ᠬᠤᠰᠢᠭᠤ ᠪᠠᠷ ᠨᠢᠭᠡᠴᠢ ᠪᠤᠯᠭᠠᠵᠦ ᠰᠤᠶᠤᠯ ᠤᠨ ᠦᠯᠦᠭᠡᠢ ᠨᠡᠷᠡᠢ᠌ᠳᠬᠦ ᠨᠢ ᠵᠤᠬᠢᠰ ᠦᠭᠡᠢ

ᠣᠷᠴᠢᠮ ᠤᠨ ᠵᠢᠯ ᠤᠳ ᠲᠤ ᠬᠣᠰᠢᠭᠣ ᠪᠠᠷ ᠨᠢᠬᠡᠴᠢ ᠪᠣᠯᠭᠠᠵᠣ ᠮᠣᠩᠭ᠋ᠣᠯ ᠰᠣᠶᠣᠯ ᠤᠨ 《 ᠦᠯᠣᠬᠡᠢ》 ᠪᠣᠶᠣ 《 ᠨᠣᠳᠣᠭ》 ᠬᠡᠵᠦ ᠨᠡᠷᠠᠢᠢᠳᠬᠥ ᠶᠠᠪᠣᠳᠠᠯ ᠬᠠᠯᠠᠭᠣᠨ ᠦᠷᠨᠢᠪᠡ᠃ ᠮᠢᠨᠣ ᠦᠵᠡᠬᠥ ᠪᠠᠷ ᠡᠢᠩᠬᠢᠵᠣ ᠬᠢᠬᠥ ᠨᠢ ᠵᠤᠬᠢᠰ ᠦᠭᠡᠶ ᠪᠦᠬᠡᠥᠨ ᠲᠠᠢ᠌ᠮᠣ ᠬᠡᠷᠡᠭ᠍ᠴᠡᠬᠡ ᠴᠣ ᠪᠠᠢ᠌ᠬᠣ ᠦᠭᠡᠶ᠃ ᠮᠣᠩᠭ᠋ᠣᠯ ᠰᠣᠶᠣᠯ ᠢ ᠵᠠᠯᠭᠠᠮᠵᠢᠯᠠᠵᠣ ᠬᠠᠮᠠᠭᠠᠯᠠᠬᠣ ᠶᠠᠪᠣᠳᠠᠯ ᠢ ᠠᠬᠢᠭᠣᠯᠬᠣ ᠪᠢᠰᠢ ᠬᠡᠳᠡᠷᠬᠥ ᠦᠢᠯᠠᠳᠣᠯ ᠭᠠᠷᠭᠠᠵᠣ ᠮᠠᠳᠠᠨ᠎ᠠ ᠬᠡᠵᠦ ᠦᠵᠡᠵᠦ ᠪᠠᠢ᠌ᠨ᠎ᠠ᠃

ᠪᠠᠷᠠᠭᠣᠨ ᠦᠵᠥᠮᠣᠴᠢᠨ ᠬᠣᠰᠢᠭᠣ ᠶᠢ 《 ᠮᠣᠩᠭ᠋ᠣᠯ ᠪᠦᠬᠡ ᠶᠢᠨ ᠦᠯᠣᠬᠡᠢ》᠂ 《 ᠨᠡᠬᠥᠳᠡᠯ ᠮᠠᠯᠵᠢᠯ ᠤᠨ ᠦᠯᠣᠬᠡᠢ》 ᠬᠡᠬᠥ ᠪᠠ ᠦᠥᠰᠢᠨ ᠬᠣᠰᠢᠭᠣ ᠶᠢ 《ᠲᠣᠮᠳᠠᠳᠣ ᠣᠯᠣᠰ ᠤᠨ ᠰᠥᠯᠳᠡ ᠶᠢᠨ ᠨᠣᠳᠣᠭ》᠂ 《 ᠲᠣᠮᠳᠠᠳᠣ ᠣᠯᠣᠰ ᠤᠨ ᠣᠪᠣᠭᠠᠨ ᠰᠣᠶᠣᠯ ᠤᠨ ᠨᠣᠳᠣᠭ》 ᠬᠡᠵᠦ ᠨᠠᠷᠠᠯᠠᠵᠣ ᠵᠠᠷᠯᠠᠪᠠ᠃ ᠡᠨᠠ ᠲᠣᠬᠠᠢ ᠶᠠᠷᠢᠬᠤ ᠳᠤ ᠣᠷᠢᠳ ᠶᠢᠠᠷ

《 ᠦᠯᠣᠬᠡᠢ》 ᠬᠡᠭ᠍ᠴᠢ ᠶᠠᠭᠣ ᠶᠢ ᠬᠡᠯᠡᠳᠡᠭ᠂ 《ᠨᠣᠳᠣᠭ》 ᠬᠡᠵᠦ ᠶᠠᠭᠣ ᠶᠢ ᠬᠡᠯᠡᠬᠥ ᠲᠣᠬᠠᠢ ᠲᠣᠷᠠᠳᠣᠮᠠᠷ ᠪᠠᠢ᠌ᠨ᠎ᠠ᠃ 《ᠦᠯᠣᠬᠡᠢ》 ᠬᠡᠭ᠍ᠴᠢ ᠪᠣᠯ ᠡᠬᠡ ᠶᠢᠨ ᠬᠡᠪᠡᠯᠢ ᠡᠴᠡ ᠲᠥᠷᠣᠵᠦ ᠭᠠᠳᠠᠭᠠᠳᠣ ᠣᠷᠴᠢᠨ ᠳᠤ ᠲᠠᠰᠬᠣ ᠡᠨᠠ ᠬᠥ ᠵᠠᠢ ᠳᠤ ᠡᠬᠡ ᠶᠢᠨ ᠬᠡᠪᠡᠯᠢ ᠶᠢ ᠣᠷᠣᠯᠠᠵᠣ ᠭᠠᠳᠠᠭᠠᠳᠣ ᠣᠷᠴᠢᠨ ᠤ ᠬᠠᠯᠠᠭᠣᠨ ᠬᠦᠢᠳᠡᠨ ᠡᠴᠡ ᠬᠠᠮᠠᠭᠠᠯᠠᠵᠣ ᠬᠡᠣᠬᠡᠥᠨ ᠪᠣᠢ᠌ᠵᠢᠭᠣᠯᠬᠣ ᠪᠠᠭᠠᠵᠢ ᠮᠦᠨ᠃

《ᠨᠣᠳᠣᠭ》 ᠬᠡᠵᠦ ᠬᠦᠮᠥᠨ ᠡᠬᠡ ᠶᠢᠨ ᠬᠡᠪᠡᠯᠢ ᠡᠴᠡ ᠣᠨᠠᠨ ᠬᠦᠢ ᠲᠠᠰᠣᠷᠠᠵᠣ ᠡᠠᠰ ᠶᠢᠠᠷ ᠶᠢᠠᠨ ᠠᠮᠢᠳᠣᠷᠠᠬᠣ ᠳᠤ ᠲᠠᠰᠣᠯᠣᠭᠰᠠᠨ ᠬᠦᠢ ᠪᠣᠯᠣᠨ ᠬᠣᠢ᠌ᠳᠣᠬᠢ ᠶᠢ ᠪᠣᠯᠠᠭᠰᠠᠨ ᠭᠠᠵᠠᠷ ᠢ ᠨᠣᠳᠣᠭ ᠬᠡᠵᠦ ᠬᠡᠯᠡᠳᠡᠭ᠃

《 ᠦᠯᠣᠬᠡᠢ ᠨᠣᠳᠣᠭ》 ᠬᠡᠳᠡᠭ ᠨᠢ ᠡᠬᠥᠰᠴᠦ ᠪᠦᠷᠢᠯᠳᠥᠭᠰᠡᠨ ᠣᠷᠣᠨ ᠬᠡᠬᠥ ᠣᠣᠠᠬ᠎ᠠ ᠶᠢ ᠡᠢᠯᠡᠳᠬᠡᠳᠡᠭ᠃

ᠪᠢᠳᠠ ᠡᠢ᠌ᠮᠣ ᠬᠡᠳᠥᠨ ᠴᠠᠭ ᠬᠣᠭᠣᠴᠠᠭ᠎ᠠ ᠶᠢ ᠪᠣᠳᠣᠯᠬᠢᠯᠠᠵᠣ ᠪᠣᠯᠣᠨ᠎ᠠ ᠦᠦ᠂ ᠦᠭᠡᠶ ᠦᠦ⁈

《ᠨᠡᠬᠥᠳᠡᠯ ᠮᠠᠯᠵᠢᠯ ᠤᠨ ᠰᠣᠶᠣᠯ》᠂ 《ᠮᠣᠩᠭ᠋ᠣᠯ ᠪᠦᠬᠡ》᠂ 《ᠣᠪᠣᠭᠠᠨ ᠲᠠᠬᠢᠯᠭ᠎ᠠ》᠂ 《ᠬᠠᠷ᠎ᠠ ᠴᠠᠭᠠᠨ ᠰᠥᠯᠳᠡ》 ᠪᠣᠯᠣᠨ ᠦᠵᠥᠮᠣᠴᠢᠨ ᠬᠣᠰᠢᠭᠣ᠂ ᠦᠥᠰᠢᠨ ᠬᠣᠰᠢᠭᠣ ᠶᠢᠨ ᠴᠤᠬᠤᠮ ᠠᠯᠢ ᠨᠢ ᠲᠥᠷᠣᠬᠥᠤ ᠮᠡᠨᠳᠥᠯᠡᠭ᠍ᠰᠡᠨ ᠪᠣᠢ︖

ᠨᠡᠬᠥᠳᠡᠯ ᠮᠠᠯᠵᠢᠯ ᠪᠣᠯ ᠮᠣᠩᠭ᠋ᠣᠯᠴᠣᠳ ᠢ ᠪᠠᠭᠳᠠᠭᠠᠭᠰᠠᠨ ᠪᠦᠬᠦᠢ᠌ᠯᠡ ᠨᠡᠬᠥᠳᠡᠯᠴᠢᠨ ᠠᠢ᠌ᠮᠠᠭ ᠣᠭᠰᠠᠭ᠎ᠠ ᠶᠢᠨ ᠪᠦᠲᠦᠬᠡᠭ᠍ᠰᠡᠨ ᠬᠠᠮᠳᠣ ᠶᠢᠨ ᠰᠣᠶᠣᠯ ᠮᠦᠨ᠃ ᠬᠦᠮᠥᠨ ᠲᠥᠷᠥᠯᠬᠢᠳᠡᠨ ᠨᠡᠬᠥᠳᠡᠯᠴᠢᠨ ᠪᠣᠯᠣᠨ ᠰᠠᠭᠣᠳᠠᠯᠴᠢᠨ ᠬᠣᠶᠠᠷ ᠡᠢᠯᠭᠠᠷᠠᠵᠣ᠂ ᠨᠡᠬᠥᠳᠡᠯᠴᠢᠨ ᠨᠢ ᠪᠠᠢ᠌ᠭᠠᠯᠢ ᠣᠷᠴᠢᠨ ᠢ ᠡᠪᠳᠡᠬᠥ ᠦᠭᠡᠶ ᠬᠠᠷᠢᠨ ᠪᠠᠶ᠎ᠠ ᠪᠠᠨ ᠪᠠᠢ᠌ᠭᠠᠯᠢ ᠶᠢᠨ ᠵᠢᠮ᠎ᠠ ᠶᠣᠰᠣᠨ ᠳᠤ ᠵᠤᠬᠢᠴᠠᠭᠣᠯᠵᠣ ᠣᠶᠠᠯᠳᠣᠨ ᠣᠷᠣᠰᠢᠬᠤ ᠵᠠᠮ ᠢ ᠡᠯᠬᠥᠭ᠍ᠰᠡᠨ᠃ ᠰᠠᠭᠣᠳᠠᠯᠴᠢᠨ ᠨᠢ ᠪᠠᠢ᠌ᠭᠠᠯᠢ ᠣᠷᠴᠢᠨ ᠶᠢᠠᠨ ᠡᠪᠳᠠᠵᠣ᠂ ᠦᠪᠡᠷ ᠤᠨ ᠬᠡᠷᠡᠭ᠍ᠴᠡᠬᠡᠨ ᠳᠡᠭᠡᠨ ᠵᠤᠬᠢᠴᠠᠭᠣᠯᠵᠣ ᠲᠠᠬᠢᠵᠣ ᠪᠠᠢ᠌ᠭᠣᠯᠬᠣ ᠵᠠᠮ ᠢ ᠡᠯᠬᠥᠭ᠍ᠰᠡᠨ ᠶᠣᠮ᠃ ᠮᠣᠩᠭ᠋ᠣᠯ ᠦᠨᠳᠥᠰᠣᠳᠡᠨ ᠤ 《ᠣᠪᠣᠭᠠᠨ ᠲᠠᠬᠢᠯᠭ᠎ᠠ》᠂ 《ᠭᠠᠯ ᠲᠠᠬᠢᠯᠭ᠎ᠠ》᠂ 《ᠲᠡᠭ᠍ᠷᠢ ᠳᠤ ᠮᠥᠷᠬᠥᠬᠥ》 ᠪᠣᠯ ᠮᠣᠩᠭ᠋ᠣᠯᠴᠣᠳ ᠤᠨ ᠡᠢᠵᠠᠭᠣᠷ ᠰᠣᠶᠣᠯ ᠮᠦᠨ᠃

《 ᠪᠦᠬᠡ ᠪᠡᠯᠬᠥᠳᠡᠢ》 ᠬᠡᠵᠦ ᠪᠠᠢ᠌ᠯ᠎ᠠ ᠬᠡᠰᠡᠨ ᠢ ᠪᠢᠳᠠ ᠪᠦᠷ ᠰᠣᠨᠣᠰᠴᠣ ᠥᠩᠬᠡᠷᠡᠭ᠍ᠰᠡᠨ᠃ 《ᠰᠥᠯᠳᠡ》 ᠴᠤ ᠨᠠᠭᠠᠳᠣ ᠵᠠᠬ᠎ᠠ ᠳᠠᠭᠠᠨ ᠴᠢᠩᠬᠢᠰ ᠬᠠᠭᠠᠨ ᠡᠴᠡ ᠲᠥᠷᠣᠬᠥᠤ ᠮᠡᠨᠳᠥᠯᠡᠭ᠍ᠰᠡᠨ ᠬᠡᠳᠡᠭ ᠢ ᠴᠤ ᠪᠢᠳᠠ ᠪᠦᠬᠥᠨ ᠮᠡᠳᠡᠬᠥ ᠶᠣᠰᠣᠳᠠᠢ᠃ ᠮᠠᠠᠵᠣ ᠴᠢᠡᠭ ᠤᠨ ᠣᠢᠶ᠎ᠡ ᠳᠤ ᠰᠠᠶᠢ ᠵᠠᠰᠠᠭ ᠵᠠᠬᠢᠷᠭᠠᠨ ᠤ ᠨᠢᠬᠡᠴᠢ ᠪᠣᠯᠵᠣ ᠮᠡᠨᠳᠥᠯᠡᠭ᠍ᠰᠡᠨ 《ᠬᠣᠰᠢᠭᠣ》 ᠬᠡᠮᠡᠭ᠍ᠴᠢ ᠶᠠᠭᠠᠬᠢᠭᠠᠳ ᠡᠳᠡᠬᠡᠷ ᠰᠣᠶᠣᠯ ᠢ ᠡᠬᠥᠰᠬᠡᠵᠦ ᠪᠠᠢ᠌ᠭᠣᠯᠣᠭᠰᠠᠨ ᠡᠬᠡ ᠦᠯᠣᠬᠡᠢ ᠪᠣᠯᠵᠣ ᠪᠣᠯᠬᠣ ᠪᠢᠯᠠ⁈ ᠡᠢ᠌ᠮᠣ ᠡᠴᠡ ᠡᠳᠡᠬᠡᠷ ᠨᠠᠷᠠᠢ᠌ᠳᠣᠯ ᠵᠤᠬᠢᠰ ᠦᠭᠡᠶ᠃ ᠨᠡᠨᠭ᠌ ᠴᠤ 《ᠲᠣᠮᠳᠠᠳᠣ ᠣᠯᠣᠰ ᠤᠨ ᠰᠥᠯᠳᠡ ᠶᠢᠨ ᠨᠣᠳᠣᠭ》᠂ 《 ᠲᠣᠮᠳᠠᠳᠣ ᠣᠯᠣᠰ ᠤᠨ ᠣᠪᠣᠭᠠᠨ ᠰᠣᠶᠣᠯ ᠤᠨ ᠨᠣᠳᠣᠭ》 ᠬᠡᠵᠦ ᠶᠠᠭᠣ ᠪᠣᠢ᠂ ᠲᠣᠮᠳᠠᠳᠣ ᠣᠯᠣᠰ ᠴᠢᠨᠢ ᠣᠪᠣᠭ᠎ᠠ ᠲᠠᠬᠢᠵᠣ᠂ ᠰᠥᠯᠳᠡ ᠲᠠᠬᠢᠳᠠᠭ ᠰᠣᠶᠣᠯ ᠲᠡᠶ ᠪᠢᠯᠠ ᠦᠦ︖ ᠬᠠᠷᠢᠨ 《ᠮᠣᠩᠭ᠋ᠣᠯ ᠪᠦᠬᠡ ᠶᠢᠨ ᠰᠣᠶᠣᠯ》᠂ 《ᠨᠡᠬᠥᠳᠡᠯ ᠮᠠᠯᠵᠢᠯ ᠤᠨ ᠰᠣᠶᠣᠯ》᠂ 《ᠣᠪᠣᠭᠠᠨ ᠲᠠᠬᠢᠯᠭ᠎ᠠ ᠶᠢᠨ ᠰᠣᠶᠣᠯ》᠂ 《ᠰᠥᠯᠳᠡ ᠶᠢᠨ ᠲᠠᠬᠢᠯᠭ᠎ᠠ》 ᠶᠢ ᠦᠪᠯᠠᠵᠦ ᠬᠠᠮᠠᠭᠠᠯᠠᠭᠰᠠᠨ ᠣᠷᠣᠨ ᠬᠡᠪᠡᠯ ᠲᠣᠬᠢᠷᠠᠮᠵᠢᠳᠠᠢ ᠰᠢᠭ᠃

ᠮᠣᠩᠭ᠋ᠣᠯ ᠰᠣᠶᠣᠯ ᠢ ᠭᠠᠵᠠᠷ ᠣᠷᠣᠨ ᠶᠢᠠᠷ ᠨᠢᠬᠡᠴᠢ ᠪᠣᠯᠭᠠᠵᠣ ᠡᠠᠳᠠᠬᠢ ᠲᠠᠠᠳᠠᠬᠢ ᠶᠢᠨ ᠦᠮᠴᠢ ᠰᠢᠭ᠌ ᠪᠣᠯᠭᠠᠵᠣ ᠨᠡᠷᠡᠯᠠᠬᠥ ᠨᠢ ᠰᠠᠢ᠌ᠨ ᠨᠢ ᠪᠠᠭ᠎ᠠ᠂ ᠮᠠᠭᠣ ᠨᠢ ᠶᠡᠬᠡ ᠶᠣᠮ᠃ ᠮᠠᠨ ᠤ ᠮᠣᠩᠭ᠋ᠣᠯᠴᠣᠳ ᠭᠠᠵᠠᠷ ᠣᠷᠣᠨ ᠪᠣᠶᠣ ᠨᠣᠳᠣᠭ ᠣᠰᠣᠨ ᠤ ᠦᠵᠡᠯᠳᠡ ᠪᠠᠷ ᠴᠢᠩ‍ᠭ᠎ᠠ ᠣᠯᠣᠰ᠃ ᠶᠠᠭ ᠡᠨᠠ ᠬᠥ ᠲᠥᠷᠥᠯᠬᠢ ᠴᠢᠨᠠᠷ ᠡᠴᠡ ᠪᠠᠨ ᠪᠣᠯᠣᠭᠠᠳ ᠦᠪᠡᠷ ᠤᠨ ᠬᠢ ᠬᠡᠵᠦ ᠦᠵᠡᠭ᠍ᠰᠡᠨ ᠶᠢᠡᠨ ᠬᠦᠠᠳᠥᠳᠬᠡᠵᠦ᠂ ᠪᠣᠰᠣᠳ ᠤᠨ ᠬᠢ ᠬᠡᠵᠦ ᠦᠵᠡᠭ᠍ᠰᠡᠨ ᠶᠢᠡᠨ ᠬᠦᠩᠬᠡᠪᠴᠢᠯᠡᠬᠥ ᠦᠵᠡᠯᠳᠡ ᠲᠡᠶ ᠪᠠᠢ᠌ᠳᠠᠭ ᠡᠴᠡ ᠣᠬᠠᠮᠰᠠᠷ ᠲᠡᠶ᠂ ᠣᠬᠠᠮᠰᠠᠷ ᠦᠭᠡᠶ ᠶᠢᠨ ᠲᠣᠮᠳᠠ ᠮᠠᠭᠣ ᠦᠢᠯᠠᠳᠣᠯ ᠭᠠᠷᠴᠣ ᠮᠠᠳᠠᠨ᠎ᠠ᠃ ᠭᠠᠵᠠᠷ ᠣᠷᠣᠨ ᠶᠢᠠᠷ ᠨᠢᠬᠡᠴᠢ ᠪᠣᠯᠭᠠᠵᠣ ᠰᠣᠶᠣᠯ ᠲᠡᠣᠬᠡ ᠶᠢᠨ ᠦᠯᠣᠬᠡᠢ ᠨᠡᠷᠡᠯᠠᠬᠥ ᠨᠢ ᠶᠠᠭ ᠯᠠ ᠲᠠᠮᠠᠴᠠᠯ ᠡᠳᠣᠵᠣ ᠣᠷᠭᠣᠳᠠᠭ ᠡᠢᠮᠠᠭᠠᠨ ᠤ ᠡᠪᠠᠷ ᠰᠢᠭ᠌ ᠦᠢᠯᠠᠳᠣᠯ ᠭᠠᠷᠭᠠᠨ᠎ᠠ᠃

ᠮᠣᠩᠭ᠋ᠣᠯ ᠰᠣᠶᠣᠯ ᠪᠣᠯ ᠪᠦᠬᠥ ᠦᠨᠳᠥᠰᠣᠳᠡᠨ ᠤ ᠰᠣᠶᠣᠯ ᠮᠦᠨ᠃ ᠡᠨᠠ ᠬᠦ ᠰᠣᠶᠣᠯ ᠤᠨ ᠪᠦᠷᠢᠯᠳᠥᠨ ᠲᠣᠭᠳᠠᠵᠣ᠂ ᠬᠥᠭ᠍ᠵᠢᠨ ᠪᠣᠵᠠᠭᠠᠢ᠌ᠷᠠᠭᠰᠠᠨ ᠶᠠᠪᠣᠴᠠ ᠳᠤ ᠡᠵᠠᠨ ᠬᠠᠭᠠᠨ᠂ ᠡᠬᠡᠯ ᠠᠷᠠᠳ᠂ ᠪᠦᠷ ᠴᠠᠭᠠᠰᠢᠳᠠ ᠡᠬᠥᠷᠬᠡ ᠶᠢᠨ ᠪᠠᠳᠢᠷᠴᠢᠨ ᠴᠤ ᠦᠢᠯᠠᠳᠣᠯ ᠶᠢᠡᠨ ᠦᠵᠡᠬᠥᠯᠥᠭᠰᠡᠨ ᠬᠣᠪᠢ ᠲᠡᠶ ᠶᠣᠮ᠃ ᠡᠨᠠ ᠬᠦ ᠰᠣᠶᠣᠯ ᠢ ᠬᠠᠮᠢᠭ᠎ᠠ ᠡᠬᠥᠰᠴᠦ ᠪᠦᠷᠢᠯᠳᠥᠭᠰᠡᠨ ᠢ ᠲᠣᠳᠣᠷᠬᠠᠢ᠌ᠯᠠᠬᠣ ᠶᠠᠪᠣᠳᠠᠯ ᠮᠠᠨ ᠤ ᠦᠨᠳᠥᠰᠣᠳᠡᠨ ᠳᠤ ᠱᠠᠭᠠᠷᠳᠠᠭᠳᠠᠵᠣ ᠪᠠᠢ᠌ᠭ᠎ᠠ ᠪᠢᠰᠢ᠂ ᠬᠠᠷᠢᠨ ᠶᠠᠭᠠᠬᠢᠵᠣ ᠵᠠᠯᠭᠠᠮᠵᠢᠯᠠᠵᠣ ᠬᠠᠮᠠᠭᠠᠯᠠᠬᠣ ᠪᠣᠢ ᠬᠡᠳᠡᠭ ᠠᠰᠠᠭᠣᠳᠠᠯ ᠱᠠᠭᠠᠷᠳᠠᠭᠳᠠᠵᠣ ᠪᠠᠢ᠌ᠨ᠎ᠠ︕


(ᠬ· ᠪᠦᠬᠡᠮᠡᠨᠳᠥᠯ᠎ᠡ ᠨᠠᠢ᠌ᠷᠠᠭᠣᠯᠪᠠ)

ᠵᠤᠬᠢᠶᠠᠭᠴᠢ ᠶᠢᠨ ᠬᠠᠶᠢᠭ᠄ ᠬᠦᠬᠡᠬᠣᠳᠡ ᠶᠢᠨ ᠮᠣᠩᠭ᠋ᠣᠯ ᠰᠣᠷᠭᠠᠭᠣᠯᠢ ᠶᠢᠨ ᠬᠡᠷ ᠪᠦᠯᠢ ᠶᠢᠨ ᠬᠦᠷᠢᠶᠡᠨ ᠤ ᠭᠣᠷᠪᠠᠳᠣᠭᠠᠷ ᠠᠰᠠᠷ ᠤᠨ ᠬᠣᠶᠠᠳᠣᠭᠠᠷ ᠣᠷᠣᠴᠠ ᠶᠢᠨ 402 ᠬᠡᠷ

ᠵᠤᠬᠢᠶᠠᠭᠴᠢ᠄ ᠯᠤᠪᠰᠠᠩᠳᠠᠮᠪᠠ
ᠢᠷᠡᠯᠲᠡ᠄ ᠬ᠂ᠪᠦᠬᠡᠮᠡᠨᠳᠤᠯ᠎ᠠ
ᠬᠠᠷᠢᠶ᠎ᠠ᠄
ᠳᠠᠷᠤᠮ᠄ 230
ᠴᠠᠭ᠄ 2015 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁