠᠢ᠃ ᠶᠢᠷᠳᠢᠨᠴᠣ ᠪᠠᠷ ᠲᠦᠬᠥᠷᠡᠨᠭ᠌ ᠡᠮᠴᠢ ᠨᠡᠷ ᠮᠢᠨᠢ ᠡ᠂ ᠶᠡᠬᠡ ᠠᠶᠠᠨ ᠤ ᠣᠯᠠᠨ ᠣᠯᠠᠨ ᠠᠨᠳᠠ ᠮᠢᠨᠢ ᠡ︕ ᠡᠨᠠ ᠡᠪᠠᠳᠴᠢᠨ ᠤ ᠣᠭ ᠢ ᠨᠢ ᠬᠡᠢ᠌ᠰᠬᠡᠵᠦ᠂ ᠣᠳᠣᠮ ᠢ ᠨᠢ ᠲᠠᠰᠣᠯᠵᠣ᠂ ᠦᠨᠳᠥᠰᠥᠨ ᠳ᠋ᠣᠨᠢ ᠭᠠᠯ ᠲᠠᠯᠪᠢᠵᠣ ᠲᠠᠢ᠌ᠯᠣᠨ᠎ᠠ ᠦᠦ⁈

ᠡᠨᠠ《 ᠠᠶᠣᠬᠣ ᠡᠪᠠᠳᠴᠢᠨ 》 ᠤ ᠦᠨᠳᠥᠰᠤ ᠰᠣᠷᠪᠣᠯᠵᠢ ᠨᠢ ᠡᠪᠥᠬᠡ ᠶᠢᠨ ᠮᠢᠨᠢ ᠪᠠᠶ᠎ᠠ ᠲᠡᠬᠡᠷ᠎ᠡ ᠠᠷᠠᠰᠣ ᠮᠠᠳᠣ ᠨᠠᠭᠠᠯᠳᠣᠵᠣ ᠪᠠᠢ᠌ᠭᠰᠠᠨ᠂ ᠦᠰᠥᠨ ᠲᠡᠬᠡᠷ᠎ᠡ ᠨᠢ ᠰᠡᠬᠥᠳᠡᠷ ᠮᠠᠳᠣ ᠬᠠᠷᠠᠯᠠᠵᠣ ᠪᠠᠢ᠌ᠭᠰᠠᠨ᠂ ᠬᠠᠮᠠᠷ ᠤᠨ ᠨᠦᠬᠡᠨ ᠳ᠋ᠣᠨᠢ ᠨᠢᠰᠤ ᠮᠠᠳᠣ ᠡᠬᠥᠷᠯᠡᠵᠦ ᠪᠠᠢ᠌ᠭᠰᠠᠨ᠂ ᠴᠢᠬᠢᠨ ᠰᠣᠨᠣᠷ ᠲᠣᠨᠢ ᠬᠣᠯᠣᠭᠣ ᠮᠠᠳᠣ ᠰᠠᠭᠣᠵᠣ ᠪᠠᠢ᠌ᠭᠰᠠᠨ᠂ ᠬᠡᠯᠡᠨ ᠤ ᠬᠢᠨᠢ ᠦᠵᠦᠬᠥᠷ ᠲᠣᠨᠢ ᠪᠠᠢ᠌ᠭᠰᠠᠨ᠂ ᠬᠣᠭᠣᠯᠠᠢ ᠶᠢᠨ ᠬᠢᠨᠢ ᠲᠣᠳᠣᠷ᠎ᠠ ᠨᠢ ᠪᠠᠢ᠌ᠭᠰᠠᠨ᠂ ᠭᠠᠷ ᠬᠦᠯ ᠳ᠋ᠣᠨᠢ ᠪᠠᠢ᠌ᠭᠰᠠᠨ᠂ ᠡᠯᠢᠬᠡ ᠰᠥᠰᠥᠨ ᠳ᠋ᠣᠨᠢ ᠪᠠᠢ᠌ᠭᠰᠠᠨ᠂ ᠶᠠᠰᠣ ᠴᠢᠮᠦᠬᠡ ᠳ᠋ᠣᠨᠢ ᠪᠠᠢ᠌ᠭᠰᠠᠨ᠂ ᠵᠢᠷᠥᠬᠡ ᠰᠠᠳᠬᠢᠯ ᠳ᠋ᠣᠨᠢ ᠪᠠᠢ᠌ᠭᠰᠠᠨ᠂ ᠰᠣᠳᠠᠯ ᠴᠢᠰᠣᠨ ᠳ᠋ᠣᠨᠢ ᠪᠠᠢ᠌ᠭᠰᠠᠨ ᠡ᠃ ᠡᠪᠥᠬᠡ ᠮᠢᠨᠢ ᠠᠭᠳᠠ ᠬᠦᠯᠥᠭ ᠡᠴᠡ ᠪᠠᠨ ᠪᠠᠭᠣᠵᠣ᠂ ᠠᠪᠠ ᠶᠢᠨ ᠲᠠᠢ᠌ᠭ᠎ᠠ ᠪᠠᠨ ᠠᠯᠠᠵᠣ ᠡᠢᠳᠡᠬᠡᠥᠨ᠂ ᠦᠨᠳᠥᠷ ᠲᠡᠷᠯᠢᠭ᠌ ᠶᠢᠡᠨ ᠲᠠᠢ᠌ᠯᠵᠣ ᠣᠷᠬᠢᠭᠠᠳ᠂ ᠦᠨᠳᠥᠷ ᠲᠥᠷᠡᠢ ᠲᠠᠢ ᠰᠠᠪᠬᠢᠨ ᠭᠣᠳᠣᠯ ᠵᠠᠢᠨ ᠪᠢᠯᠠᠭᠣᠳᠠᠵᠣ ᠶᠠᠪᠣᠭᠣᠯᠣᠭᠠᠳ᠂ ᠰᠠᠭᠠᠯᠢ ᠶᠢᠨ ᠠᠷᠢᠬᠢ ᠪᠠᠨ ᠴᠠᠭᠠᠰᠢ ᠪᠠᠨ ᠲᠥᠯᠬᠢᠬᠡᠥᠨ᠂ ᠰᠥ᠋ ᠲᠡᠶ ᠴᠠᠢ ᠪᠠᠨ ᠰᠥᠯᠠᠬᠥ ᠪᠠᠨ ᠪᠠᠢ᠌ᠭᠠᠳ ᠲᠡᠣᠬᠡ ᠶᠢᠨ ᠣᠷᠳᠣ ᠭᠣᠯᠳᠣᠷᠢᠯ ᠤᠨ ᠬᠠᠵᠠᠭᠣ ᠲᠠᠯ᠎ᠠ ᠳᠤ ᠵᠠᠪᠢᠯᠠᠵᠣ ᠰᠠᠭᠣᠭᠠᠳ ᠬᠠᠷ᠎ᠠ ᠠᠷᠢᠬᠢᠨ ᠳᠤ ᠬᠠᠷᠠᠯᠠᠵᠣ ᠣᠨᠠᠳᠠᠯ᠎ᠠ ᠰᠣᠭᠳᠣᠵᠣ ᠠᠪᠣᠯ᠎ᠠ᠃ ᠲᠡᠬᠡᠬᠡᠥᠨ ᠮᠡᠳᠡᠬᠡ ᠣᠷᠣᠨ ᠰᠡᠷᠬᠥᠮᠡᠭ᠍ᠴᠡ ᠬᠠᠷᠢ ᠭᠠᠵᠠᠷ ᠡᠴᠡ ᠡᠢᠷᠡᠭ᠍ᠰᠡᠨ ᠴᠠᠭᠠᠴᠢᠨ ᠲᠡᠨᠦᠬᠥᠯᠴᠢᠨ ᠢ ᠲᠠᠭᠠᠵᠣ᠂ ᠬᠠᠭᠠᠨ ᠲᠡᠭ᠍ᠷᠢ ᠡᠴᠡ ᠰᠣᠶᠣᠷᠬᠠᠯ ᠲᠡᠶ᠂ ᠬᠠᠳᠣᠨ ᠨᠣᠭᠣᠭᠠᠨ ᠡᠷᠳᠠᠨᠢ ᠶᠢᠨ ᠲᠠᠯ᠎ᠠ ᠶᠢᠨ ᠶᠢᠠᠨ ᠨᠣᠢ᠌ᠳᠠᠨ ᠰᠦᠨᠡᠰᠤ ᠶᠢ ᠨᠢ ᠣᠷᠪᠠᠳᠠᠯ᠎ᠠ ᠣᠷᠪᠠᠳᠠᠯ᠎ᠠ ᠬᠠᠭᠠᠯᠪᠣᠷᠢᠯᠠᠵᠣ᠂ ᠬᠦᠷᠪᠡᠳᠡᠯ᠎ᠡ ᠬᠦᠷᠪᠡᠳᠡᠯ᠎ᠡ ᠬᠦᠷᠪᠡᠬᠥᠯᠵᠦ ᠭᠠᠷᠣᠯ᠎ᠠ᠃ ᠲᠡᠬᠡᠬᠡᠥᠨ ᠪᠠᠰᠠ ᠪᠠᠢ᠌ᠴᠠ ᠪᠡᠷᠬᠡ ᠭᠠᠵᠠᠷ ᠢ ᠭᠠᠯᠳᠠᠵᠣ᠂ ᠪᠦᠲᠦᠬᠥᠨ ᠪᠦᠲᠦᠬᠥᠨ ᠬᠠᠢ᠌ᠯᠠᠰᠣ ᠶᠢ ᠣᠭᠳᠣᠯᠬᠣ ᠳᠤ ᠭᠠᠷ ᠶᠢᠠᠨ ᠡᠷᠬᠢᠬᠥᠯᠵᠦ ᠭᠠᠪᠰᠢᠭᠠᠢ᠌ᠯᠠᠨ ᠶᠠᠪᠣᠭᠰᠠᠨ ᠪᠠ ᠭᠠᠳᠠᠨ᠎ᠠ ᠣᠷᠣᠨ ᠤ ᠮᠣᠰᠢᠭᠠᠢ ᠦᠬᠡ ᠶᠢ ᠴᠤ ᠬᠡᠯᠡ ᠪᠠᠨ ᠬᠣᠭᠣᠷᠠᠳᠠᠯ᠎ᠠ ᠶᠠᠷᠢᠳᠠᠭ ᠪᠠᠢ᠌ᠵᠠᠢ᠃

ᠪᠢ ᠡᠪᠥᠬᠡ ᠡᠴᠡ ᠪᠠᠨ ᠰᠢᠬᠡᠰᠦ ᠪᠠᠨ ᠠᠯᠳᠠᠳᠠᠯ᠎ᠠ᠂ ᠰᠦᠨᠡᠰᠤ ᠪᠠᠨ ᠰᠠᠷᠨᠢᠳᠠᠯ᠎ᠠ᠂ ᠰᠣᠢᠭ᠌ ᠶᠢᠡᠨ ᠪᠣᠰᠠᠨᠢᠳᠠᠯ᠎ᠠ ᠠᠶᠣᠨ᠎ᠠ᠃ ᠡᠠᠢ᠂ ᠮᠢᠨᠣ ᠡᠪᠥᠬᠡ ᠬᠡᠵᠦ ᠪᠦᠬᠥᠯᠢ ᠪᠠᠶ᠎ᠠ ᠪᠠᠷ ᠶᠢᠡᠨ 《 ᠠᠶᠣᠬᠣ ᠡᠪᠠᠳᠴᠢᠨ 》 ᠤ ᠦᠨᠳᠥᠰᠤ ᠰᠣᠷᠪᠣᠯᠵᠢ ᠪᠢᠯᠠ᠃ ᠬᠡᠳᠡᠯ᠎ᠡ 《 ᠠᠶᠣᠬᠣ ᠡᠪᠠᠳᠴᠢᠨ 》  ᠤ ᠦᠨᠳᠥᠰᠤ ᠰᠣᠷᠪᠣᠯᠵᠢ ᠨᠢ ᠬᠠᠰᠢ ᠯᠠ ᠮᠠᠨ ᠤ ᠠᠪᠣ ᠶᠢᠨ ᠪᠠᠶ᠎ᠠ ᠲᠡᠬᠡᠷ᠎ᠡ ᠲᠦᠪᠯᠡᠷᠡᠨ ᠪᠠᠶᠠᠯᠠᠯ ᠶᠢᠡᠨ ᠣᠯᠣᠭᠰᠠᠨ ᠪᠠᠢ᠌ᠬᠣ ᠦᠭᠡᠶ ᠤᠤ᠃ ᠠᠪᠣ ᠮᠢᠨᠢ ᠡᠪᠥᠬᠡ ᠶᠢᠨ ᠮᠢᠨᠢ 《 ᠬᠡᠷᠢᠶᠡᠰ》 ᠢ ᠦᠬᠥᠨ ᠪᠠᠷᠢᠮᠳᠠᠯᠠᠵᠣ ᠶᠠᠪᠣᠭᠰᠠᠨ ᠨᠢ ᠦᠪᠴᠢᠨ ᠦᠪᠴᠢᠨ ᠲᠠᠭᠣᠷᠢᠶᠠᠵᠣ ᠠᠪᠣᠯ᠎ᠠ ᠬᠡᠬᠥ ᠳᠤ ᠶᠠᠭᠣ ᠨᠢ ᠡᠢᠯᠡᠬᠥᠳᠡᠬᠥ ᠣᠴᠢᠷ ᠪᠢᠯᠠ⁈ ᠲᠡᠬᠡᠬᠡᠥᠨ ᠠᠪᠣ ᠮᠢᠨᠢ ᠭᠠᠳᠠᠨ᠎ᠠ ᠭᠠᠵᠠᠷ ᠡᠴᠡ ᠴᠠᠭᠠᠴᠢᠯᠠᠨ ᠲᠡᠨᠦᠬᠥᠴᠢᠯᠡᠵᠦ ᠡᠢᠷᠡᠭ᠍ᠰᠡᠨ ᠬᠦᠮᠥᠰ ᠢ ᠲᠡᠬᠡᠷ᠎ᠡ ᠪᠠᠨ ᠨᠣᠶᠠᠨ ᠪᠣᠯᠭᠠᠵᠣ 《 ᠳᠦᠢᠵᠡᠨᠭ᠌ 》 ᠬᠡᠵᠦ ᠲᠠᠭᠣᠳᠠᠭᠠᠳ ᠲᠠᠭᠠᠵᠣ ᠠᠵᠢᠯᠯᠠᠪᠠ᠃ ᠲᠣᠬᠣ ᠲᠣᠯᠣᠭᠠᠢ ᠪᠠᠨ ᠲᠠᠮᠠᠷᠣᠳᠠᠵᠣ ᠡᠢᠷᠡᠬᠡᠥᠨ ᠠᠵᠢᠯᠯᠠᠪᠠ᠃ ᠲᠠᠭᠠᠵᠣ ᠠᠵᠢᠯᠯᠠᠯ᠎ᠠ ᠬᠡᠬᠥ ᠡᠴᠡ ᠲᠠᠭᠠᠭᠣᠯᠵᠣ ᠰᠢᠷᠣᠩᠬᠠᠢ᠌ᠯᠠᠯ᠎ᠠ ᠬᠡᠪᠡᠯ ᠲᠠᠭᠠᠷᠠᠭᠰᠠᠨ ᠦᠨᠡᠨ ᠶᠣᠰᠣ᠃ ᠲᠡᠬᠡᠬᠡᠥᠨ ᠲᠠᠷᠠ ᠮᠢᠨᠢ ᠨᠣᠳᠣᠭ ᠣᠰᠣᠨ ᠤ ᠪᠠᠨ ᠬᠠᠭᠠᠯᠪᠣᠷᠢᠯᠠᠵᠣ ᠪᠣᠯᠬᠣ ᠲᠠᠯ᠎ᠠ ᠵᠤ᠋ ᠪᠦᠬᠥᠨ ᠢ ᠬᠠᠭᠠᠯᠪᠣᠷᠢᠯᠠᠵᠣ ᠭᠠᠷᠣᠯ᠎ᠠ᠂ ᠣᠭᠳᠣᠯᠵᠣ ᠪᠣᠯᠬᠣ ᠮᠣᠳᠣ ᠪᠦᠬᠥᠨ ᠢ ᠣᠭᠳᠣᠯᠣᠯ᠎ᠠ᠂ ᠬᠦᠷᠢᠶ᠎ᠡ ᠠᠪᠠ᠂ ᠬᠣᠮᠣᠷᠭᠠᠨ ᠠᠪᠠ᠂ ᠲᠠᠳᠠᠭᠠᠨ ᠠᠪᠠ ᠳᠤ ᠰᠢᠭᠣᠷᠬᠠᠢ᠌ᠯᠠᠵᠣ ᠶᠠᠪᠣᠬᠣ ᠳᠠᠭᠠᠨ ᠲᠠᠯ᠎ᠠ ᠮᠠᠩᠬᠠᠨ ᠤ ᠪᠠᠨ ᠨᠠᠪᠳᠠᠭ ᠰᠠᠪᠳᠠᠭ᠂ ᠡᠵᠠᠯᠠᠨ ᠰᠠᠭᠣᠭᠴᠢ᠂ ᠰᠣᠢᠭ᠌ ᠰᠦᠨᠡᠰᠤ ᠶᠢ ᠪᠦᠷ ᠠᠯᠠᠵᠣ ᠪᠣᠰᠠᠨᠢᠭᠣᠯᠣᠯ᠎ᠠ᠃ ᠲᠡᠬᠡᠬᠡᠥᠨ ᠪᠠᠰᠠ 《 ᠲᠡᠷᠢᠶᠡᠯᠡᠨᠭ᠌ ᠳ᠋ᠠᠵᠠᠢ ᠡᠴᠡ ᠰᠣᠷᠣᠯᠴᠠᠶ᠎ᠠ》 ᠬᠡᠬᠥ ᠬᠦᠳᠡᠯᠬᠡᠬᠡᠨ ᠤ ᠲᠣᠮᠳᠠ ᠠᠭᠣᠯᠠᠨ ᠭᠠᠵᠠᠷ ᠤᠨ ᠠᠮᠢᠳᠣᠷᠠᠯ ᠢ 《 ᠠᠮᠢᠳᠣᠯᠢᠭ 》 ᠶᠢᠠᠷ ᠬᠡᠷᠡᠭ᠍ᠵᠢᠬᠥᠯᠵᠦ ᠲᠠᠯ᠎ᠠ ᠶᠢᠨ ᠭᠣᠣᠯ ᠳᠠᠭᠠᠨ 《 ᠵᠢᠭᠠᠰᠣᠨ ᠨᠢᠷᠣᠭᠣ 》 ᠲᠡᠶ ᠲᠠᠷᠢᠶ᠎ᠠ ᠭᠠᠷᠭᠠᠯ᠎ᠠ᠂ ᠡᠢᠯᠠᠮ᠎ᠠ ᠶᠢᠨ ᠮᠣᠳᠣ ᠪᠠᠷ ᠰᠠᠭᠰᠣ ᠬᠦᠷᠥᠵᠦ ᠪᠠᠭᠠᠰᠣ ᠲᠠᠮᠨᠠᠵᠣ ᠲᠠᠷᠢᠶᠠᠨ ᠳᠠᠭᠠᠨ ᠬᠢᠨ᠎ᠠ (ᠦᠭᠡᠷ ᠳᠡᠷᠭᠡ ᠪᠠᠨ ᠪᠦᠷ ᠠᠮᠠᠷᠠᠭᠤᠯᠪᠠ᠂ ᠦᠨᠡᠭᠡᠷ ᠳᠠᠤᠯᠠᠢ ᠬᠦᠭᠡᠭᠡᠬᠦ ᠳᠤ ᠵᠠᠷᠤᠬᠤ ᠭᠡᠰᠡᠨ ᠮᠠᠭᠠᠳ) ᠃ ᠰᠦᠨᠢ ᠪᠤᠯᠭᠠᠨ ᠬᠡᠰᠢᠬᠦᠳ ᠤᠨ ᠬᠤᠷᠠᠯ ᠬᠢᠨ᠎ᠠ᠂ ᠡᠪᠤᠭᠡᠴᠤᠳ ᠤᠷᠤᠯᠴᠠᠨ᠎ᠠ᠂ ᠢᠳᠡᠷᠴᠤᠳ ᠤᠷᠤᠯᠴᠠᠨ᠎ᠠ᠂ ᠡᠮᠡᠭᠳᠡᠢᠢᠴᠤᠳ ᠤᠷᠤᠯᠴᠠᠨ᠎ᠠ᠂ ᠵᠠᠯᠠᠭᠤᠴᠤᠳ ᠤᠷᠤᠯᠴᠠᠨ᠎ᠠ᠂ ᠨᠡᠨᠭ᠌ ᠴᠠᠭᠠᠰᠢᠯᠠᠨ ᠮᠠᠨ ᠮᠠᠨ ᠰᠢᠭ ᠪᠠᠭ᠎ᠠ ᠰᠣᠷᠭᠠᠭᠣᠯᠢ ᠶᠢᠨ ᠰᠣᠷᠣᠭᠴᠢᠳ ᠢ ᠴᠤ ᠣᠷᠣᠯᠴᠠᠭᠣᠯᠣᠨ᠎ᠠ᠃

《 ᠠᠶᠣᠬᠣ ᠡᠪᠠᠳᠴᠢᠨ 》 ᠤ ᠬᠣᠣᠷ ᠶᠣᠷᠣ ᠳᠤ ᠬᠠᠷᠠᠳᠠᠢ ᠣᠨᠣᠭᠳᠠᠭᠰᠠᠨ ᠠᠪᠣ ᠮᠢᠨᠢ 《 ᠠᠳᠠᠷ ᠬᠠᠭᠠᠯᠪᠣᠷᠢᠯᠠᠭᠰᠠᠨ ᠬᠣᠰᠢᠭᠣᠴᠢ 》᠂ 《 ᠮᠣᠳᠣ ᠣᠭᠳᠣᠯᠬᠣ ᠬᠦᠳᠡᠯᠬᠡᠬᠡᠨ ᠤ ᠬᠣᠰᠢᠭᠣᠴᠢ 》᠂ 《 ᠴᠢᠨᠣ᠎ᠠ ᠠᠯᠠᠭᠰᠠᠨ ᠪᠠᠭᠠᠳᠣᠷ 》 ᠁ ᠬᠡᠬᠥ ᠦᠢ ᠣᠯᠠᠨ ᠬᠦᠬᠢᠬᠥᠯᠥᠯ ᠱᠠᠩᠨᠠᠯ ᠤᠨ ᠲᠣᠮᠳᠠ ᠪᠠᠨ ᠬᠡᠪᠳᠡᠬᠡᠥᠨ ᠪᠣᠰᠴᠣ ᠲᠡᠢᠢᠯᠬᠥ ᠦᠭᠡᠶ ᠪᠣᠯᠵᠠᠢ᠃

ᠠᠷᠢᠯᠣᠰᠢ ᠦᠭᠡᠶ 《 ᠠᠶᠣᠬᠣ ᠡᠪᠠᠳᠴᠢᠨ 》 ᠤ ᠦᠨᠳᠥᠰᠤ ᠰᠣᠷᠪᠣᠯᠵᠢ ᠳᠤ ᠦᠬᠥᠳᠡᠯ᠎ᠡ ᠨᠡᠷᠪᠡᠭ᠍ᠳᠡᠭ᠍ᠰᠡᠨ ᠨᠢ ᠬᠠᠰᠢ ᠯᠠ ᠮᠢᠨᠣ ᠡᠠᠬ᠎ᠠ ᠪᠣᠯᠣᠨ᠎ᠠ᠃ 《 ᠡᠮᠣᠨ᠎ᠠ ᠭᠠᠷᠣᠭᠰᠠᠨ ᠴᠢᠬᠢᠨ ᠡᠴᠡ ᠬᠣᠢ᠌ᠨ᠎ᠠ ᠭᠠᠷᠣᠭᠰᠠᠨ ᠡᠪᠠᠷ ᠬᠠᠳᠠᠭᠣ 》 ᠬᠡᠳᠡᠭ ᠡᠨᠠ ᠪᠣᠶᠣ᠃ ᠲᠠᠪᠠᠷᠢ ᠪᠦᠲᠦᠬᠥᠨ ᠮᠣᠳᠣ ᠶᠢ ᠣᠭᠳᠣᠯᠵᠣ ᠣᠨᠠᠭᠠᠬᠣ ᠪᠦᠮᠪᠥᠷᠴᠡᠭ ᠤᠨ ᠴᠢᠨᠠᠷᠳᠠᠢ ᠬᠦᠳᠡᠯᠬᠡᠬᠡᠨ ᠳᠤ ᠲᠥᠷᠥᠭᠰᠡᠨ ᠪᠠᠶ᠎ᠠ ᠪᠠᠷ ᠶᠢᠡᠨ ᠣᠯᠵᠣ ᠣᠷᠣᠯᠴᠠᠭᠰᠠᠨ ᠦᠬᠡᠢ ᠬᠡᠵᠦ ᠬᠠᠷᠠᠮᠰᠠᠨ ᠬᠡᠯᠡᠬᠥ ᠳᠤ ᠪᠦᠬᠥ ᠪᠠᠶ᠎ᠠ ᠨᠢ ᠲᠠᠭᠵᠢᠨ ᠴᠠᠴᠠᠷᠠᠨ᠎ᠠ᠂ ᠠᠳᠠᠷ ᠬᠠᠭᠠᠯᠪᠣᠷᠢᠯᠠᠬᠣ ᠬᠦᠳᠡᠯᠬᠡᠬᠡᠨ ᠳᠤ ᠡᠠᠰ ᠤᠨ ᠪᠠᠶ᠎ᠠ ᠪᠠᠷ ᠶᠢᠡᠨ ᠣᠯᠵᠣ ᠣᠷᠣᠯᠴᠠᠭᠰᠠᠨ ᠦᠭᠡᠶ ᠬᠡᠵᠦ ᠠᠮᠨ ᠪᠠᠨ ᠲᠠᠷᠪᠠᠢ᠌ᠨ ᠬᠡᠯᠡᠬᠥ ᠳᠤ ᠮᠦᠨ ᠴᠤ ᠪᠦᠬᠥ ᠪᠠᠶ᠎ᠠ ᠨᠢ ᠲᠠᠭᠵᠢᠨ ᠴᠠᠴᠠᠷᠠᠵᠣ ᠭᠠᠷᠣᠨ᠎ᠠ᠃ ᠲᠡᠬᠡᠬᠥ ᠳᠤ ᠬᠦᠯᠢᠶᠡᠭ᠍ᠰᠡᠨ ᠬᠦᠮᠥᠨ ᠳᠤ ᠵᠢᠷᠭᠠᠯ ᠡᠢᠷᠠᠨ᠎ᠠ ᠬᠡᠳᠡᠭ ᠶᠢᠡᠷ ᠡᠠᠬ᠎ᠠ ᠮᠢᠨᠢ ᠰᠢᠷ᠎ᠠ ᠪᠣᠷᠭᠠᠰᠣ᠂ ᠪᠣᠷᠣ ᠪᠣᠷᠭᠠᠰᠣ᠂ ᠮᠣᠷᠢᠨ ᠰᠢᠪᠠᠭ᠂ ᠬᠠᠷ᠎ᠠ ᠰᠢᠪᠠᠭ᠂ ᠠᠯᠳᠠᠭᠠᠨ᠎ᠠ᠂ ᠨᠣᠬᠠᠢ ᠶᠢᠨ ᠰᠠᠭᠣᠷᠢ᠂ ᠪᠣᠳᠠ ᠰᠦᠬᠡᠭ᠌ ᠢ ᠬᠠᠳᠣᠬᠣ ᠪᠠ ᠣᠭ ᠶᠢᠠᠷ ᠨᠢ ᠣᠬᠣᠵᠣ ᠠᠪᠬᠣ 《 ᠰᠢᠷᠥᠬᠥᠨ ᠲᠣᠯᠣᠯᠳᠣᠭᠠᠨ 》 ᠳᠤ ᠭᠠᠷ ᠰᠢᠯᠠᠮᠠᠳᠠᠨ ᠭᠠᠷᠮᠠᠭᠠᠢ᠌ᠯᠠᠨ ᠪᠠᠢ᠌ᠯᠳᠣᠵᠣ᠂ ᠭᠠᠵᠢᠵᠣ ᠬᠣᠭᠣᠷᠠᠰᠢ ᠦᠭᠡᠶ ᠭᠠᠢ᠌ᠬᠠᠮᠰᠢᠭᠳᠣ 《 ᠭᠠᠪᠢᠶ᠎ᠠ 》 ᠶᠢ ᠪᠠᠢ᠌ᠭᠣᠯᠵᠠᠢ᠃ ᠠᠪᠣ ᠮᠢᠨᠢ ᠬᠠᠠᠵᠣᠨ ᠭᠣᠣᠯ ᠳᠠᠭᠠᠨ ᠵᠠᠪᠢᠯᠠᠨ ᠰᠠᠭᠣᠵᠣ᠂ ᠣᠯᠠᠭᠠᠨ ᠨᠠᠪᠴᠢᠨ ᠲᠠᠮᠠᠬᠢ ᠪᠠᠨ ᠣᠷᠵᠢᠨᠣᠨ ᠤ ᠲᠥᠷᠥᠭᠰᠡᠨ ᠲᠣᠭᠣᠯ ᠤᠨ ᠬᠦᠯ ᠤᠨ ᠬᠢᠷᠢ ᠪᠦᠲᠦᠬᠥᠨ ᠣᠷᠢᠶᠠᠵᠣ ᠠᠪᠣᠭᠠᠳ ᠬᠣᠪᠥᠡᠭ ᠲᠡᠶ ᠭᠠᠯ ᠶᠢᠠᠨ ᠭᠠᠯ ᠤᠨ ᠬᠠᠪᠴᠢᠭᠣᠷ ᠶᠢᠠᠷ ᠶᠢᠠᠨ ᠬᠠᠪᠴᠢᠵᠣ ᠲᠠᠮᠠᠬᠢ ᠪᠠᠨ ᠨᠣᠴᠣᠭᠠᠵᠣ ᠣᠳᠣᠭ᠎ᠠ ᠮᠠᠨᠠᠷᠠᠭᠣᠯᠣᠨ ᠰᠠᠭᠣᠨ᠎ᠠ᠃ ᠲᠠᠬᠢᠨ ᠬᠠᠠᠵᠣᠨ ᠡᠢᠷᠮᠡᠭ ᠤᠨ ᠲᠡᠬᠡᠷ᠎ᠡ ᠲᠠᠯᠪᠢᠭᠰᠠᠨ ᠬᠣᠠᠳᠠᠭ᠎ᠠ ᠲᠡᠶ ᠠᠷᠢᠬᠢ ᠪᠠᠨ ᠴᠢᠮᠬᠢᠵᠣ ᠠᠪᠣᠭᠠᠳ 《 ᠵᠤᠷᠳ᠋ 》 ᠬᠡᠳᠡᠯ᠎ᠡ ᠶᠠᠪᠣᠭᠣᠯᠬᠣ ᠳᠠᠭᠠᠨ ᠮᠢᠨᠣ ᠶᠡᠬᠡ ᠬᠦᠤ ᠬᠣᠷᠢ ᠬᠦᠷᠴᠦ ᠬᠣᠩᠭ᠋ᠣᠨ ᠳᠠᠭᠠᠨ ᠲᠣᠯᠪᠠᠯ ᠨᠠᠳᠠ ᠡᠴᠡ ᠲᠠᠪᠠᠵᠣ ᠠᠮᠢᠳᠣᠷᠠᠬᠣ ᠡᠷ᠎ᠠ ᠪᠣᠯᠣᠨ᠎ᠠ ᠬᠡᠵᠦ ᠬᠣᠠᠳᠠᠭ᠎ᠠ ᠪᠠᠨ ᠲᠠᠯᠪᠢᠭᠠᠳ ᠬᠡᠯᠡᠬᠥ ᠳᠡᠭᠡᠨ ᠲᠠᠬᠢᠨ ᠡᠷᠠᠬᠡᠢ ᠬᠣᠷᠣᠭᠣ ᠪᠠᠨ ᠬᠠᠮᠠᠷ ᠲᠠᠭᠠᠨ ᠭᠣᠳ ᠰᠢᠭᠠᠵᠣ ᠣᠷᠣᠭᠣᠯᠣᠭᠠᠳ ᠪᠠᠶᠠᠷᠯᠠᠨ᠎ᠠ᠃ ᠡᠠᠬ᠎ᠠ ᠮᠢᠨᠢ ᠬᠠᠭᠠᠨ ᠤ ᠠᠯᠳᠠᠨ ᠲᠢᠳᠢᠮ ᠶᠢᠠᠷ ᠱᠠᠩᠨᠠᠭᠳᠠᠭᠰᠠᠨ ᠮᠠᠳᠣ ᠪᠠᠶᠠᠷᠯᠠᠬᠣ ᠳᠠᠭᠠᠨ ᠲᠡᠬᠡᠷ᠎ᠡ ᠦᠰᠥᠷᠣᠬᠡᠥᠨ ᠲᠣᠣᠷ᠎ᠠ ᠰᠠᠪᠠᠨ ᠣᠨᠠᠵᠠᠢ᠃ ᠣᠴᠢᠷ ᠨᠢ ᠲᠠᠷᠠ ᠣᠢᠶ᠎ᠡ ᠳᠤ 《 ᠳ᠋ᠦᠢ 》 ᠡᠴᠡ ᠲᠡᠷᠬᠡ ᠦᠭ᠍ᠬᠥ ᠦᠭᠡᠶ ᠪᠤᠯᠬᠤᠷ ᠡᠠᠬ᠎ᠠ ᠮᠢᠨᠢ ᠨᠣᠢ᠌ᠳᠠᠨ ᠬᠦᠯᠳᠡᠬᠥᠤ ᠪᠦᠲᠦᠬᠥᠨ ᠪᠣᠷᠭᠠᠰᠣ ᠶᠢ ᠲᠠᠰᠣ ᠲᠠᠰᠣ ᠴᠠᠪᠴᠢᠭᠠᠳ᠂ ᠨᠢᠴᠠᠷᠠᠳᠠᠯ᠎ᠠ ᠨᠢᠴᠠᠷᠠᠳᠠᠯ᠎ᠠ ᠪᠣᠭᠣᠵᠢᠯᠠᠭᠠᠳ ᠡᠬᠥᠷᠥᠬᠡᠥᠨ ᠡᠬᠥᠷᠥᠬᠡᠥᠨ ᠡᠢᠷᠠᠨ᠎ᠠ᠃ ᠬᠦᠮᠥᠰ ᠲᠡᠬᠥᠨ ᠢ ᠠᠯᠣᠰ ᠬᠣᠯᠠ ᠨᠢᠳᠣᠨ ᠤ ᠪᠠᠷ᠎ᠠ ᠡᠴᠠ ᠬᠠᠷᠠᠭᠠᠳ ᠲᠥᠷᠪᠡ ᠬᠦᠯᠥᠭᠰᠡᠨ ᠦᠬᠡᠷ ᠲᠡᠷᠬᠡ ᠪᠠᠷ ᠬᠠᠮᠬᠣᠣᠯ ᠰᠣᠢ᠌ᠷᠬᠣᠣᠯ ᠢ ᠲᠡᠬᠡᠬᠡᠯ᠎ᠡ ᠬᠡᠵᠦ ᠶᠠᠷᠢᠵᠣ ᠪᠠᠢ᠌ᠭᠰᠠᠨ ᠣᠳᠠᠭ᠎ᠠ ᠲᠠᠢ᠃ ᠲᠠᠷᠠ ᠮᠢᠨᠢ ᠠᠪᠣ ᠶᠢᠨ ᠱᠠᠩᠨᠠᠭᠰᠠᠨ ᠮᠠᠭᠳᠠᠭᠠᠯ ᠲᠣᠣᠷ᠎ᠠ ᠡᠳᠣᠷ ᠶᠢᠡᠷ ᠡᠬᠦᠷᠦᠨ᠎ᠠ᠂ ᠦᠳᠡᠰᠢ ᠪᠠᠷ ᠴᠤ ᠡᠬᠦᠷᠦᠨ᠎ᠠ᠂ ᠦᠯᠥᠨ ᠶᠢᠡᠷ ᠡᠬᠥᠷᠦᠨ᠎ᠠ᠂ ᠡᠢᠳᠠᠵᠣ ᠪᠠᠷᠠᠯ᠎ᠠ ᠯᠠ ᠬᠡᠪᠡᠯ ᠪᠠᠰᠠ ᠡᠬᠥᠷᠦᠨ᠎ᠠ᠂ ᠰᠣᠷᠭᠠᠭᠣᠯᠢ ᠡᠴᠡ ᠪᠠᠨ ᠡᠢᠷᠡᠬᠥ ᠣᠢᠶ᠎ᠡ ᠳᠤ ᠡᠭᠦᠷᠦᠨ᠎ᠠ᠂ ᠰᠣᠷᠭᠠᠭᠣᠯᠢ ᠶᠢᠨ ᠬᠢᠴᠢᠶᠠᠯ ᠶᠢᠡᠨ ᠰᠠᠭᠠᠳᠠᠭᠠᠵᠣ ᠪᠠᠢ᠌ᠭᠠᠳ ᠴᠤ ᠡᠬᠥᠷᠥᠨ᠎ᠠ᠃ ᠬᠣᠵᠢᠮ ᠨᠢ ᠰᠢᠭᠣᠳ ᠰᠣᠷᠭᠠᠭᠣᠯᠢ ᠰᠣᠶᠣᠯ ᠡᠴᠡ ᠪᠠᠨ ᠵᠤᠭᠰᠣᠵᠣ ᠡᠢᠷᠡᠬᠡᠥᠨ ᠡᠬᠥᠷᠥᠬᠡᠥᠨ ᠯᠠ ᠪᠠᠢ᠌ᠪᠠ᠃ ᠬᠣᠵᠢᠮ ᠨᠢ ᠵᠠᠬᠥᠨ ᠮᠠᠩᠬᠠᠨ ᠤ ᠪᠣᠰᠣᠭ᠎ᠠ ᠣᠷᠭᠣᠮᠠᠯ ᠪᠦᠬᠥᠨ ᠢ ᠡᠬᠥᠷᠴᠦ ᠪᠠᠷᠠᠬᠣ ᠦᠭᠡᠶ ᠪᠣᠯ ᠠᠪᠣ ᠶᠢᠨ ᠶᠢᠠᠨ ᠰᠠᠢ᠌ᠨ ᠬᠦᠤ ᠪᠢᠰᠢ ᠬᠡᠵᠦ ᠲᠡᠷᠢᠶᠡᠯᠡᠨᠭ᠌ ᠳ᠋ᠠᠵᠠᠢ ᠡᠴᠡ ᠰᠣᠷᠣᠯᠴᠠᠭᠰᠠᠨ ᠵᠤᠷᠢᠭ ᠰᠠᠨᠠᠭ᠎ᠠ ᠪᠠᠷ ᠪᠠᠷᠠᠭᠣᠨ ᠭᠠᠷ ᠶᠢᠠᠨ ᠲᠡᠬᠡᠷ᠎ᠡ ᠡᠷᠬᠦᠵᠤ ᠪᠠᠢ᠌ᠭᠠᠳ ᠪᠠᠷᠳᠠᠮ ᠲᠠᠩᠭ᠋ᠠᠷᠢᠭᠯᠠᠵᠠᠢ᠃

ᠰᠢᠷ᠎ᠠ ᠪᠣᠷᠭᠠᠰᠣ᠂ ᠪᠣᠷᠣ ᠪᠣᠷᠭᠠᠰᠣ᠂ ᠮᠣᠷᠢᠨ ᠰᠢᠪᠠᠭ᠂ ᠬᠠᠷ᠎ᠠ ᠰᠢᠪᠠᠭ᠂ ᠪᠣᠳᠠ ᠰᠦᠬᠡᠭ᠌᠂ ᠠᠯᠳᠠᠭᠠᠨ᠎ᠠ᠂ ᠨᠣᠬᠠᠢ ᠶᠢᠨ ᠰᠠᠭᠣᠷᠢ᠂ ᠬᠠᠢ᠌ᠯᠠᠰᠣᠨ ᠪᠣᠳᠠ᠂ ᠲᠠᠯᠳᠣᠨ ᠪᠣᠳᠠ ᠶᠢ ᠬᠠᠳᠣᠵᠣ ᠪᠠᠷᠠᠭᠠᠳ᠂ ᠡᠬᠥᠷᠴᠦ ᠪᠠᠷᠠᠭᠠᠳ ᠡᠠᠬ᠎ᠠ ᠮᠢᠨᠢ ᠭᠠᠷ ᠶᠢᠠᠨ ᠨᠣᠬᠣᠯᠠᠨ ᠭᠠᠴᠢᠭᠳᠠᠭᠰᠠᠨ ᠦᠬᠡᠢ᠂ ᠭᠠᠵᠠᠷ ᠢ ᠲᠠᠪᠰᠠᠨ ᠬᠢᠳᠠᠯ ᠠᠯᠳᠠᠭᠰᠠᠨ ᠦᠭᠡᠶ᠂ ᠬᠡᠢ᠌ᠷᠬᠡᠯ ᠨᠢ ᠨᠡᠨᠭ᠌ ᠴᠤ ᠪᠠᠭᠣᠭᠰᠠᠨ ᠦᠭᠡᠶ᠃ ᠡᠠᠬ᠎ᠠ ᠮᠢᠨᠢ ᠠᠪᠣ ᠶᠢᠨ ᠮᠢᠨᠢ 《 ᠣᠯᠠᠭᠠᠨ ᠵᠠᠯᠭᠠᠮᠵᠢᠯᠠᠭᠴᠢ 》 ᠪᠣᠯᠬᠣ ᠳᠤ ᠬᠠᠳᠣᠭᠣᠷ ᠤᠨ ᠡᠢᠷ ᠮᠠᠳᠣ ᠵᠠᠯᠠᠭᠣ ᠨᠠᠰᠣᠨ ᠳᠠᠭᠠᠨ ᠠᠷᠴᠢᠭᠣᠷ ᠤᠨ ᠭᠣᠬ᠎ᠠ ᠮᠠᠳᠣ ᠪᠥᠭ᠍ᠳᠦᠢᠢᠵᠦ ᠶᠠᠪᠣᠭᠰᠠᠨ ᠠᠪᠣ ᠮᠢᠨᠢ 《 ᠴᠡᠷᠢᠭ᠌ ᠡᠴᠡ ᠪᠠᠭᠣᠵᠣ᠂ ᠬᠡᠷᠡᠭ ᠡᠴᠡ ᠭᠠᠷᠬᠣ 》 ᠳᠠᠭᠠᠨ ᠬᠠᠠᠵᠣᠨ ᠭᠣᠣᠯ ᠳᠠᠭᠠᠨ ᠵᠠᠪᠢᠯᠠᠨ ᠰᠠᠭᠣᠵᠣ᠂ ᠡᠯᠠᠩᠬᠡᠢ ᠪᠠᠷᠠᠩᠬᠠᠢ ᠣᠯᠣᠩᠳᠠᠢ ᠶᠢᠨ ᠶᠢᠨ ᠡᠩᠬᠡᠷ ᠢ ᠨᠢ ᠵᠦᠷᠢᠬᠥᠯᠵᠦ᠂ ᠬᠣᠪᠥᠡᠭ ᠤᠨ ᠭᠠᠯ ᠲᠡᠬᠡᠷ᠎ᠡ ᠪᠠᠨ ᠬᠦᠯᠴᠥᠬᠡᠬᠥ ᠪᠣᠶᠣ ᠬᠦᠢᠳᠡᠨ ᠨᠣᠢ᠌ᠳᠠᠨ ᠡᠳᠣᠷ ᠭᠠᠷᠪᠠᠯ ᠬᠣᠶᠠᠷ ᠬᠣᠪᠢᠡᠭ ᠶᠢᠠᠨ ᠰᠢᠮᠠᠨ ᠰᠢᠮᠠᠨ ᠰᠠᠭᠣᠬᠣ ᠪᠣᠯᠪᠠ᠃

ᠡᠠᠬ᠎ᠠ ᠮᠢᠨᠢ ᠮᠣᠳᠣ ᠴᠠᠪᠴᠢᠳᠠᠭ ᠰᠦᠬᠡ ᠶᠢ ᠨᠢ ᠵᠠᠯᠭᠠᠮᠵᠢᠯᠠᠵᠣ ᠠᠪᠣᠯ᠎ᠠ᠂ ᠲᠥᠯᠠᠬᠡ ᠬᠠᠳᠣᠳᠠᠭ ᠬᠠᠳᠣᠭᠣᠷ ᠢ ᠨᠢ ᠵᠠᠯᠭᠠᠮᠵᠢᠯᠠᠵᠣ ᠠᠪᠣᠯ᠎ᠠ᠂ ᠡᠪᠠᠰᠣ ᠴᠣᠬᠢᠳᠠᠭ ᠰᠠᠠᠳᠣᠤ ᠶᠢ ᠨᠢ ᠵᠠᠯᠭᠠᠮᠵᠢᠯᠠᠵᠣ ᠠᠪᠣᠯ᠎ᠠ᠂ ᠲᠠᠷᠢᠶ᠎ᠠ ᠠᠷᠴᠢᠳᠠᠭ ᠠᠷᠴᠢᠭᠣᠷ ᠢ ᠨᠢ ᠵᠠᠯᠭᠠᠮᠵᠢᠯᠠᠵᠣ ᠠᠪᠣᠯ᠎ᠠ᠃ ᠨᠠᠪᠴᠢᠨ ᠣᠯᠠᠭᠠᠨ ᠲᠠᠮᠠᠬᠢ ᠶᠢ ᠲᠣᠭᠣᠯ ᠤᠨ ᠬᠦᠯ ᠤᠨ ᠬᠢᠷᠢ ᠪᠦᠲᠦᠬᠥᠨ ᠣᠷᠢᠶᠠᠬᠣ ᠶᠢ ᠨᠢ ᠴᠤ ᠵᠠᠯᠭᠠᠮᠵᠢᠯᠠᠵᠣ ᠠᠪᠣᠯ᠎ᠠ᠂ ᠰᠢᠪ ᠰᠢᠷᠠᠯᠬᠠᠨ ᠴᠠᠷ ᠶᠢᠠᠷ ᠨᠢᠯᠪᠣᠳᠠᠭ ᠵᠠᠡᠭ ᠵᠠᠩᠰᠢᠯ ᠢ ᠨᠢ ᠴᠤ ᠵᠠᠯᠭᠠᠮᠵᠢᠯᠠᠵᠣ ᠠᠪᠣᠯ᠎ᠠ᠃ ᠠᠯᠠᠪᠠᠯ ᠮᠢᠬ᠎ᠠ ᠠᠯᠳᠠᠪᠠᠯ ᠪᠠᠬ᠎ᠠ ᠬᠡᠵᠦ ᠵᠧᠡᠭ ᠶᠧ ᠶᠢᠨ ᠭᠠᠢ ᠡᠴᠡ ᠬᠣᠳᠠᠯᠳᠣᠵᠣ ᠠᠪᠣᠭᠰᠠᠨ ᠰᠠ ᠫᠣᠤ ᠶᠢ ᠨᠢ ᠵᠠᠯᠭᠠᠮᠵᠢᠯᠠᠵᠣ ᠠᠪᠣᠯ᠎ᠠ᠃ ᠲᠡᠬᠡᠬᠡᠥᠨ ᠡᠠᠬ᠎ᠠ ᠮᠢᠨᠢ ᠴᠠᠰᠣ ᠣᠷᠣᠯ᠎ᠠ ᠯᠠ ᠬᠡᠪᠡᠯ ᠲᠦᠬᠥᠬᠡᠢ ᠰᠢᠷ ᠶᠢᠡᠷ ᠬᠢᠭ᠍ᠰᠡᠨ ᠫᠣᠤ ᠶᠢᠨ ᠡᠬᠥᠷᠥᠪᠴᠢ ᠪᠠᠷ ᠶᠢᠡᠨ ᠰᠠ ᠫᠣᠤ ᠪᠠᠨ ᠮᠥᠷᠥᠯᠡᠨ ᠡᠬᠥᠷᠴᠦ᠂ ᠭᠠᠬᠠᠢ ᠶᠢᠨ ᠠᠷᠠᠰᠣ ᠪᠠᠷ ᠵᠤᠬᠢᠶᠠᠭᠰᠠᠨ ᠬᠣᠯᠳᠣᠤ ᠲᠣᠳᠣᠷ᠎ᠠ ᠪᠠᠨ ᠦᠨᠡᠰᠤ ᠰᠠ ᠪᠠᠨ ᠲᠦᠬᠥᠷᠬᠡᠬᠡᠥᠨ᠂ ᠡᠡᠨᠭ᠌ ᠤᠨ ᠣᠯᠵᠠ ᠪᠠᠨ ᠡᠬᠥᠷᠬᠥ ᠰᠣᠯᠠ ᠡᠬᠥᠷᠥᠪᠴᠢ ᠪᠠᠨ ᠬᠦᠷᠢᠶᠡᠳᠡᠨᠭ᠌ ᠡᠴᠡ ᠪᠠᠨ ᠰᠦᠢᠷᠠᠵᠣ᠂ ᠬᠦᠢᠳᠡᠨ ᠬᠦᠯᠳᠡᠬᠥᠤ ᠴᠠᠰᠣᠨ ᠲᠡᠬᠡᠷ᠎ᠡ ᠭᠣᠳ ᠭᠣᠳ ᠬᠢᠰᠬᠢᠯᠠᠨ ᠨᠠᠭᠠᠰᠢ ᠴᠠᠭᠠᠰᠢ ᠬᠠᠷᠠᠬᠣ ᠳᠠᠭᠠᠨ ᠨᠠᠪᠴᠢᠨ ᠲᠠᠮᠠᠬᠢ ᠪᠠᠨ ᠪᠠᠰᠠ ᠲᠣᠭᠣᠯ ᠤᠨ ᠬᠦᠯ ᠤᠨ ᠬᠢᠷᠢ ᠪᠦᠲᠦᠬᠥᠨ ᠣᠷᠢᠶᠠᠵᠣ ᠣᠳᠣᠭ᠎ᠠ ᠮᠠᠨᠠᠷᠠᠭᠣᠯᠣᠨ ᠶᠠᠪᠣᠬᠣ ᠨᠢ ᠬᠣᠯᠠ ᠡᠴᠠ ᠬᠠᠷᠠᠬᠣ ᠳᠤ ᠶᠠᠭ ᠯᠠ ᠨᠢᠬᠡ ᠣᠪᠣᠭ᠎ᠠ ᠠᠷᠭᠠᠯ ᠭᠠᠯ ᠣᠷᠣᠭᠰᠠᠨ ᠮᠠᠳᠣ ᠪᠣᠶᠣ ᠮᠢᠨᠣ ᠠᠪᠣ ᠪᠣᠰᠣᠭ᠎ᠠ ᠪᠠᠶ᠎ᠠ ᠪᠠᠷ ᠶᠢᠡᠨ ᠵᠠᠯᠠᠷᠠᠵᠣ ᠪᠠᠢ᠌ᠨ᠎ᠠ ᠬᠡᠪᠡᠯ ᠨᠢᠬᠡ ᠯᠠ ᠦᠬᠡ᠃

ᠲᠡᠬᠡᠬᠥ ᠳᠤ ᠡᠠᠬ᠎ᠠ ᠮᠢᠨᠢ ᠡᠪᠣᠯ ᠪᠣᠯᠵᠣ ᠬᠦᠢᠳᠡᠷᠡᠯ᠎ᠡ ᠯᠠ ᠬᠡᠪᠡᠯ ᠴᠠᠰᠣ ᠣᠷᠣᠬᠣ ᠶᠢ ᠲᠣᠡᠭ ᠬᠦᠰᠡᠨ ᠮᠥᠷᠣᠬᠡᠳᠥᠨ ᠰᠠᠭᠣᠵᠣ ᠪᠠᠷᠢᠬᠤ ᠪᠠᠨ ᠠᠯᠳᠠᠳᠠᠭ ᠶᠣᠮ᠃

ᠲᠠᠷᠠ ᠮᠢᠨᠢ ᠪᠢᠴᠢᠬᠡᠲᠦ ᠠᠢ᠌ᠯ ᠤᠨ ᠶᠢᠠᠨ ᠲᠠᠯ᠎ᠠ ᠵᠤ᠋᠂ ᠮᠠᠩ‍ᠬ᠎ᠠ ᠰᠣᠵᠠᠭ ᠶᠢᠠᠷ ᠰᠡᠭ᠍ᠰᠡᠯᠵᠡᠨ ᠲᠠᠷᠪᠠᠯᠵᠠᠨ ᠶᠠᠪᠣᠬᠣ ᠳᠠᠭᠠᠨ ᠰᠢᠪ ᠰᠢᠨᠡᠬᠡᠨ ᠭᠠᠷ ᠪᠤᠯᠬᠤᠷ ᠠᠯᠳᠠᠪᠠᠯ ᠪᠠᠬ᠎ᠠ ᠡ︕ ᠬᠡᠵᠦ ᠬᠡᠯᠡᠬᠡᠥᠨ ᠠᠩᠰᠠᠯᠵᠠᠨ ᠠᠩᠰᠠᠯᠵᠠᠨ ᠶᠠᠳᠠᠷᠠᠵᠣ ᠵᠦᠳᠡᠷᠠᠬᠡᠥᠨ ᠡᠢᠷᠡᠳᠡᠭ ᠪᠠᠢ᠌ᠵᠠᠢ᠃ ᠲᠠᠷᠠ ᠣᠢᠶ᠎ᠡ ᠳᠤ ᠡᠠᠬ᠎ᠠ ᠮᠢᠨᠢ ᠬᠡᠪᠳᠡᠵᠦ ᠪᠠᠢ᠌ᠭ᠎ᠠ ᠲᠠᠣᠯᠠᠢ ᠶᠢ ᠬᠠᠷᠪᠣᠭᠠᠳ ᠠᠯᠠᠵᠣ ᠲᠡᠢᠢᠯᠬᠥ ᠦᠭᠡᠶ᠂ ᠬᠦᠶᠥᠵᠦ ᠪᠠᠢ᠌ᠭ᠎ᠠ ᠦᠨᠡᠬᠡ ᠶᠢ ᠬᠠᠷᠪᠣᠭᠠᠳ ᠠᠯᠳᠠᠭᠠᠳ ᠶᠠᠪᠣᠭᠣᠯᠣᠨ᠎ᠠ᠂ ᠨᠢᠰᠦᠬᠡᠥᠨ ᠭᠠᠷᠬᠣ ᠭᠣᠷᠭᠣᠣᠯ ᠢ ᠬᠠᠷᠪᠣᠵᠣ ᠰᠣᠴᠢᠭᠠᠭᠠᠳ ᠶᠠᠪᠣᠭᠣᠯᠣᠨ᠎ᠠ᠃ ᠲᠡᠬᠡᠬᠥ ᠳᠤ ᠣᠳᠠᠭ᠎ᠠ ᠪᠣᠯᠭᠠᠨ ᠤ ᠡᠬᠥᠷᠥᠪᠴᠢ ᠨᠢ ᠬᠣᠭᠣᠰᠣᠨ ᠪᠣᠯᠬᠣ ᠶᠢ ᠦᠵᠡᠭ᠍ᠰᠡᠨ ᠠᠪᠣ ᠮᠢᠨᠢ 《 ᠦᠨᠳᠥᠷ ᠠᠭᠣᠯᠠᠨ 》 ᠡᠴᠡ ᠪᠠᠨ ᠪᠠᠭᠣᠯ᠎ᠠ᠃ 《 ᠦᠨᠳᠥᠷ ᠠᠭᠣᠯᠠᠨ 》 ᠡᠴᠡ ᠲᠡᠰᠬᠡᠯ ᠦᠭᠡᠶ ᠪᠠᠭᠣᠯ᠎ᠠ᠃ ᠲᠡᠬᠡᠬᠡᠥᠨ ᠫᠣᠤ ᠶᠢ ᠶᠠᠭᠠᠬᠢᠵᠣ ᠡᠰᠢᠯᠡᠬᠥ ᠲᠣᠬᠠᠢ᠂ ᠫᠣᠣᠽᠢ ᠶᠢ ᠨᠢ ᠬᠡᠷᠬᠢᠨ ᠲᠠᠷᠣᠬᠣ ᠲᠣᠬᠠᠢ᠂ ᠬᠠᠷᠠᠭ᠎ᠠ ᠪᠠᠨ ᠶᠠᠭᠠᠬᠢᠵᠣ ᠣᠨᠣᠰᠢᠯᠠᠬᠣ ᠲᠣᠬᠠᠢ᠂ ᠬᠦᠶᠥᠵᠦ ᠪᠠᠢ᠌ᠭ᠎ᠠ ᠠᠮᠢᠳᠠᠨ ᠢ ᠶᠠᠭᠠᠬᠢᠵᠣ ᠬᠠᠷᠪᠣᠬᠣ ᠲᠣᠬᠠᠢ᠂ ᠨᠢᠰᠴᠣ ᠪᠠᠢ᠌ᠭ᠎ᠠ ᠵᠢᠬᠥᠷᠳᠡᠨ ᠢ ᠶᠠᠭᠠᠬᠢᠵᠣ ᠬᠠᠷᠪᠣᠬᠣ ᠲᠣᠬᠠᠢ ᠲᠡᠶ ᠣᠳᠠᠭ᠎ᠠ ᠲᠠᠷᠠᠭᠠᠯᠠᠨ ᠣᠢ᠌ᠳᠣᠯ ᠦᠭᠡᠶ ᠵᠢᠭᠠᠵᠣ ᠦᠭ᠍ᠬᠥᠭ᠍ᠰᠡᠨ ᠪᠠ ᠦᠪᠡᠷ ᠤᠨ ᠪᠠᠶ᠎ᠠ ᠶᠢᠨ ᠬᠢᠨᠢ 《 ᠣᠯᠠᠭᠠᠨ ᠵᠠᠯᠭᠠᠮᠵᠢᠯᠠᠭᠴᠢ 》 ᠶᠢᠨ ᠡᠬᠥᠳᠡᠨ ᠡᠴᠡ ᠬᠠᠯᠠᠰᠢᠷᠠᠯ ᠦᠭᠡᠶ ᠴᠢᠷᠮᠠᠢ᠌ᠵᠣ᠂ ᠬᠠᠳᠠᠭᠣᠵᠢᠨ ᠲᠠᠪᠳᠠᠨ ᠪᠣᠯᠪᠠᠰᠣᠷᠠᠭᠰᠠᠨ ᠡᠴᠡ ᠪᠣᠯᠵᠣ ᠣᠳᠠᠯ ᠦᠭᠡᠶ ᠪᠢᠴᠢᠬᠡᠲᠦ ᠶᠢᠨ ᠠᠢ᠌ᠯ ᠤᠨ ᠮᠠᠩᠬᠠᠨ ᠲᠣᠳᠣᠷ᠎ᠠ ᠪᠠᠨ ᠨᠡᠷ᠎ᠡ ᠲᠡᠶ ᠮᠡᠷᠬᠡᠨ ᠫᠣᠣᠴᠢ ᠪᠣᠯᠣᠭᠰᠠᠨ ᠶᠢᠠᠷ ᠪᠠᠷᠠᠬᠣ ᠦᠭᠡᠶ ᠪᠦᠬᠥᠢ ᠯᠡ ᠬᠣᠰᠢᠭᠣ ᠨᠣᠳᠣᠭ ᠪᠠ ᠬᠣᠷᠴᠢᠨ ᠠᠢ᠌ᠮᠠᠭ ᠲᠤ ᠨᠢᠳᠣ ᠶᠢ ᠨᠢ ᠵᠢᠭᠠᠪᠠᠯ ᠬᠠᠮᠠᠷ ᠢ ᠨᠢ ᠣᠨᠣᠳᠠᠭ ᠦᠭᠡᠶ᠂ ᠬᠦᠵᠦᠬᠥᠤ ᠶᠢ ᠨᠢ ᠵᠢᠭᠠᠪᠠᠯ ᠪᠠᠶ᠎ᠠ ᠶᠢ ᠨᠢ ᠣᠨᠣᠳᠠᠭ ᠦᠭᠡᠶ ᠬᠡᠰᠡᠨ ᠠᠯᠳᠠᠷ ᠴᠣᠤ ᠮᠠᠠᠳᠣᠵᠠᠢ᠃

ᠡᠠᠬ᠎ᠠ ᠪᠣᠯ ᠠᠪᠣ ᠶᠢᠨ 《 ᠡᠪᠠᠳᠴᠢᠨ 》 ᠢ ᠨᠢ ᠨᠣ᠊  ᠦᠭᠡᠶ ᠵᠠᠯᠭᠠᠮᠵᠢᠯᠠᠭᠴᠢ᠂ ᠠᠪᠣ ᠡᠴᠡ ᠮᠢᠨᠢ ᠠᠷᠪᠠᠨ ᠬᠣᠪᠢ ᠲᠠᠪᠠᠭᠰᠠᠨ 《 ᠠᠮᠠᠷ ᠦᠭᠡᠶ ᠪᠠᠭᠠᠳᠣᠷ ᠡᠷ᠎ᠠ ᠡ 》᠂ ᠠᠷᠤ ᠶᠢᠨ ᠶᠡᠬᠡ ᠠᠯᠳᠠᠨ ᠲᠡᠯᠠᠬᠡᠢ ᠲᠡᠬᠡᠷ᠎ᠡ ᠠᠷᠭ᠎ᠠ ᠦᠭᠡᠶ 《 ᠡᠪᠠᠳᠴᠢᠨ 》 ᠪᠠᠰᠠ ᠦᠪᠴᠢᠵᠦ ᠲᠦᠷᠦᠳᠡᠭ ᠪᠠᠢ᠌ᠬᠣ ᠦᠭᠡᠶ ᠦᠦ᠃ ᠣᠢᠶ᠎ᠡ ᠬᠡᠰᠢᠬᠥᠤ᠂ ᠴᠢᠰᠤ ᠮᠢᠬ᠎ᠠ᠂ ᠦᠵᠡᠯ ᠪᠣᠳᠣᠯ᠂ ᠰᠣᠷᠳᠠᠯ ᠣᠬᠠᠭᠠᠨ ᠳ᠋ᠣᠨᠢ ᠰᠢᠩᠬᠡᠨ ᠰᠢᠩᠬᠡᠵᠦ᠂ ᠠᠭᠣᠰᠣᠨ ᠠᠭᠣᠰᠴᠣ ᠣᠯᠠᠮᠵᠢᠯᠠᠳᠠᠭ ᠪᠠᠢ᠌ᠬᠣ ᠦᠭᠡᠶ ᠦᠦ᠃

ᠡᠪᠠᠳᠴᠢᠨ ᠳᠤ ᠨᠡᠷᠪᠡᠭ᠍ᠳᠡᠭ᠍ᠰᠡᠨ ᠬᠦᠮᠥᠨ ᠡᠪᠠᠳᠴᠢᠨ ᠶᠢᠡᠨ ᠵᠠᠰᠠᠵᠣ ᠡᠳᠡᠬᠡᠷᠡᠨ ᠶᠠᠪᠣᠬᠣ ᠨᠢ ᠶᠢᠷᠳᠢᠨᠴᠣ ᠲᠡᠯᠠᠬᠡᠢ ᠶᠢᠨ ᠶᠠᠷᠣ ᠶᠢᠨ ᠨᠢᠬᠡ ᠵᠢᠮ᠎ᠠ ᠶᠣᠰᠣ ᠪᠣᠶᠣ ᠵᠦᠢ ᠶᠣᠰᠣ ᠬᠡᠯᠳᠡᠢ᠃ ᠣᠴᠢᠷ ᠨᠢ ᠦᠬᠥᠬᠡᠳᠡᠬᠡᠢ᠎ᠡ ᠬᠡᠵᠦ ᠠᠮᠢᠳᠣᠷᠠᠬᠣ ᠬᠦᠮᠥᠨ ᠡᠨᠠ ᠬᠣᠷᠸ᠎ᠠ  ᠳᠤ ᠡᠳᠣᠢ ᠳᠤ ᠲᠣᠯᠳᠠᠯ᠎ᠠ ᠪᠣᠢ ᠪᠣᠯᠣᠭ᠎ᠠ ᠦᠭᠡᠶ᠂ ᠡᠬᠥᠨ ᠡᠴᠡ ᠬᠣᠢ᠌ᠰᠢ ᠴᠤ ᠪᠣᠢ ᠪᠣᠯᠬᠣ ᠶᠣᠰᠣ ᠦᠭᠡᠶ᠃ ᠬᠡᠳᠡᠯ᠎ᠡ ᠡᠪᠥᠬᠡ ᠡᠴᠡ ᠮᠢᠨᠢ ᠦᠨᠳᠥᠰᠤ ᠪᠠᠨ ᠲᠣᠭᠳᠠᠭᠠᠵᠣ᠂ ᠡᠴᠢᠬᠡ ᠡᠴᠡ ᠮᠢᠨᠢ ᠰᠦᠷ ᠰᠥᠯᠳᠡ ᠪᠠᠨ ᠡᠰᠢᠯᠡᠭ᠍ᠰᠡᠨ᠂ 《 ᠠᠶᠣᠬᠣ ᠡᠪᠠᠳᠴᠢᠨ 》 ᠤ ᠦᠨᠳᠥᠰᠤ ᠰᠣᠷᠪᠣᠯᠵᠢ ᠵᠢ ᠠᠶᠣᠰᠢ ᠦᠭᠡᠶ ᠪᠠᠷ ᠡᠰᠠᠬᠥᠯ᠎ᠡ ᠮᠠᠳᠠᠰᠢ ᠦᠭᠡᠶ ᠪᠠᠷ ᠵᠠᠯᠭᠠᠮᠵᠢᠯᠠᠵᠣ ᠠᠪᠣᠭᠰᠠᠨ ᠡᠠᠬ᠎ᠠ ᠮᠢᠨᠢ ᠡᠪᠠᠳᠴᠢᠨ ᠲᠡᠶ ᠪᠣᠯᠣᠭᠰᠠᠨ ᠶᠢᠠᠨ ᠮᠡᠳᠡᠬᠥ ᠦᠭᠡᠶ ᠮᠢᠨᠣ ᠡᠠᠬ᠎ᠠ ᠶᠠᠮᠠᠷ ᠡᠪᠠᠳᠴᠢᠨ ᠡ ᠬᠡᠵᠦ ᠨᠢᠬᠡᠨ ᠡᠮᠴᠢ ᠪᠠᠷ ᠰᠣᠳᠠᠯ ᠶᠢᠠᠨ ᠪᠠᠷᠢᠭᠣᠯᠵᠣ᠂ ᠵᠢᠷᠥᠬᠡ ᠪᠠᠨ ᠴᠢᠩᠨᠠᠭᠣᠯᠵᠣ ᠵᠠᠰᠠᠭᠤᠯᠤᠨ᠎ᠠ ᠳ᠋‍ᠠ᠃ ᠲᠡᠬᠡᠬᠥ ᠪᠠᠷ ᠨᠢ ᠡᠪᠠᠳᠴᠢᠨ ᠬᠡᠳᠡᠭ ᠱᠣᠯᠣᠮ ᠤᠨ ᠡᠳ᠋᠂ ᠴᠢᠳᠬᠥᠷ ᠤᠨ ᠴᠢᠷᠠᠢ᠂ ᠮᠣᠭᠠᠢ ᠶᠢᠨ ᠬᠡᠯᠡ᠂ ᠬᠦᠷᠪᠡᠯ ᠤᠨ ᠨᠢᠳᠣ ᠬᠡᠳᠡᠭ ᠴᠢᠨᠢ ᠶᠠᠪᠣᠬᠣ ᠲᠣᠳᠣᠮ ᠬᠦᠠᠵᠡᠬᠡᠢ᠌ᠷᠡᠬᠡᠥᠨ ᠶᠠᠰᠣ ᠶᠢ ᠴᠢᠨᠢ ᠬᠣᠰᠣᠵᠣ᠂ ᠵᠢᠷᠥᠬᠡ ᠶᠢ ᠴᠢᠨᠢ ᠵᠠᠭᠣᠵᠣ᠂ ᠡᠯᠢᠬᠡ ᠶᠢ ᠴᠢᠨᠢ ᠡᠢᠳᠠᠵᠣ᠂ ᠴᠢᠰᠤ ᠶᠢ ᠴᠢᠨᠢ ᠣᠣᠭᠣᠵᠣ᠂ ᠴᠢᠮᠦᠬᠡ ᠶᠢ ᠴᠢᠨᠢ ᠰᠢᠮᠠᠵᠣ᠂ ᠰᠦᠨᠡᠰᠤ ᠶᠢ ᠴᠢᠨᠢ ᠰᠠᠷᠨᠢᠭᠣᠯᠳᠠᠭ ᠠᠯᠪᠢᠨ ᠭᠠᠯ ᠪᠠᠢ᠌ᠬᠣ ᠦᠭᠡᠶ ᠦᠦ᠃ ᠡᠬᠥᠨ ᠢ ᠡᠬᠥᠯᠡᠨ ᠲᠠᠯᠳᠠ᠂ ᠶᠢᠷᠳᠢᠨᠴᠣ ᠶᠢᠨ ᠴᠠᠭᠠᠨ᠎ᠠ ᠶᠠᠪᠣᠭᠰᠠᠨ ᠮᠠᠷᠺᠰ ᠡᠩᠭᠧᠯᠰ ᠴᠤ ᠪᠣᠴᠠᠭᠠᠨ ᠨᠢᠴᠣᠭᠠᠵᠣ ᠴᠢᠳᠠᠬᠣ ᠦᠭᠡᠶ᠃

ᠡᠠᠬ᠎ᠠ ᠶᠢᠨ ᠰᠠ ᠫᠣᠤ ᠲᠠᠰᠣᠷᠠᠵᠣ ᠲᠣᠣᠭᠠᠷᠬᠣ ᠪᠣᠯᠪᠠ᠃ ᠲᠣᠬᠣ ᠨᠢ ᠬᠣᠢ᠌ᠰᠢ ᠪᠠᠨ ᠨᠦᠲᠦᠵᠦ ᠲᠦᠲᠦᠬᠥ ᠪᠣᠯᠪᠠ᠃ ᠨᠡᠨᠭ᠌ ᠭᠠᠰᠢᠭᠣᠳᠠᠯᠳᠠᠢ ᠨᠢ ᠴᠣᠷᠬᠢᠭᠠᠳ ᠫᠣᠣᠽᠢ ᠪᠠᠨ ᠴᠤ ᠲᠣᠣᠭᠠᠷᠭᠠᠵᠣ ᠲᠡᠢᠢᠯᠬᠥ ᠦᠭᠡᠶ ᠪᠣᠯᠪᠠ᠃ ᠡᠠᠬ᠎ᠠ ᠶᠢᠨ ᠬᠡᠯᠡᠬᠥ ᠪᠠᠷ ᠮᠢᠩᠭ᠋ᠠᠨ ᠣᠨ ᠤ ᠬᠠᠷ᠎ᠠ ᠦᠨᠡᠬᠡ ᠵᠢ ᠣᠠᠳᠠᠭ᠎ᠠ ᠪᠠᠷ ᠨᠢ ᠬᠠᠷᠪᠣᠬᠣ ᠳᠤ ᠫᠣᠤ ᠨᠢ ᠲᠣᠣᠭᠠᠷᠬᠣ ᠦᠭᠡᠶ ᠪᠣᠯᠪᠠ ᠬᠡᠨ᠎ᠡ᠃ ᠲᠠᠷᠠ ᠬᠠᠷ᠎ᠠ ᠦᠨᠡᠬᠡ ᠰᠠᠷᠠᠵᠣ ᠪᠣᠰᠣᠭᠠᠳ ᠡᠠᠬ᠎ᠠ ᠶᠢᠨ ᠵᠦᠭ᠌ ᠠᠮᠣᠷ ᠣᠠᠳᠠᠭᠣᠯᠬᠣ ᠦᠭᠡᠶ ᠠᠳᠠ ᠲᠡᠶ ᠶᠠᠭᠣᠮ᠎ᠠ ᠡ ᠬᠡᠰᠡᠨ ᠲᠥᠯᠥᠪᠳᠡᠢ ᠬᠣᠷᠣᠰᠣᠯᠳᠠᠢ ᠪᠠᠷ ᠬᠠᠷᠠᠵᠣ ᠠᠪᠣᠭᠠᠳ ᠪᠠᠶ᠎ᠠ ᠪᠠᠨ ᠰᠡᠭ᠍ᠰᠥᠷᠥᠨ ᠰᠡᠭ᠍ᠰᠥᠷᠣᠬᠡᠥᠨ ᠶᠠᠪᠣᠯ᠎ᠠ ᠬᠡᠨ᠎ᠡ᠃ ᠲᠠᠬᠢᠨ ᠪᠣᠵᠠᠷ ᠴᠠᠭᠠᠰᠣ ᠶᠢ ᠡᠮᠬᠥᠬᠡᠥᠨ ᠬᠦᠶᠥᠵᠦ ᠪᠠᠢ᠌ᠭᠰᠠᠨ ᠵᠤᠷᠠᠮ᠎ᠠ ᠶᠢ ᠬᠠᠷᠪᠣᠬᠣ  ᠳᠤ ᠫᠣᠤ ᠨᠢ ᠲᠣᠣᠭᠠᠷᠬᠣ ᠦᠭᠡᠶ ᠪᠣᠯᠣᠯ᠎ᠠ ᠬᠡᠨ᠎ᠡ᠃ ᠲᠠᠷᠠ ᠵᠤᠷᠠᠮ᠎ᠠ ᠪᠣᠵᠠᠷ ᠴᠠᠭᠠᠰᠣᠨ ᠤ ᠪᠠᠨ ᠲᠠᠯᠳᠠ ᠳᠤ ᠬᠡᠪᠳᠡᠵᠦ ᠬᠡᠪᠳᠡᠬᠡᠥᠨ ᠪᠣᠰᠬᠣ ᠳᠠᠭᠠᠨ ᠬᠣᠢ᠌ᠳᠣ ᠬᠣᠶᠠᠷ ᠬᠦᠯ ᠲᠡᠬᠡᠷ᠎ᠡ ᠪᠠᠨ ᠭᠣᠷᠣᠢ᠌ᠳᠠᠯ᠎ᠠ ᠵᠤᠭᠰᠣᠭᠠᠳ ᠡᠠᠬ᠎ᠠ ᠶᠢᠨ ᠵᠦᠭ᠌ ᠬᠣᠷᠣᠰᠣᠯᠳᠠᠢ ᠪᠠᠷ ᠬᠠᠷᠠᠵᠣ ᠬᠠᠷᠠᠭᠠᠳ ᠡᠪᠠᠰᠣᠨ ᠲᠣᠮᠳᠠᠭᠣᠷ ᠭᠣᠯᠭᠣᠭᠠᠳ ᠶᠠᠪᠣᠯ᠎ᠠ ᠬᠡᠨ᠎ᠡ᠃ ᠪᠠᠰᠠ ᠲᠥᠷᠥᠮᠡᠷ ᠪᠠᠢ᠌ᠬᠣ ᠬᠡᠳᠡᠰᠤ ᠬᠦᠵᠡᠬᠡ ᠪᠠᠨ ᠴᠢᠷᠥᠭᠰᠡᠨ ᠮᠠᠢ᠌ᠵᠢᠬᠢ ᠮᠠᠩᠬᠢᠰᠣ ᠵᠢ ᠬᠠᠷᠪᠣᠬᠣ ᠳᠤ ᠰᠣᠮᠣ ᠨᠢ ᠲᠣᠣᠭᠠᠷᠬᠣ ᠦᠭᠡᠶ ᠪᠣᠯᠣᠯ᠎ᠠ ᠬᠡᠨ᠎ᠡ᠃ ᠦᠨᠦᠬᠢ ᠮᠠᠩᠬᠢᠰᠣ ᠡᠠᠬ᠎ᠠ ᠶᠢᠨ ᠵᠦᠭ᠌ ᠭᠠᠩ ᠲᠠᠮᠣᠷ ᠤᠨ ᠰᠢᠳᠣ ᠪᠠᠨ ᠡᠢᠷᠵᠠᠢ᠌ᠯᠭᠠᠵᠣ ᠬᠣᠰᠬᠢᠷᠴᠣ ᠬᠣᠰᠬᠢᠷᠣᠭᠠᠳ ᠮᠠᠢ᠌ᠵᠢᠬᠢᠨᠠᠨ ᠠᠯᠬᠣᠭᠰᠠᠭᠠᠷ ᠨᠢᠳᠣᠨ ᠤ ᠬᠢᠨᠢ ᠲᠠᠯᠳᠠ ᠣᠷᠣᠯ᠎ᠠ ᠬᠡᠨ᠎ᠡ᠃ ᠪᠠᠰᠠ ᠲᠠᠬᠢᠨ ᠨᠢᠬᠡᠨ ᠯᠠᠮᠠ ᠭᠠᠯᠠᠭᠣ ᠭᠠᠵᠠᠷ ᠢ ᠰᠢᠬᠥᠷᠡᠨ ᠠᠭᠠᠷ ᠤᠨ ᠣᠷᠣᠰᠬᠠᠯ ᠢ ᠠᠯᠭᠣᠷ ᠠᠯᠭᠣᠷ ᠠᠯᠠᠭᠠᠳᠠᠨ ᠨᠢᠰᠴᠣ ᠪᠠᠢ᠌ᠬᠣ ᠳᠤ ᠡᠰᠢᠯᠡᠭ᠍ᠰᠡᠨ ᠦᠬᠡᠢ ᠫᠣᠤ ᠪᠠᠷ ᠶᠢᠠᠨ ᠵᠢᠭᠠᠵᠣ ᠠᠮᠨ ᠪᠠᠷ ᠶᠢᠠᠨ 《 ᠲᠥᠨᠭ᠌ 》 ᠬᠡᠵᠦ ᠲᠣᠣᠭᠠᠷᠬᠣ ᠳᠤ ᠯᠠᠮᠠ ᠭᠠᠯᠠᠭᠣ ᠯᠡᠪᠳᠡᠨᠭ᠌ ᠬᠡᠥᠨ ᠯᠠ ᠭᠠᠵᠠᠷ ᠣᠨᠠᠭᠠᠳ ᠡᠢᠷᠡᠴᠢᠬᠡᠵᠡᠢ ᠬᠡᠨ᠎ᠡ᠃ ᠯᠠᠮᠠ ᠭᠠᠯᠠᠭᠣ ᠶᠢᠨ ᠨᠢᠳᠣᠨ ᠳᠤ ᠪᠦᠮᠪᠥᠷᠴᠡᠭ ᠤᠨ ᠥᠩᠬᠡ ᠲᠡᠶ ᠪᠢᠳᠡᠬᠥᠤ ᠨᠢᠯᠪᠣᠰᠣ ᠭᠠᠪ ᠭᠠᠰᠢᠭᠣᠨ ᠮᠥᠷᠳᠡᠬᠡᠨ ᠬᠣᠷᠣᠰᠣᠯᠳᠠᠢ ᠪᠠᠷ ᠡᠷᠬᠢᠵᠣ ᠪᠠᠢ᠌ᠭᠰᠠᠨ ᠬᠡᠨ᠎ᠡ᠃ ᠲᠡᠬᠡᠬᠡᠥᠨ ᠫᠣᠤ ᠶᠢᠨ ᠶᠢᠠᠨ ᠲᠦᠪ ᠪᠣᠰᠣ ᠪᠠᠢ᠌ᠳᠠᠯ ᠳᠤ ᠰᠣᠴᠢᠨ ᠭᠠᠢ᠌ᠬᠠᠬᠣ ᠪᠠ ᠠᠶᠣᠨ ᠡᠮᠢᠶᠡᠭ᠍ᠰᠡᠨ ᠶᠢᠡᠨ ᠠᠢ᠌ᠯ ᠤᠨ ᠡᠪᠥᠬᠡᠴᠥᠥᠨ ᠲᠤ ᠬᠡᠯᠡᠭ᠍ᠰᠡᠨ ᠳᠤ ᠠᠢ᠌ᠯ ᠤᠨ ᠡᠪᠥᠬᠡᠴᠥᠥᠨ ᠨᠢᠬᠥᠯ ᠬᠢᠭ᠍ᠰᠡᠨ ᠫᠣᠤ ᠴᠢᠨᠢ ᠪᠣᠵᠠᠷᠳᠠᠵᠣ ᠰᠠᠪᠳᠣᠯ᠎ᠠ᠂ ᠫᠣᠤ ᠶᠢᠨ ᠠᠮᠨ ᠪᠠᠨ ᠣᠯᠠᠭᠠᠨ ᠪᠦᠰ ᠶᠢᠡᠷ ᠣᠷᠢᠶᠠᠵᠣ ᠡᠯᠬᠥᠵᠦ ᠲᠠᠯᠪᠢᠬᠣ ᠬᠡᠷᠡᠭ᠍ᠳᠡᠢ ᠬᠡᠰᠡᠨ ᠳᠤ ᠡᠠᠬ᠎ᠠ ᠮᠢᠨᠢ ᠡᠪᠥᠬᠡᠴᠥᠥᠨ ᠤᠨ ᠣᠬᠠᠭᠠᠨ ᠶᠢᠠᠷ ᠪᠣᠯᠵᠣ ᠪᠠᠳᠮᠠᠨ ᠠᠮᠨ ᠲᠡᠶ ᠰᠠ ᠫᠣᠤ ᠪᠠᠨ ᠣᠯᠠᠭᠠᠨ ᠲᠣᠷᠭ᠎ᠠ ᠪᠠᠷ ᠭᠣᠷᠪᠠ ᠣᠷᠢᠶᠠᠵᠣ ᠠᠪᠣᠭᠠᠳ ᠵᠠᠬᠥᠨ ᠬᠠᠶᠠᠭᠠᠨ ᠤ ᠪᠠᠨ ᠲᠡᠬᠡᠷ᠎ᠡ ᠡᠯᠬᠥᠵᠦ ᠲᠠᠯᠪᠢᠨ ᠲᠠᠢ᠌ᠭᠰᠠᠨ ᠪᠠᠢ᠌ᠨ᠎ᠠ᠃

ᠮᠢᠨᠣ ᠡᠠᠬ᠎ᠠ ᠶᠢᠨ 《 ᠡᠪᠠᠳᠴᠢᠨ 》 ᠶᠠᠪᠣᠬᠣ ᠲᠣᠳᠣᠮ ᠵᠠᠰᠠᠪᠣᠷᠢ ᠠᠪᠬᠣ ᠦᠭᠡᠶ ᠬᠦᠠᠳᠥᠷᠠᠵᠦ ᠪᠠᠢ᠌ᠪᠠ᠃ ᠲᠡᠬᠡᠬᠡᠥᠨ ᠲᠠᠷᠠ ᠮᠢᠨᠢ ᠡᠢᠳᠠᠭᠣ ᠭᠣᠷᠭᠣᠣᠯ᠂ ᠦᠨᠡᠬᠡ ᠲᠠᠣᠯᠠᠢ ᠳᠤ ᠣᠷᠬ᠎ᠠ ᠲᠠᠯᠪᠢᠪᠠ᠃ ᠪᠠᠰᠠ ᠴᠤ ᠰᠠᠨᠠᠭᠠᠨ ᠳ᠋ᠣᠨᠢ ᠬᠦᠷᠬᠥ ᠦᠭᠡᠶ ᠪᠠᠢ᠌ᠪᠠ᠃ ᠬᠣᠪᠳᠣᠭ ᠬᠦᠮᠥᠨ ᠬᠣᠮ ᠲᠡᠶ ᠲᠡᠮᠠᠬᠡ ᠶᠢ ᠪᠦᠬᠥᠯᠢ ᠪᠠᠷ ᠨᠢ ᠵᠠᠯᠬᠢᠵᠣ᠂ ᠬᠣᠣᠷᠳᠣ ᠮᠣᠭᠠᠢ ᠶᠢ ᠠᠮᠢᠳᠣ ᠪᠠᠷ ᠨᠢ ᠭᠣᠳᠣᠷᠠᠭᠠᠳ ᠴᠤ ᠰᠠᠳᠬᠢᠯ ᠰᠠᠨᠠᠭ᠎ᠠ ᠨᠢ ᠬᠠᠩᠬᠤ ᠦᠭᠡᠶ ᠪᠡᠢ᠌ᠯᠬᠥᠢ᠃ ᠲᠡᠬᠡᠬᠡᠥᠨ ᠲᠠᠷᠠ ᠮᠢᠨᠢ ᠬᠠᠢ᠌ᠮᠠ ᠶᠢᠨ ᠲᠡᠬᠡᠰᠦ ᠪᠠᠷ ᠲᠣᠣᠷ ᠵᠤᠬᠢᠶᠠᠵᠣ᠂ ᠴᠠᠭᠠᠨ ᠲᠠᠪᠠᠯ ᠡᠮᠥᠰᠣᠬᠡᠥᠨ ᠡᠢᠳᠠᠭᠣ ᠶᠢ ᠠᠢ᠌ᠮᠠᠭ ᠠᠢ᠌ᠮᠠᠭ ᠶᠢᠠᠷ ᠨᠢ ᠪᠠᠷᠢᠵᠣ ᠠᠪᠣᠭᠠᠳ ᠬᠣᠷᠣᠭᠣᠪᠴᠢ ᠶᠢᠨ ᠲᠠᠳᠣᠢ ᠲᠣᠯᠣᠭᠠᠢ ᠶᠢ ᠨᠢ ᠨᠢᠴᠠ ᠪᠠᠯᠪᠠ ᠠᠳᠬᠣᠬᠣ ᠳᠤ ᠬᠣᠠᠳᠠᠭ᠎ᠠ ᠴᠤ ᠲᠦᠬᠥᠷᠬᠥ ᠦᠭᠡᠶ ᠲᠠᠷᠢᠬᠢ ᠨᠢ ᠮᠢᠨᠣ ᠡᠠᠬ᠎ᠠ ᠶᠢᠨ ᠪᠠᠶ᠎ᠠ ᠰᠠᠳᠬᠢᠯ ᠪᠠ ᠬᠣᠷᠸ᠎ᠠ ᠲᠡᠯᠠᠬᠡᠢ ᠶᠢ ᠴᠢᠰᠤ ᠨᠦᠵᠢ ᠪᠠᠷ ᠪᠢᠯᠳᠠᠯ᠎ᠠ᠃ ᠡᠬᠢᠨ ᠳᠡᠭᠡᠨ ᠡᠠᠬ᠎ᠠ ᠮᠢᠨᠢ ᠴᠡᠬᠡᠵᠢᠨ ᠲᠡᠬᠡᠷ᠎ᠡ ᠪᠠᠨ ᠬᠠᠷ᠎ᠠ ᠦᠲᠦ ᠲᠡᠶ ᠨᠢᠬᠡ ᠡᠷ᠎ᠠ ᠡᠢᠳᠠᠭᠣ ᠪᠠ ᠨᠢᠬᠡ ᠡᠮ᠎ᠠ ᠡᠢᠳᠠᠭᠣ ᠶᠢ ᠨᠢ  ᠲᠠᠯᠪᠢᠨ ᠶᠠᠪᠣᠭᠣᠯᠣᠭᠠᠳ ᠬᠣᠢ᠌ᠨ᠎ᠠ ᠡᠴᠡ ᠨᠢ ᠬᠣᠢ᠌ᠳᠣ ᠵᠢᠯ ᠳᠡᠭᠡᠨ ᠣᠯᠠᠨ ᠪᠣᠯᠭᠠᠵᠣ ᠪᠠᠢ᠌ᠭᠠᠳ ᠮᠠᠳᠠᠶ᠎ᠠ ᠬᠡᠵᠦ ᠬᠡᠯᠡᠳᠡᠭ ᠪᠠᠢ᠌ᠭᠰᠠᠨ ᠪᠣᠯ ᠣᠳᠣ ᠪᠣᠯᠬᠣ ᠳᠤ ᠬᠠᠢ᠂ ᠬᠡᠨ ᠳᠡᠭᠡᠨ ᠲᠠᠷᠭᠣᠯᠠᠨ᠂ ᠦᠨᠳᠡᠬᠡ ᠲᠥᠷᠥᠨ᠂ ᠵᠤᠯᠵᠠᠭ᠎ᠠ ᠲᠠᠷᠣᠰᠢᠭᠣᠯᠣᠨ ᠦᠭᠴᠦ ᠪᠠᠢ᠌ᠬᠣ ᠵᠢ ᠬᠡᠨ ᠮᠡᠳᠡᠬᠥ ᠪᠣᠢ︖ ᠬᠡᠵᠦ ᠬᠡᠯᠡᠵᠦ ᠡᠢᠷᠡᠬᠡᠥᠨ ᠲᠣᠣᠷ ᠲᠣᠳᠣᠷ᠎ᠠ ᠪᠠᠨ ᠬᠦᠬᠡᠬᠡᠵᠦ ᠣᠷᠣᠭᠣᠯᠣᠭᠰᠠᠨ ᠡᠢᠳᠠᠭᠣ ᠪᠦᠬᠥᠨ ᠤ ᠪᠠᠨ ᠠᠮᠢᠳᠣ ᠲᠣᠯᠣᠭᠠᠢ ᠶᠢ ᠨᠢ ᠨᠢᠴᠠ ᠪᠠᠯᠪᠠ ᠠᠳᠬᠣᠭᠠᠳ᠂ ᠡᠡᠨᠭ᠌ ᠤᠨ ᠪᠠᠬ᠎ᠠ ᠪᠠ ᠣᠯᠵᠠ ᠣᠮᠣᠭ ᠲᠠᠭᠠᠨ ᠰᠠᠳᠬᠢᠯ ᠬᠠᠨᠣᠵᠣ ᠲᠠᠷᠪᠠᠨ ᠲᠡᠭ᠍ᠳᠡᠨ ᠰᠢᠯᠣᠰᠣ ᠪᠠᠨ ᠭᠣᠳ ᠭᠣᠳ ᠵᠠᠯᠬᠢᠳᠠᠭ ᠪᠣᠯᠵᠠᠢ᠃ ᠡᠬᠥᠨ ᠢ ᠨᠢ ᠪᠢ ᠨᠢᠬᠡ ᠣᠳᠠᠭ᠎ᠠ ᠣᠯᠵᠣ ᠦᠵᠡᠬᠥ ᠳᠡᠭᠡᠨ ᠬᠠᠷᠠᠭ᠎ᠠ ᠬᠠᠯᠳᠣᠷᠢᠵᠣ᠂ ᠡᠯᠢᠬᠡ ᠡᠮᠳᠠᠷᠠᠵᠣ᠂ ᠦᠷᠤ ᠴᠥᠮᠥᠷᠠᠵᠦ᠂ ᠵᠢᠷᠥᠬᠡ ᠵᠢᠮᠵᠢᠬᠢᠨᠠᠵᠣ᠂ ᠣᠬᠠᠭᠠᠨ ᠰᠡᠬᠡᠬᠡ ᠪᠠᠯᠠᠷᠠᠵᠣ ᠣᠴᠢᠭᠰᠠᠨ ᠶᠣᠮ᠃

ᠬᠦᠮᠥᠨ ᠬᠡᠳᠡᠭ ᠬᠡᠴᠡᠬᠥᠤ ᠵᠠᠷᠯᠢᠭ᠌᠂ ᠪᠠᠯᠠᠮᠠᠳ ᠲᠣᠭᠰᠢᠨ ᠠᠮᠢᠳᠠᠨ ᠪᠠᠶ᠎ᠠ ᠪᠠᠶ᠎ᠠ ᠪᠠᠨ ᠬᠣᠣᠷᠯᠠᠬᠣ ᠪᠠᠷᠢᠳ ᠤᠨ ᠫᠣᠤ ᠵᠠᠪᠰᠡᠭ ᠢ ᠵᠤᠬᠢᠶᠠᠴᠢᠬᠠᠬᠣ ᠶᠣᠮ ᠴᠢᠨᠢ ᠨᠡᠨᠭ᠌ ᠨᠢᠰᠬᠥ ᠵᠢᠬᠥᠷᠳᠡᠨ᠂ ᠬᠦᠶᠥᠬᠥ ᠠᠷᠢᠶᠠᠳᠠᠨ ᠢ ᠠᠯᠠᠬᠣ ᠬᠣᠣᠷᠳᠣ ᠡᠮ ᠢ ᠵᠤᠬᠢᠶᠠᠬᠣ ᠨᠢ ᠭᠠᠷ ᠤᠨ ᠠᠯᠠᠭ᠎ᠠ ᠪᠠᠨ ᠣᠷᠪᠠᠭᠣᠯᠬᠣ ᠡᠴᠡ ᠴᠤ ᠪᠠᠰᠠ ᠠᠮᠠᠷᠬᠠᠨ ᠪᠠᠢ᠌ᠵᠠᠢ᠃

ᠡᠠᠬ᠎ᠠ ᠮᠢᠨᠢ ᠡᠢᠳᠠᠭᠣ ᠭᠣᠷᠭᠣᠣᠯ ᠳᠤ ᠬᠣᠣᠷᠳᠣ ᠡᠮ ᠲᠠᠯᠪᠢᠪᠠ᠃ ᠮᠠᠭᠣ ᠬᠦᠮᠥᠨ ᠤ ᠵᠤᠬᠢᠶᠠᠭᠰᠠᠨ ᠬᠣᠣᠷᠳᠣ ᠡᠮ ᠢ ᠮᠠᠨ ᠤ ᠬᠦᠮᠥᠨ ᠠᠪᠴᠢᠷᠠᠭᠠᠳ ᠮᠠᠩ‍ᠬ᠎ᠠ ᠵᠢᠯᠠᠭ᠎ᠠ᠂ ᠪᠣᠷᠳᠣᠰ ᠵᠤ᠋᠂ ᠲᠠᠯᠠᠪᠣᠷ ᠪᠣᠶᠣ ᠭᠣᠤ ᠰᠣᠵᠠᠭ ᠶᠢᠠᠷ ᠲᠦᠬᠥᠷᠳᠡᠯ᠎ᠡ ᠰᠠᠴᠣᠪᠠ᠃ ᠡᠠᠬ᠎ᠠ ᠮᠢᠨᠢ ᠠᠮᠨ ᠪᠠᠨ ᠴᠢᠬᠢᠨ ᠳᠡᠭᠡᠨ ᠲᠣᠯᠳᠠᠯ᠎ᠠ ᠲᠠᠷᠪᠠᠢ᠌ᠨ ᠡᠢᠨᠢᠶᠡᠬᠡᠥᠨ ᠬᠣᠪᠳᠣᠭ ᠬᠣᠣᠷ ᠲᠡᠶ ᠰᠠᠨᠠᠭᠠᠨ ᠳ᠋ᠣᠨᠢ ᠲᠣᠯᠣᠭᠰᠠᠨ ᠲᠥᠯᠥᠪᠳᠡᠢ᠃ ᠲᠡᠬᠡᠬᠡᠥᠨ ᠯᠠ ᠬᠡᠷ ᠵᠦᠭ᠌ ᠶᠢᠡᠨ ᠶᠠᠪᠣᠬᠣ ᠳᠠᠭᠠᠨ ᠣᠷᠪᠠᠨ ᠣᠷᠪᠠᠨ ᠬᠠᠷᠠᠵᠣ ᠪᠠᠢ᠌ᠯ᠎ᠠ᠃ ᠲᠡᠬᠡᠬᠥ ᠳᠤ ᠲᠡᠬᠥᠨ ᠤ 《 ᠡᠪᠠᠳᠴᠢᠨ 》 ᠨᠢ ᠠᠪᠣᠷᠠᠵᠣ ᠠᠪᠬᠣ ᠶᠢᠨ ᠠᠷᠭ᠎ᠠ ᠦᠭᠡᠶ ᠬᠦᠠᠲᠦ ᠪᠣᠯᠪᠠ᠃ ᠠᠷᠢᠯᠣᠰᠢ ᠦᠭᠡᠶ ᠠᠷᠬᠠᠭ ᠪᠣᠯᠣᠭᠠᠳ ᠠᠮᠢ ᠨᠠᠭᠠᠨ᠎ᠠ᠂ ᠲᠠᠮᠣ ᠴᠠᠭᠠᠨ᠎ᠠ ᠬᠡᠳᠡᠭ ᠶᠢᠡᠨ ᠪᠠᠰᠠ ᠴᠤ ᠮᠡᠳᠡᠬᠡ ᠦᠭᠡᠶ ᠪᠠᠷ ᠮᠣᠩᠬᠠᠷᠠᠨ ᠪᠠᠯᠠᠷᠠᠨ ᠠᠯᠠᠵᠣ ᠪᠣᠯᠠᠭᠰᠠᠭᠠᠷ ᠁

ᠮᠠᠩ‍ᠬ᠎ᠠ ᠮᠠᠩ‍ᠬ᠎ᠠ ᠭᠣᠷᠭᠣᠣᠯ᠂ ᠠᠢ᠌ᠮᠠᠭ ᠠᠢ᠌ᠮᠠᠭ ᠡᠢᠳᠠᠭᠣ᠂ ᠪᠦᠯᠥᠭ ᠪᠦᠯᠥᠭ ᠪᠦᠳᠦᠨ᠎ᠠ᠂ ᠰᠥᠷᠥᠭ ᠰᠥᠷᠥᠭ ᠪᠣᠯᠵᠣᠮᠣᠷ ᠢ ᠪᠦᠷ ᠬᠣᠣᠷ ᠶᠢᠠᠷ ᠠᠯᠠᠵᠣ ᠪᠠᠷᠠᠵᠠᠢ᠃ ᠲᠡᠬᠡᠬᠡᠥᠨ ᠪᠠᠰᠠ ᠴᠦᠬᠡᠨ ᠲᠣᠭᠠᠨ ᠤ ᠬᠡᠳᠥᠨ ᠡᠢᠳᠠᠭᠣ ᠳᠠᠭᠠᠨ ᠪᠣᠰᠣᠳ ᠵᠦᠢᠯ ᠤᠨ ᠬᠣᠣᠷᠳᠣ ᠡᠮ ᠬᠢᠬᠡᠥᠨ ᠦᠨᠡᠬᠡ ᠴᠢᠨᠣ᠎ᠠ ᠳᠤ ᠲᠠᠯᠪᠢᠪᠠ᠃ ᠲᠡᠬᠡᠬᠥ ᠳᠤ ᠲᠡᠭ᠍ᠷᠢ ᠶᠢᠨ ᠰᠠᠨᠠᠭ᠎ᠠ᠂ ᠭᠠᠵᠠᠷ ᠤᠨ ᠰᠥᠯᠳᠡ ᠴᠢᠨᠤ᠎ᠠ ᠦᠨᠥᠷᠯᠡᠨ ᠦᠨᠥᠷᠯᠡᠨ ᠦᠵᠡᠬᠡᠥᠨ ᠬᠦᠮᠥᠨ ᠲᠥᠷᠥᠯᠬᠢᠳᠡᠨ ᠤ ᠬᠣᠣᠷᠳᠣ ᠠᠵᠢᠯᠯᠠᠭ᠎ᠠ ᠳᠤ ᠲᠤᠷ᠎ᠠ ᠦᠬᠡᠢ᠌ᠴᠡᠨ ᠵᠢᠪᠡᠬᠥᠷᠡᠨ ᠵᠢᠬᠡᠬᠥᠴᠡᠬᠡᠥᠨ ᠣᠯᠢᠨ ᠣᠯᠢᠭᠠᠳ ᠨᠡᠬᠥᠨ ᠶᠠᠪᠣᠪᠠ᠃ ᠡᠠᠬ᠎ᠠ ᠮᠢᠨᠢ ᠲᠠᠢ᠌ᠪᠠᠭ ᠬᠦᠯ ᠲᠡᠶ ᠡᠯᠵᠢᠬᠡ ᠪᠠᠨ ᠪᠠᠯᠪᠠᠷᠬᠠᠢ ᠲᠡᠷᠬᠡᠨ ᠳᠤ ᠬᠦᠯᠦᠬᠡᠥᠨ ᠨᠦᠬᠥᠬᠡ ᠡᠢᠳᠠᠭᠣ ᠭᠣᠷᠭᠣᠣᠯ ᠶᠢᠠᠨ ᠵᠠᠬᠡᠯᠢ ᠳᠤ ᠠᠪᠠᠴᠢᠵᠣ ᠬᠣᠳᠠᠯᠳᠣᠨ᠎ᠠ᠂ ᠬᠣᠳᠠᠯᠳᠣᠵᠣ ᠣᠯᠣᠭᠰᠠᠨ ᠵᠤᠭᠣᠰ ᠶᠢᠠᠷ ᠶᠢᠠᠨ ᠠᠷᠢᠬᠢ ᠪᠠ ᠶᠠᠩᠵᠣᠣᠷ ᠲᠠᠮᠠᠬᠢ ᠠᠪᠣᠨ᠎ᠠ᠃ ᠲᠡᠬᠡᠬᠡᠥᠨ ᠶᠠᠩᠵᠣᠣᠷ ᠲᠠᠮᠠᠬᠢ ᠪᠠᠨ ᠡᠷᠳᠡᠢᠢᠯᠬᠡᠵᠦ ᠰᠠᠭᠣᠭᠠᠳ ᠠᠪᠣ ᠲᠡᠶ ᠬᠠᠮᠳᠣ ᠠᠷᠢᠬᠢᠳᠠᠬᠣ ᠪᠣᠯᠪᠠ᠃ ᠲᠠᠨᠢᠬᠤ ᠦᠭᠡᠶ ᠬᠦᠮᠥᠨ ᠦᠵᠡᠪᠡᠯ ᠶᠠᠭ ᠯᠠ ᠡᠠᠬ᠎ᠠ ᠲᠡᠬᠥᠤ ᠬᠣᠶᠠᠭᠣᠯᠠ ᠪᠠᠨ ᠮᠠᠳᠣ᠃ ᠠᠳᠠᠯᠢ ᠡᠪᠠᠳᠴᠢᠳᠠᠨ ᠤ ᠵᠠᠶᠠᠭ᠎ᠠ ᠨᠢ ᠴᠤ ᠠᠳᠠᠯᠢ ᠪᠢᠯᠠ ᠦᠦ᠃

ᠲᠠᠷᠠ ᠣᠢᠶ᠎ᠡ ᠳᠤ ᠮᠠᠨ ᠤ ᠪᠢᠴᠢᠬᠡᠲᠦ ᠶᠢᠨ ᠠᠢ᠌ᠯ ᠳᠤ ᠡᠢ᠌ᠮᠣ ᠡᠷᠣᠬᠡ ᠵᠦᠩᠳᠡᠬᠡᠨ ᠬᠠᠷᠠᠭᠳᠠᠭᠠᠳ ᠪᠠᠢ᠌ᠳᠠᠭ ᠪᠤᠯᠬᠤᠷ ᠲᠠᠳᠣᠢ ᠯᠠ ᠰᠣᠨᠢᠨ ᠰᠡᠪᠡᠬᠥᠨ ᠳᠡᠭᠡᠨ ᠣᠷᠣᠬᠣ ᠦᠭᠡᠶ ᠶᠢ ᠶᠠᠭᠠᠬᠢᠶ᠎ᠠ᠃ ᠠᠯᠠᠭᠰᠠᠭᠠᠷ ᠠᠯᠠᠭᠰᠠᠭᠠᠷ ᠪᠠᠢ᠌ᠵᠣ ᠠᠪᠣ ᠶᠢᠨ ᠨᠣᠳᠣᠭ ᠲᠤ ᠡᠡᠨᠭ᠌ ᠬᠦᠷᠥᠬᠡ ᠦᠯᠠᠳᠡᠭ᠍ᠰᠡᠨ ᠦᠭᠡᠶ ᠬᠡᠪᠡᠯ ᠦᠨᠡᠬᠡᠷ ᠠᠬᠠᠳᠠᠭᠣᠯᠴᠢᠬᠠᠨ᠎ᠠ᠂ ᠪᠠᠢ᠌ᠨ᠎ᠠ ᠬᠡᠪᠡᠯ ᠪᠠᠰᠠ ᠪᠠᠭᠠᠳᠠᠭᠣᠯᠴᠢᠬᠠᠨ᠎ᠠ᠃ ᠬᠡᠳᠥᠨ ᠰᠣᠮᠣ ᠪᠠ ᠬᠣᠰᠢᠭᠣᠨ ᠤ ᠵᠠᠭᠠᠭ ᠶᠢᠠᠷ ᠨᠢᠬᠡ ᠬᠠᠷ᠎ᠠ ᠡᠷ᠎ᠠ ᠦᠨᠡᠬᠡ ᠪᠣᠯᠣᠨ ᠰᠢᠳᠣ ᠠᠷᠠᠭ᠎ᠠ ᠨᠢ ᠣᠨᠠᠭᠠᠳ ᠦᠳᠡᠯᠵᠦ ᠮᠣᠨᠣᠭᠰᠠᠨ ᠡᠮ᠎ᠠ ᠲᠠᠣᠯᠠᠢ ᠬᠠᠨᠢᠯᠠᠨ ᠰᠠᠭᠣᠭᠰᠠᠨ ᠢ ᠡᠠᠬ᠎ᠠ ᠮᠢᠨᠢ ᠮᠣᠠᠳᠠᠭᠠᠨ ᠴᠤ ᠮᠡᠳᠡᠭ᠍ᠰᠡᠨ ᠦᠭᠡᠶ᠂ ᠡᠠᠬ᠎ᠠ ᠲᠡᠶ ᠮᠢᠨᠢ ᠠᠳᠠᠯᠢ ᠠᠯᠠᠮᠠᠷ ᠤᠨ 《 ᠬᠦᠠᠲᠦ ᠡᠪᠠᠳᠴᠢᠨ 》 ᠳᠤ ᠨᠡᠷᠪᠡᠭ᠍ᠳᠡᠭ᠍ᠰᠡᠨ ᠲᠠᠷᠠ ᠴᠠᠭ ᠣᠢᠶ᠎ᠡ ᠶᠢᠨ ᠬᠦᠮᠥᠰ ᠮᠡᠳᠡᠭ᠍ᠰᠡᠨ ᠦᠭᠡᠶ᠃ ᠪᠣᠷᠬᠠᠨ ᠪᠣᠭᠳᠠ ᠶᠢᠨ ᠠᠪᠣᠷᠠᠯ ᠬᠡᠵᠦ ᠡᠨᠠ ᠮᠦᠨ ᠡ᠂ ᠡᠨᠠ ᠯᠠ ᠮᠦᠨ ᠡ ᠬᠡᠵᠦ ᠮᠠᠳᠠᠵᠣ ᠠᠪᠣᠭᠳᠣᠨ᠃

ᠠᠯᠠᠮᠠᠷ ᠤᠨ 《 ᠬᠦᠠᠲᠦ ᠡᠪᠠᠳᠴᠢᠨ 》 ᠡᠴᠡ ᠪᠠᠨ ᠡᠠᠬ᠎ᠠ ᠮᠢᠨᠢ ᠲᠠᠬᠢᠨ ᠪᠣᠰᠴᠣ ᠲᠡᠢᠢᠯᠥᠭᠰᠡᠨ ᠦᠭᠡᠶ᠃


ᠲᠥᠷᠪᠡ


ᠪᠢ ᠡᠪᠥᠬᠡ ᠶᠢᠨ ᠶᠢᠡᠨ 《 ᠡᠪᠠᠳᠴᠢᠨ 》 ᠡᠴᠡ ᠠᠶᠣᠭᠰᠠᠨ᠂ ᠠᠪᠣ ᠶᠢᠨ 《 ᠡᠪᠠᠳᠴᠢᠨ 》᠂ ᠨᠡᠨᠭ᠌ ᠡᠠᠬ᠎ᠠ ᠶᠢᠨ ᠶᠢᠠᠨ ᠡᠳᠡᠬᠡᠷᠡᠰᠢ ᠦᠬᠡᠢ 《 ᠡᠪᠠᠳᠴᠢᠨ 》 ᠡᠴᠡ ᠰᠢᠷ ᠰᠢᠷ ᠰᠢᠬᠡᠰᠦ ᠪᠠᠨ ᠠᠯᠳᠠᠳᠠᠯ᠎ᠠ ᠠᠶᠣᠭᠰᠠᠨ᠂ ᠡᠯᠢᠬᠡ ᠪᠠᠨ ᠡᠮᠳᠠᠷᠠᠳᠠᠯ᠎ᠠ ᠠᠶᠣᠭᠰᠠᠨ᠂ ᠦᠷᠤ ᠪᠠᠨ ᠴᠥᠮᠥᠷᠠᠳᠡᠯ᠎ᠡ ᠠᠶᠣᠭᠰᠠᠨ᠂ ᠵᠢᠷᠥᠬᠡ ᠪᠠᠨ ᠵᠢᠮᠵᠢᠬᠢᠨᠠᠳᠠᠯ᠎ᠠ ᠠᠶᠣᠭᠰᠠᠨ᠂ ᠰᠦᠨᠡᠰᠤ ᠪᠠᠨ ᠭᠠᠷᠳᠠᠯ᠎ᠠ ᠠᠶᠣᠭᠰᠠᠨ᠂ ᠰᠣᠢᠭ᠌ ᠶᠢᠡᠨ ᠰᠠᠷᠨᠢᠳᠠᠯ᠎ᠠ ᠠᠶᠣᠭᠰᠠᠨ᠃ ᠠᠶᠣᠬᠣ ᠡᠪᠠᠳᠴᠢᠨ ᠡᠬᠢᠨ ᠳᠡᠭᠡᠨ ᠦᠰᠥᠨ ᠲᠡᠬᠡᠷ᠎ᠡ ᠬᠡᠷᠢᠶ᠎ᠡ ᠮᠠᠳᠣ ᠬᠠᠷᠠᠯᠠᠨ ᠰᠠᠭᠣᠵᠣ᠂ ᠨᠢᠳᠣᠨ ᠲᠣᠳᠣᠷ᠎ᠠ ᠨᠡᠢᠢᠬᠡᠮ ᠮᠠᠳᠣ ᠪᠦᠷᠳᠥᠯᠵᠡᠵᠦ᠂ ᠴᠢᠬᠢᠨ ᠲᠣᠳᠣᠷ᠎ᠠ ᠡᠢᠯᠠᠭ᠎ᠠ ᠮᠠᠳᠣ ᠥᠩᠬᠢᠨᠡᠵᠦ ᠪᠠᠢ᠌ᠭᠰᠠᠨ ᠶᠢᠠᠨ ᠣᠳᠠᠯ ᠦᠭᠡᠶ ᠦᠪᠴᠢ ᠪᠠᠶ᠎ᠠ ᠲᠡᠬᠡᠷ᠎ᠡ ᠦᠰᠤ ᠲᠡᠶ ᠬᠠᠭᠠᠷᠢᠭᠣᠯ ᠬᠣᠷᠣᠬᠠᠢ ᠮᠠᠳᠣ ᠬᠦᠷᠪᠡᠯᠵᠡᠨ ᠠᠳᠣᠪᠠᠯᠵᠠᠵᠣ ᠪᠠᠢ᠌ᠭᠰᠠᠨ ᠡᠴᠡ ᠪᠠᠨ ᠲᠠᠬᠢᠨ 《 ᠲᠠᠪᠰᠢᠭᠰᠠᠭᠠᠷ ᠲᠠᠪᠰᠢᠭᠰᠠᠭᠠᠷ ᠲᠡᠪᠥᠰᠡᠨᠭ᠌ ᠤᠨ ᠲᠣᠣᠭᠣᠷ 》 ᠬᠡᠭ᠍ᠴᠢ ᠪᠣᠯᠵᠣ ᠰᠢᠷᠪᠣᠰᠣ ᠪᠤᠯᠴᠢᠡᠭ᠂ ᠰᠣᠳᠠᠯ ᠴᠢᠮᠦᠬᠡ᠂ ᠴᠢᠰᠤ ᠵᠢᠷᠥᠬᠡᠨ ᠳᠤ ᠴᠢᠬᠢᠳᠣᠷᠢ ᠬᠣᠷᠣᠬᠠᠢ ᠮᠠᠳᠣ ᠴᠢᠬᠢᠳᠣᠷᠠᠨ᠂ ᠴᠢᠪᠢᠯᠳᠣ ᠮᠣᠭᠠᠢ ᠮᠠᠳᠣ ᠰᠣᠮᠣᠳᠠᠨ ᠣᠷᠣᠭᠠᠳ ᠬᠡᠩᠬᠥᠳᠡᠭ ᠴᠡᠬᠡᠵᠢᠨ ᠲᠣᠳᠣᠷ᠎ᠠ ᠬᠣᠪᠢᠨ ᠤ ᠬᠡᠬᠥ 《 ᠸᠠᠩᠲᠦ ᠣᠯᠣᠰ 》 ᠶᠢᠠᠨ ᠪᠠᠢ᠌ᠭᠣᠯᠣᠭᠠᠳ ᠦᠪᠡᠷ ᠤᠨ ᠨᠣᠶᠠᠷᠬᠠᠯ ᠶᠢᠠᠨ ᠦᠨᠢ ᠮᠣᠢᠩᠬᠡ ᠪᠠᠳᠣᠳᠬᠠᠵᠣ ᠠᠪᠴᠠᠢ᠃

ᠪᠢ ᠠᠶᠣᠬᠣ ᠡᠪᠠᠳᠴᠢᠨ ᠡᠴᠡ ᠪᠠᠨ ᠠᠶᠣᠭᠠᠳ ᠬᠡᠷ ᠲᠣᠳᠣᠷ᠎ᠠ ᠪᠠᠨ ᠬᠡᠢ ᠰᠦᠨᠡᠰᠤ ᠮᠠᠳᠣ ᠬᠠᠭᠣᠷᠠᠢ ᠡᠷᠬᠢᠯᠳᠣᠨ᠎ᠠ᠃ ᠵᠢᠷᠥᠬᠡ ᠵᠡᠬᠦᠨ ᠪᠠᠷᠠᠭᠣᠨ ᠰᠦᠪᠡᠬᠡ ᠶᠢ ᠨᠦᠲᠦᠵᠦ ᠨᠦᠲᠦᠬᠡᠥᠨ ᠠᠮᠨ ᠪᠠᠷ ᠭᠠᠷᠣᠮᠠᠷ ᠪᠣᠯᠳᠠᠯᠵᠠᠨ᠎ᠠ᠂ ᠰᠣᠢᠭ᠌ ᠰᠦᠨᠡᠰᠤ ᠰᠠᠭᠣᠷᠢ ᠪᠠᠢ᠌ᠴᠠ ᠪᠠᠨ ᠠᠯᠳᠠᠭᠠᠳ ᠡᠰᠠᠷᠸ᠎ᠠ ᠨᠦᠬᠡ ᠪᠠᠷ ᠭᠠᠷᠴᠣ ᠲᠣᠳᠠᠭᠠᠮᠠᠷ ᠭᠠᠯᠵᠠᠭᠣ ᠴᠢᠨᠣ᠎ᠠ ᠮᠠᠳᠣ ᠲᠣᠢ᠌ᠳᠣᠨ᠎ᠠ᠃

ᠪᠦᠳᠥᠷᠢᠭ᠍ᠰᠡᠨ ᠲᠡᠬᠡᠷ᠎ᠡ ᠨᠢᠳᠣᠷᠭᠠᠳᠠᠬᠣ ᠨᠢ ᠪᠦᠬᠥᠯᠢ ᠡᠥᠷᠴᠢᠯᠡᠨᠭ᠌ ᠤᠨ ᠦᠨᠡᠨ ᠠᠪᠳᠠᠯ ᠮᠠᠭᠠᠳ᠂ ᠡᠰᠠᠬᠥᠯ᠎ᠡ ᠦᠨᠢ ᠡᠬᠥᠷᠢᠳᠡ ᠶᠢᠨ ᠰᠣᠯᠢᠭᠠᠢ ᠭᠣᠬ᠎ᠠ ᠶᠢᠨ ᠵᠠᠪᠰᠢᠶᠠᠨ ᠬᠡᠯᠳᠡᠢ᠃

ᠲᠡᠭ᠍ᠷᠢ ᠠᠪᠣ ᠲᠡᠰᠬᠡᠯ ᠦᠭᠡᠶ ᠲᠠᠯᠪᠠ ᠲᠠᠯᠪᠠ ᠠᠭᠣᠷᠯᠠᠪᠠ᠃ ᠠᠭᠳᠠᠨ ᠡᠴᠡ ᠪᠠᠨ ᠪᠠᠭᠣᠭᠰᠠᠨ ᠡᠪᠥᠬᠡ ᠳᠤ ᠠᠭᠣᠷᠯᠠᠪᠠ᠂ ᠠᠳᠠᠷ ᠬᠠᠭᠠᠯᠪᠣᠷᠢᠯᠠᠭᠰᠠᠨ ᠠᠪᠣ ᠳᠤ ᠠᠭᠣᠷᠯᠠᠪᠠ᠂ ᠡᠡᠨᠭ᠌ ᠤᠨ ᠲᠠᠯᠠᠪᠣᠷ ᠲᠤ ᠭᠠᠯᠵᠠᠭᠣ ᠨᠣᠬᠠᠢ ᠮᠠᠳᠣ ᠬᠠᠠᠳᠣᠭᠰᠠᠨ ᠵᠦᠭ᠌ ᠲᠡᠭᠡᠨ ᠬᠠᠵᠠᠵᠣ ᠶᠠᠪᠣᠭᠰᠠᠨ ᠡᠠᠬ᠎ᠠ ᠳᠤ ᠲᠠᠯᠪᠠ ᠲᠠᠯᠪᠠ ᠠᠭᠣᠷᠯᠠᠪᠠ᠃ ᠲᠡᠬᠡᠬᠡᠥᠨ ᠨᠢᠬᠡ ᠶᠢᠰᠣᠨ ᠳᠤ ᠠᠯᠨ ᠴᠢᠨᠡᠬᠡ ᠴᠠᠰᠣ ᠬᠣᠢ᠌ᠯᠠᠷᠠᠨ ᠰᠢᠭᠣᠷᠣᠭᠰᠠᠨ ᠴᠤ ᠨᠢᠬᠡ ᠹᠥ᠋ ᠳᠤ ᠲᠣᠰᠣᠯ ᠬᠣᠷ᠎ᠠ ᠪᠠᠭᠣᠯᠭᠠᠭᠰᠠᠨ ᠦᠭᠡᠶ᠂ ᠬᠣᠶᠠᠳᠣᠭᠠᠷ ᠹᠥ᠋ ᠳᠤ ᠬᠣᠷ᠎ᠠ ᠪᠣᠷᠣᠭᠠᠨ ᠦᠷᠬᠥᠯᠵᠢᠯᠡᠵᠦ ᠦᠶᠡᠷ ᠣᠰᠣᠳᠣᠯ ᠤᠨ ᠭᠠᠮᠰᠢᠭ ᠲᠠᠷᠢᠭᠰᠠᠨ ᠴᠤ ᠬᠣᠶᠠᠷ ᠶᠢᠰᠣᠨ ᠳᠤ ᠴᠠᠰᠣᠨ ᠤ ᠪᠠᠷ᠎ᠠ ᠪᠠᠢ᠌ᠳᠣᠭᠠᠢ ᠬᠢᠷᠠᠭᠣ ᠴᠡᠨᠭ᠌ ᠤᠨ ᠮᠦᠷ ᠰᠡᠬᠥᠳᠡᠷ ᠴᠣ ᠦᠭᠡᠶ᠃ ᠨᠡᠨᠭ᠌ ᠱᠠᠭᠠᠵᠠᠭᠠᠢ ᠡᠬᠥᠷ ᠤᠨ ᠠᠮᠠᠰᠠᠷ ᠶᠢᠠᠨ ᠬᠠᠮᠢᠭᠠᠰᠢ ᠪᠠᠨ ᠬᠠᠠᠳᠣᠭᠣᠯᠵᠣ ᠪᠠᠷᠢᠵᠣ ᠪᠠᠢ᠌ᠬᠣ ᠶᠢ ᠬᠡᠨ ᠮᠡᠳᠡᠬᠥ ᠪᠣᠢ︖ ᠮᠠᠨ ᠤ ᠨᠣᠳᠣᠭ ᠲᠤ ᠪᠣᠭᠣᠵᠣ ᠦᠬᠥᠢ᠎ᠡ ᠬᠡᠥᠨ ᠪᠠᠰᠠ ᠮᠣᠳᠣ ᠪᠠᠢ᠌ᠬᠣ ᠦᠭᠡᠶ ᠶᠣᠮ ᠴᠢᠨᠢ᠃ ᠨᠡᠨᠭ᠌ ᠡᠢᠨᠢᠶᠠᠳᠣᠮᠳᠠᠢ ᠮᠥᠷᠳᠡᠬᠡᠨ ᠬᠣᠷᠣᠰᠣᠯᠳᠠᠢ ᠨᠢ ᠲᠠᠪᠣᠨ ᠰᠠᠷ᠎ᠠ ᠶᠢᠨ ᠰᠢᠨ᠎ᠠ ᠶᠢᠨ ᠲᠠᠪᠣᠨ ᠳᠤ ᠲᠡᠭ᠍ᠷᠢ ᠲᠦᠬᠥᠷᠡᠨᠭ᠌ ᠴᠠᠰᠣ᠂ ᠭᠠᠯᠵᠠᠭᠣᠷᠠᠭᠰᠠᠨ ᠡᠷᠪᠡᠬᠡᠢ ᠪᠢᠰᠢ ᠭᠠᠯᠵᠠᠭᠣᠷᠠᠨ ᠲᠣᠭᠰᠢᠷᠠᠭᠰᠠᠨ ᠵᠠᠷᠯᠢᠭ᠌ ᠬᠣᠨ ᠮᠠᠳᠣ ᠪᠣᠳᠠᠷᠠᠯᠳᠣᠨ ᠬᠣᠢ᠌ᠯᠠᠷᠠᠬᠣ ᠪᠣᠯᠣᠭᠰᠠᠨ ᠪᠠ ᠶᠢᠰᠣᠨ ᠤ ᠬᠦᠢᠳᠡᠨ ᠳᠤ ᠠᠶᠣᠩᠭ᠎ᠠ ᠲᠠᠴᠢᠬᠢᠨᠠᠵᠣ ᠪᠣᠷᠣᠭᠠᠨ ᠪᠠᠭᠣᠬᠣ ᠪᠣᠯᠣᠭᠰᠠᠨ ᠪᠠᠢ᠌ᠨ᠎ᠠ᠃

ᠭᠠᠵᠠᠷ ᠡᠬᠡ ᠴᠤ ᠠᠭᠣᠷ ᠬᠢᠯᠢᠡᠭ ᠲᠡᠭ᠍ᠳᠡᠬᠡᠪᠡ᠃ ᠡᠡᠨᠭ᠌ ᠤᠨ ᠨᠣᠬᠠᠢ ᠪᠠᠨ ᠠᠯᠠᠵᠣ ᠡᠢᠳᠡᠭ᠍ᠰᠡᠨ ᠡᠪᠥᠬᠡ ᠳᠤ ᠠᠭᠣᠷᠯᠠᠪᠠ᠂ ᠠᠨᠵᠢᠰᠤ ᠲᠥᠰᠢᠵᠦ ᠲᠠᠷᠢᠶ᠎ᠠ ᠲᠠᠷᠢᠭᠰᠠᠨ ᠠᠪᠣ ᠳᠤ ᠠᠭᠣᠷᠯᠠᠪᠠ᠂ ᠠᠷᠤ ᠶᠢᠨ ᠪᠡᠷᠬᠡ ᠵᠠᠬᠥᠨ ᠮᠠᠩ‍ᠬ᠎ᠠ ᠶᠢᠨ ᠪᠣᠳᠠ ᠪᠣᠷᠭᠠᠰᠣ ᠶᠢ ᠡᠬᠥᠷᠴᠦ ᠪᠠᠷᠠᠭᠰᠠᠨ ᠡᠠᠬ᠎ᠠ ᠳᠤ ᠬᠢᠯᠢᠡᠭ᠍ᠨᠡᠪᠡ᠃ ᠲᠡᠬᠡᠬᠡᠥᠨ ᠨᠢᠭᠣᠷ ᠶᠢᠡᠨ ᠪᠣᠷᠣᠭᠣᠯᠠᠵᠣ ᠨᠢᠬᠡ ᠯᠠ ᠣᠷᠪᠠᠮᠠᠭᠴᠠ ᠨᠢᠳᠣ ᠠᠯᠳᠠᠮ᠎ᠠ ᠨᠣᠭᠣᠭᠠᠨ ᠲᠠᠯ᠎ᠠ ᠡᠯᠠᠰᠣᠨ ᠴᠦᠯ ᠶᠢᠡᠷ ᠰᠣᠯᠢᠭᠳᠠᠭᠠᠳ ᠲᠥᠮᠡᠨ ᠣᠷᠭᠣᠮᠠᠯ ᠪᠣᠮᠠᠨ ᠪᠣᠳᠠᠰ ᠠᠭᠱᠠᠨ ᠵᠠᠭᠣᠷ᠎ᠠ ᠨᠢᠳᠣᠨ ᠤ ᠲᠠᠯᠳᠠ ᠣᠷᠣᠭᠠᠳ ᠡᠵᠡᠬᠥᠢ ᠴᠦᠯ᠂ ᠵᠠᠷᠯᠢᠭ᠌ ᠮᠠᠩ‍ᠬ᠎ᠠ ᠪᠠᠷ ᠬᠣᠯᠣᠭᠠᠨ᠎ᠠ ᠵᠤᠷᠠᠮ᠎ᠠ ᠰᠢᠷᠭᠣᠯᠵᠢ ᠮᠠᠳᠣ ᠠᠪᠠᠭᠠᠷᠠᠯᠳᠣᠪᠠ᠃ ᠲᠡᠬᠡᠬᠥ ᠳᠤ ᠡᠯᠠᠰᠣᠨ ᠤ ᠬᠦᠨ ᠡᠴᠠ ᠵᠢᠬᠡᠬᠥᠨ ᠰᠢᠭᠣᠷᠭ᠎ᠠ ᠴᠢᠳᠬᠥᠷ ᠮᠠᠳᠣ ᠣᠬᠢᠯᠠᠨ ᠪᠣᠰᠣᠭᠠᠳ ᠨᠢᠳᠣ ᠨᠡᠬᠡᠬᠡᠯᠬᠡᠬᠥ ᠶᠢᠨ ᠠᠷᠭ᠎ᠠ ᠦᠭᠡᠶ ᠪᠣᠯᠭᠠᠪᠠ᠃ ᠲᠡᠬᠡᠬᠥ ᠳᠤ ᠮᠠᠨ ᠤ ᠬᠣᠷᠴᠢᠨ ᠨᠣᠳᠣᠭ ᠲᠤ ᠵᠢᠯ ᠳᠡᠭᠡᠨ ᠨᠢᠬᠡ ᠯᠠ ᠣᠳᠠᠭ᠎ᠠ ᠡᠯᠠᠰᠣᠨ ᠰᠢᠭᠣᠷᠭ᠎ᠠ ᠪᠣᠰᠣᠨ᠎ᠠ᠂ ᠨᠢᠬᠡ ᠪᠣᠰᠪᠠᠯ ᠭᠣᠷᠪᠠᠨ ᠵᠠᠭᠣ ᠵᠢᠷᠠᠨ ᠡᠳᠣᠷ ᠡ︕ ᠬᠡᠵᠦ ᠮᠠᠨ ᠤ ᠬᠢᠨ ᠨᠢᠰᠤ ᠨᠢᠯᠪᠣᠰᠣ ᠪᠠᠨ ᠵᠦᠯᠬᠥᠭ᠍ᠰᠠᠬᠡᠷ ᠭᠣᠨᠢᠭᠯᠠᠵᠣ ᠬᠡᠯᠡᠭ᠍ᠰᠡᠨ ᠨᠢ ᠰᠣᠨᠣᠰᠣᠭᠰᠠᠨ ᠪᠦᠬᠥᠨ ᠤ ᠰᠣᠨᠣᠷ ᠢ ᠴᠣᠭᠣᠯᠣᠨ᠎ᠠ᠂ ᠦᠵᠡᠭ᠍ᠰᠡᠨ ᠪᠦᠬᠥᠨ ᠤ ᠨᠢᠳᠣ ᠶᠢ ᠰᠣᠬᠣᠯᠠᠨ᠎ᠠ᠂ ᠴᠢᠰᠤ ᠶᠢ ᠨᠢ ᠴᠠᠷᠴᠠᠭᠠᠨ᠎ᠠ᠂ ᠴᠢᠮᠦᠬᠡ ᠶᠢ ᠨᠢ ᠬᠠᠳᠠᠭᠠᠨ᠎ᠠ᠂ ᠵᠢᠷᠥᠬᠡ ᠶᠢ ᠨᠢ ᠵᠠᠭᠤᠨ᠎ᠠ᠂ ᠰᠠᠳᠬᠢᠯ ᠢ ᠨᠢ ᠰᠡᠪᠲᠦᠬᠡᠨ᠎ᠡ᠂ ᠰᠣᠢᠭ᠌ ᠰᠦᠨᠡᠰᠤ ᠶᠢ ᠨᠢ ᠰᠠᠷᠨᠢᠭᠣᠯᠣᠨ ᠪᠣᠰᠠᠨᠢᠭᠣᠯᠣᠨ᠎ᠠ ᠳ᠋‍ᠠ᠃


ᠲᠠᠪᠣ


ᠪᠢ ᠠᠶᠣᠬᠣ ᠡᠪᠠᠳᠴᠢᠨ ᠳᠤ ᠨᠡᠷᠪᠡᠭ᠍ᠳᠡᠬᠡᠥᠨ ᠣᠨ ᠢ ᠡᠯᠠᠬᠡᠵᠦ ᠪᠠᠢ᠌ᠨ᠎ᠠ᠂ ᠣᠨ ᠳᠤ ᠣᠷᠣᠨ᠎ᠠ ᠬᠡᠳᠡᠭ ᠴᠢᠨᠢ ᠡᠪᠣᠯ ᠤᠨ ᠡᠢᠴᠡᠬᠡᠨ ᠡᠴᠠ ᠪᠠᠨ ᠭᠠᠷᠬᠣ ᠮᠣᠭᠠᠢ ᠡᠴᠡ ᠴᠤ ᠵᠤᠪᠠᠭᠣᠷᠢ ᠲᠡᠶ ᠪᠠᠢ᠌ᠨ᠎ᠠ᠃ ᠶᠢᠷᠳᠢᠨᠴᠣ ᠪᠠᠷ ᠲᠦᠬᠥᠷᠡᠨᠭ᠌ ᠡᠮᠴᠢ ᠨᠡᠷ ᠮᠢᠨᠢ᠂ ᠶᠡᠬᠡ ᠠᠶᠠᠨ ᠤ ᠣᠯᠠᠨ ᠣᠯᠠᠨ ᠠᠨᠳᠠ ᠨᠡᠷ ᠮᠢᠨᠢ ᠡ᠂ ᠮᠢᠨᠣ ᠡᠪᠠᠳᠴᠢᠨ ᠢ ᠵᠠᠰᠠᠨ ᠡᠳᠡᠬᠡᠷᠡᠬᠥᠯᠵᠦ ᠲᠠᠢ᠌ᠯᠣᠨ᠎ᠠ ᠦᠦ⁈ ᠪᠢ ᠦᠬᠥᠢ᠎ᠡ ᠬᠡᠵᠦ ᠠᠮᠢᠳᠣᠷᠠᠵᠣ ᠪᠠᠢ᠌ᠭ᠎ᠠ ᠦᠭᠡᠶ︕ ᠡᠴᠢᠬᠡ ᠲᠡᠬᠡᠲᠦ ᠲᠡᠭ᠍ᠷᠢ ᠮᠢᠨᠢ᠂ ᠡᠬᠡ ᠡᠲᠦᠬᠡᠨ ᠭᠠᠵᠠᠷ ᠲᠡᠯᠠᠬᠡᠢ ᠮᠢᠨᠢ᠂ ᠦᠭ᠍ᠬᠢᠶᠡᠮᠥᠷ ᠬᠠᠢ᠌ᠷ᠎ᠠ ᠲᠡᠶ ᠬᠦᠮᠥᠨ ᠵᠤᠨ ᠮᠢᠨᠢ ᠡ︕


ᠵᠤᠬᠢᠶᠠᠭᠴᠢ ᠶᠢᠨ ᠬᠠᠶ‍ᠢᠭ᠄ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ ᠤ ᠪᠠᠭᠰᠢ ᠶᠢᠨ ᠲᠠᠪᠳᠠᠨ ᠪᠣᠯᠪᠠᠰᠣᠷᠠᠬᠣ ᠰᠣᠷᠭᠠᠭᠣᠯᠢ

(ᠲᠠᠩᠬᠢᠰ ᠨᠠᠢᠢᠷᠠᠭᠤᠯᠪᠠ)

ᠵᠤᠬᠢᠶᠠᠭᠴᠢ᠄ ᠲ᠂ᠪᠦᠬᠡᠪᠢᠯᠢᠭ᠌
ᠢᠷᠡᠯᠲᠡ᠄ ᠬ᠂ᠪᠦᠬᠡᠮᠡᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 730
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁