ᠭᠦᠢᠯᠡᠰᠤᠨ ᠴᠡᠴᠡᠭ


(ᠭᠠᠳᠠᠨ᠎ᠠ ᠳᠦᠷᠪᠡᠨ ᠰᠢᠯᠦᠭ)


ᠠᠷᠤ ᠶᠢᠨ ᠬᠦᠷᠢᠶᠡᠨ ᠳᠤ ᠬᠦᠢᠯᠡᠰᠥᠨ ᠴᠡᠴᠡᠭ ᠰᠠᠳᠬᠢᠯ ᠬᠠᠩᠬᠣᠯᠳᠠᠯ᠎ᠠ ᠲᠡᠯᠬᠡᠷᠡᠪᠡ

ᠠᠩᠬᠢᠯᠣᠮ᠎ᠠ ᠦᠨᠥᠷ ᠨᠢ ᠠᠭᠠᠷ ᠲᠦᠬᠥᠷᠡᠨᠭ᠌ ᠬᠦᠪᠬᠢᠨ ᠲᠣᠯᠬᠢᠶᠠᠯᠠᠵᠣ ᠬᠦᠷᠬᠢᠷᠡᠨ ᠮᠢᠷᠠᠯᠵᠠᠨᠠᠮ


ᠡᠩᠬᠥᠷᠡᠢ ᠲᠣᠩᠭ᠋ᠠᠯᠠᠭ᠂ ᠠᠷᠣᠣᠬᠠᠨ ᠭᠣᠶᠣᠮᠰᠣᠭ

ᠡᠷᠬᠢᠮᠰᠥᠭ ᠪᠣᠯᠪᠠᠷᠠᠢ᠂ ᠡᠷᠡᠮᠠᠬᠡᠢ ᠣᠮᠣᠭᠯᠠᠭᠣᠨ


ᠡᠪᠣᠯ ᠣᠣᠠᠴᠣ ᠬᠠᠪᠣᠷ ᠡᠢᠷᠠᠨ᠎ᠠ

ᠡᠨᠭ᠌ ᠶᠢᠷᠳᠢᠨᠴᠣ ᠶᠢᠨ ᠰᠠᠯᠬᠢᠨ ᠪᠣᠷᠣᠭᠠᠨ ᠡᠷᠬᠢᠨ ᠣᠷᠪᠠᠨ᠎ᠠ


ᠬᠡᠬᠡᠪᠴᠢ ᠪᠠᠨ ᠵᠠᠪᠰᠠᠷᠯᠠᠬᠣ ᠳᠤ ᠵᠢᠬᠡᠬᠥᠨ ᠠᠮᠢᠰᠭᠣᠯ ᠰᠠᠩᠬᠢᠨᠠᠨ ᠡᠢᠷᠠᠨᠠᠮ

ᠬᠡᠬᠡᠭ᠍ᠳᠡᠭ᠍ᠰᠡᠨ ᠮᠥᠷᠣᠬᠡᠳᠥᠯ ᠢ ᠠᠪᠴᠣ ᠣᠳᠣᠭᠰᠠᠨ ᠡᠪᠣᠯ ᠤᠨ ᠰᠦᠨᠢ ᠡᠢᠨᠣ ᠬᠠᠷᠠᠭᠳᠠᠬᠣ ᠦᠭᠡᠶ


ᠡᠬᠡ ᠭᠠᠵᠠᠷ ᠬᠠᠳᠠᠭᠠᠨᠠᠨ ᠡᠢᠨᠢᠶᠠᠨᠠᠮ

ᠡᠢᠨᠢᠶᠠᠳᠣ ᠨᠢ ᠲᠡᠢᠢᠮᠥᠷᠬᠥᠤ ᠰᠡᠯᠠᠬᠥᠨ ᠲᠣᠩᠭ᠋ᠠᠯᠠᠭ


ᠣᠷᠢᠬᠠᠨ ᠰᠠᠯᠬᠢᠨ ᠡᠢᠭ᠍ᠳᠥᠯᠥᠨ ᠲᠠᠭᠣᠯᠠᠨᠠᠮ

ᠲᠠᠭᠣᠤ ᠨᠢ ᠲᠡᠢᠢᠮᠥᠷᠬᠥᠤ ᠮᠥᠯᠴᠢᠷᠬᠡᠨ ᠭᠣᠶᠣᠮᠰᠣᠭ


ᠬᠠᠬᠢᠷ ᠬᠦᠢᠳᠡᠨ ᠬᠠᠮᠢᠭᠠᠰᠢ ᠣᠳᠣᠭᠰᠠᠨ ᠢ ᠮᠡᠳᠡᠬᠥ ᠦᠭᠡᠶ

ᠬᠣᠯᠠ ᠶᠢᠨ ᠠᠭᠣᠯᠠᠰ ᠪᠦᠷᠥᠯᠵᠡᠵᠦ ᠬᠠᠷᠠᠭᠳᠠᠨ᠎ᠠ


ᠬᠠᠪᠣᠷ ᠪᠣᠯᠭᠠᠨ ᠬᠦᠢᠯᠡᠰᠥᠨ ᠴᠡᠴᠡᠭ ᠲᠡᠯᠬᠡᠷᠡᠨ᠎ᠡ

ᠬᠣᠣᠬᠢᠬᠣ ᠰᠠᠯᠬᠢᠨ᠂ ᠪᠣᠳᠠᠷᠠᠬᠣ ᠴᠠᠰᠣᠨ᠂ ᠦᠨᠡᠬᠡᠨ ᠬᠠᠷᠠᠩᠭ᠋ᠣᠢ ᠶᠢ ᠰᠥᠷᠴᠦ ᠲᠡᠯᠬᠡᠷᠡᠨ᠎ᠡ


ᠰᠡᠯᠠᠬᠥᠨ ᠦᠨᠥᠷ᠂ ᠠᠩᠬᠢᠯᠣᠮ᠎ᠠ ᠦᠨᠥᠷ᠂ ᠦᠨᠦᠴᠢᠷᠠᠩᠬᠥᠢ ᠦᠨᠥᠷ᠂ ᠡᠷᠡᠮᠠᠬᠡᠢ ᠦᠨᠥᠷ

ᠰᠠᠳᠠᠷᠠᠨ ᠨᠠᠮᠢᠷᠠᠨ᠎ᠠ᠂ ᠨᠠᠮᠢᠷᠠᠨ ᠲᠣᠯᠬᠢᠶᠠᠯᠠᠨ᠎ᠠ


ᠰᠡᠯᠠᠬᠥᠨ ᠦᠨᠥᠷ ᠲᠣᠨᠢ ᠡᠬᠡ ᠭᠠᠵᠠᠷ᠂ ᠠᠰᠠᠷ ᠲᠠᠭᠳᠣ

ᠴᠢᠯᠠᠭᠣᠨ ᠵᠠᠮ ᠵᠢᠪᠣᠵᠣ ᠬᠠᠷᠠᠭᠳᠠᠨ᠎ᠠ


ᠰᠡᠯᠠᠬᠥᠨ ᠦᠨᠥᠷ ᠲᠣᠨᠢ ᠣᠢᠢᠳᠬᠠᠷᠳᠣ ᠬᠦᠮᠥᠨ᠂ ᠪᠠᠶᠠᠰᠬᠣᠯᠠᠩᠳᠣ ᠬᠦᠮᠥᠨ

ᠰᠢᠷ᠎ᠠ ᠪᠦᠷᠥᠢ ᠶᠢᠨ ᠨᠣᠮᠢᠨ ᠮᠥᠷᠣᠬᠡᠳᠥᠯ ᠬᠦᠪᠥᠵᠦ ᠬᠠᠷᠠᠭᠳᠠᠨ᠎ᠠ


ᠲᠣᠷᠠᠯᠠᠯ ᠤᠨ ᠦᠯᠢᠬᠡᠷ ᠢᠶᠡᠨ ᠰᠠᠯᠠᠭᠠᠨ ᠳ᠋ᠣᠨᠢ ᠡᠯᠬᠥᠬᠡᠥᠨ ᠣᠳᠣᠭᠰᠠᠨ

ᠲᠥᠷᠪᠡᠲᠦᠬᠡᠷ ᠣᠨ ᠤ ᠣᠶᠣᠳᠠᠨ ᠬᠡᠣᠬᠡᠨ


ᠬᠠᠪᠣᠷ ᠪᠦᠷᠢ ᠪᠣᠴᠠᠨ ᠡᠢᠷᠡᠳᠡᠭ ᠪᠢᠯᠠ ᠦᠦ

ᠬᠠᠪᠣᠷ ᠪᠦᠷᠢ ᠬᠦᠢᠯᠡᠰᠥᠨ ᠴᠡᠴᠡᠭ ᠬᠠᠩᠬᠣᠯᠣᠨ ᠲᠡᠯᠬᠡᠷᠡᠨ᠎ᠡ


ᠠᠷᠣᠣᠬᠠᠨ ᠭᠣᠶᠣᠮᠰᠣᠭ᠂ ᠡᠷᠡᠮᠠᠬᠡᠢ ᠦᠨᠦᠴᠢᠷᠠᠩᠬᠥᠢ ᠬᠦᠢᠯᠡᠰᠥᠨ ᠴᠡᠴᠡᠭ ᠢ ᠬᠠᠷᠠᠵᠣ ᠰᠠᠭᠣᠬᠣ ᠲᠣᠳᠣᠮ

ᠠᠮᠢ ᠨᠠᠰᠣᠨ ᠤ ᠦᠨᠥᠷ ᠠᠮᠳᠠ ᠨᠠᠳᠠ ᠳᠤ ᠪᠣᠳᠣᠭᠳᠠᠨ᠎ᠠ


ᠬᠠᠬᠢᠷ ᠬᠦᠢᠳᠡᠨ ᠤ ᠲᠣᠮᠳᠠ ᠬᠠᠩᠬᠣᠯᠣᠨ ᠲᠡᠯᠬᠡᠷᠡᠭ᠍ᠰᠡᠨ ᠬᠦᠢᠯᠡᠰᠥᠨ ᠴᠡᠴᠡᠭ ᠲᠤ ᠬᠠᠨᠢ ᠠᠯᠠᠭ᠎ᠠ

ᠬᠠᠮᠣᠭ ᠪᠣᠳᠠᠰ ᠬᠠᠷᠠᠬᠠᠨ ᠰᠡᠷᠠᠬᠡᠳᠥᠢ᠂ ᠬᠦᠢᠳᠡᠨ ᠰᠠᠯᠬᠢᠨ ᠣᠮᠠᠷ᠎ᠠ ᠡᠴᠡ ᠰᠠᠷᠴᠢᠬᠢᠨᠠᠨ᠎ᠠ


ᠦᠨᠦᠴᠢᠷᠠᠩᠬᠥᠢ ᠠᠳᠠᠯ᠎ᠠ ᠡᠷᠡᠮᠠᠬᠡᠢ᠂ ᠠᠷᠣᠣᠬᠠᠨ ᠠᠳᠠᠯ᠎ᠠ ᠭᠣᠶᠣᠮᠰᠣᠭ

ᠦᠨᠡᠨ ᠳᠡᠭᠡᠨ ᠪᠢ ᠬᠠᠬᠢᠷ ᠬᠦᠢᠳᠡᠨ ᠢ ᠡᠰᠡᠷᠬᠥᠯᠡᠨ ᠵᠤᠭᠰᠣᠭᠰᠠᠨ ᠬᠦᠢᠯᠡᠰᠥᠨ ᠴᠡᠴᠡᠭ ᠪᠠᠶ᠋‍ᠢᠪᠠ


ᠬᠣᠷᠠᠯ ᠳᠤ ᠰᠠᠭᠣᠭᠰᠠᠨ ᠦᠳᠡ ᠶᠢᠨ ᠬᠣᠶ᠋‍ᠢᠨ᠎ᠠ


ᠠᠭᠣᠯᠠ ᠦᠨᠳᠥᠷ᠂ ᠣᠰᠣᠨ ᠬᠦᠨ ᠡᠴᠢᠵᠣ ᠡᠢᠷᠡᠬᠥ ᠬᠦᠮᠥᠨ ᠬᠠᠷᠠᠭᠳᠠᠬᠣ ᠦᠭᠡᠶ

ᠣᠯᠠᠭᠠᠨ ᠡᠬᠥᠯᠡ ᠬᠡᠬᠡᠪᠴᠢ ᠶᠢᠨ ᠭᠠᠳᠠᠨ᠎ᠠ ᠡᠷᠬᠢᠴᠠᠨ᠎ᠠ


ᠣᠳᠠᠭᠠᠨ ᠵᠢᠯ ᠤᠨ ᠬᠡᠬᠡᠭ᠍ᠳᠡᠭ᠍ᠰᠡᠨ ᠲᠣᠮᠣᠭ ᠢ

ᠣᠷᠠᠭᠳᠠᠭᠰᠠᠨ ᠲᠡᠮᠳᠡᠭᠯᠡᠯ ᠡᠴᠡ ᠡᠷᠢᠵᠣ ᠣᠯᠬᠣ ᠦᠭᠡᠶ


ᠭᠠᠳᠠᠭᠰᠢ ᠬᠠᠷᠠᠬᠣ ᠳᠤ

ᠭᠠᠩᠭ᠋ᠠᠩ ᠴᠡᠴᠡᠭ᠂ ᠪᠣᠷᠣᠭᠠᠨ ᠤ ᠣᠯᠠᠷᠢᠯ᠂ ᠬᠣᠯᠠ ᠶᠢᠨ ᠲᠣᠰᠭᠣᠨ ᠪᠦᠷᠥᠯᠵᠡᠨ᠎ᠡ


ᠨᠢᠬᠡᠨ ᠴᠣᠮᠣ ᠠᠮᠳᠠᠳᠣ ᠴᠠᠢ

ᠥᠩᠬᠡᠷᠡᠭ᠍ᠰᠡᠨ ᠡᠲᠦᠬᠡ ᠶᠢ ᠰᠠᠨᠠᠭᠳᠠᠭᠣᠯᠣᠨ᠎ᠠ ᠰᠠᠳᠬᠢᠯ ᠭᠣᠨᠢᠭᠳᠠᠢ


ᠨᠠᠮᠢᠷᠠᠵᠣ ᠪᠠᠭᠣᠭᠰᠠᠨ ᠡᠪᠣᠯ ᠤᠨ ᠨᠢᠬᠡᠨ ᠡᠳᠣᠷ ᠢ

ᠬᠣᠷᠠᠯ ᠤᠨ ᠬᠡᠷ ᠲᠤ ᠥᠩᠬᠡᠷᠡᠬᠡᠬᠥ ᠳᠤ ᠬᠦᠬᠡᠬᠣᠳᠡ ᠨᠠᠮᠠᠢᠢ ᠣᠶ᠋‍ᠢᠯᠠᠭᠠᠬᠣ ᠦᠭᠡᠶ


ᠡᠮᠳᠡᠷᠡᠭ᠍ᠰᠡᠨ ᠰᠠᠯᠠᠮ᠎ᠠ ᠶᠢ ᠦᠨᠳᠥᠷ ᠡᠷᠬᠥᠬᠥ ᠳᠤ

ᠡᠨᠭ᠌ ᠶᠢᠷᠳᠢᠨᠴᠣ ᠡᠪᠣᠯ ᠮᠠᠳᠣ ᠬᠦᠢᠳᠡᠨ


ᠨᠠᠶ᠋‍ᠢᠵᠠᠰ ᠤᠨ ᠶᠠᠷᠢᠶ᠎ᠠ ᠰᠢᠷᠡᠬᠡᠨ ᠲᠡᠬᠡᠷ᠎ᠡ ᠪᠦᠵᠢᠭ᠍ᠯᠡᠨ᠎ᠡ

ᠨᠠᠰᠣᠨ ᠤ ᠪᠠᠶᠠᠰᠣᠯ ᠢ ᠬᠡᠨ ᠬᠣᠯᠠᠭᠠᠶ᠋‍ᠢᠯᠠᠭᠰᠠᠨ ᠢ ᠮᠡᠳᠡᠬᠥ ᠦᠭᠡᠶ


ᠬᠣᠯᠠ ᠣᠳᠣᠭᠰᠠᠨ ᠪᠣᠯᠵᠣᠮᠣᠷ ᠤᠨ ᠡᠬᠡᠰᠢᠭ᠌ ᠡᠢᠨᠣ ᠲᠠᠰᠣᠷᠬᠠᠢ

ᠬᠠᠪᠣᠷ ᠤᠨ ᠪᠣᠷᠣᠭᠠᠨ ᠬᠡᠵᠢᠶ᠎ᠡ ᠡᠢᠷᠡᠬᠥ ᠶᠢ ᠮᠡᠳᠡᠬᠥ ᠦᠭᠡᠶ


ᠬᠦᠬᠡ ᠥᠩᠬᠡᠳᠡᠢ ᠠᠰᠠᠷ ᠤᠳ ᠲᠥᠷᠪᠡᠯᠵᠢᠯᠡᠵᠦ ᠬᠠᠷᠠᠭᠳᠠᠨ᠎ᠠ

ᠬᠡᠴᠢᠨᠡᠬᠡᠨ ᠵᠢᠯ ᠤᠨ ᠲᠠᠷᠠᠭ᠎ᠠ ᠵᠠᠮᠬᠠᠷᠠᠵᠣ ᠬᠠᠷᠠᠭᠳᠠᠨ᠎ᠠ


ᠦᠷᠬᠡᠨ ᠭᠣᠪᠢ ᠳᠠᠭᠠᠨ ᠪᠣᠴᠠᠶᠣ

ᠡᠪᠥᠬᠡᠨ ᠪᠦᠷᠭᠦᠳ᠂ ᠦᠨᠦᠴᠢᠨ ᠵᠠᠪᠢ᠂ ᠭᠣᠨᠢᠭᠳᠣ ᠰᠠᠷᠠᠨ ᠬᠠᠷᠠᠬᠠᠨ ᠨᠠᠮᠠᠢᠢ ᠬᠦᠯᠢᠶᠡᠨ᠎ᠡ


ᠪᠣᠷᠣᠭᠠᠠᠳᠣ ᠰᠦᠨᠢ ᠬᠡᠬᠡᠪᠴᠢ ᠶᠢᠨ ᠲᠡᠷᠬᠡᠳᠡ ᠪᠣᠳᠣᠭᠳᠠᠭᠰᠠᠨ ᠠᠨᠣ


ᠪᠣᠷᠣᠭᠠᠨ ᠰᠢᠪᠠᠷᠠᠨ᠎ᠠ ᠣᠶᠠᠩᠭ᠋ᠠᠳᠠᠢ ᠰᠢᠪᠠᠷᠠᠨ᠎ᠠ

ᠪᠣᠳᠠᠯᠠᠵᠣ ᠣᠷᠭᠣᠭᠰᠠᠨ ᠰᠦᠨᠢ ᠶᠢᠨ ᠬᠠᠷᠠᠩᠭ᠋ᠣᠢ ᠬᠡᠬᠡᠪᠴᠢ ᠶᠢᠨ ᠭᠠᠳᠠᠨ᠎ᠠ ᠡᠷᠬᠢᠴᠠᠨ᠎ᠠ


ᠲᠥᠷᠪᠡᠨ ᠵᠦᠭ᠌ ᠨᠠᠮ ᠬᠦᠮ᠂ ᠡᠯᠣᠢ ᠬᠣᠯᠣᠢ

ᠬᠠᠶᠠ ᠮᠠᠰᠢᠨ ᠥᠩᠬᠡᠷᠡᠬᠥ ᠨᠢ ᠰᠣᠨᠣᠰᠳᠠᠨ᠎ᠠ


ᠲᠥᠷᠪᠡᠨ ᠵᠦᠭ᠌ ᠤᠨ ᠨᠠᠶ᠋‍ᠢᠵᠠᠰ

ᠡᠨᠠ ᠰᠦᠨᠢ ᠪᠣᠳᠣᠭᠳᠠᠨ᠎ᠠ


ᠬᠠᠷᠠᠩᠭ᠋ᠣᠢ ᠶᠢᠨ ᠲᠣᠮᠳᠠ ᠠᠮᠢ ᠨᠠᠰᠣ ᠪᠠᠨ ᠠᠰᠠᠭᠠᠵᠣ ᠰᠠᠭᠣᠬᠣ ᠳᠤ

ᠬᠠᠷᠠᠴᠠᠨ ᠳᠤ ᠮᠡᠯᠮᠡᠯᠵᠡᠭ᠍ᠰᠡᠨ ᠬᠣᠳᠠ ᠶᠢᠨ ᠰᠦᠨᠢ ᠪᠣᠷᠣᠭᠠᠨ ᠳᠤ ᠣᠶᠠᠷᠠᠨ᠎ᠠ


ᠡᠢᠷᠠᠭᠣ ᠨᠠᠶ᠋‍ᠢᠷᠠᠭ ᠤᠨ ᠰᠡᠳᠬᠢᠯᠬᠡ ᠶᠢ ᠲᠥᠷᠡᠯᠵᠡᠬᠥᠯᠥᠭᠰᠡᠨ ᠨᠠᠮᠣᠷ ᠤᠨ ᠪᠣᠷᠣᠭᠠᠨ

ᠶᠡᠬᠡ ᠰᠣᠷᠭᠠᠭᠣᠯᠢ ᠶᠢᠨ ᠣᠨ ᠵᠢᠯ ᠪᠠᠰᠠ ᠲᠣᠷᠠᠰᠣᠭᠳᠠᠨ᠎ᠠ


ᠠᠷᠠᠳ ᠤᠨ ᠰᠣᠷᠭᠠᠭᠣᠯᠢ ᠶᠢᠨ ᠨᠣᠮᠢᠨ ᠵᠠᠬᠥᠳᠥᠨ

ᠠᠰᠠᠵᠣ ᠲᠠᠭᠣᠰᠣᠭᠰᠠᠨ ᠵᠠᠯᠠᠭᠣ ᠨᠠᠰᠣᠨ ᠤ ᠰᠢᠷ᠎ᠠ ᠪᠦᠷᠥᠢ ᠬᠠᠮᠢᠭ᠎ᠠ ᠣᠳᠣᠭᠰᠠᠨ ᠢ ᠮᠡᠳᠡᠬᠥ ᠦᠭᠡᠶ


ᠠᠴᠢᠳᠣ ᠪᠠᠭᠰᠢ ᠶᠢᠨ ᠠᠯᠳᠠᠨ ᠵᠠᠬᠢᠶ᠎ᠠ ᠰᠠᠨᠠᠭᠳᠠᠨ᠎ᠠ ᠦᠨᠡᠬᠡᠷ ᠰᠠᠨᠠᠭᠳᠠᠨ᠎ᠠ

ᠠᠮᠠᠷᠠᠭ ᠨᠦᠭᠦᠳ ᠤᠨ ᠴᠡᠬᠡᠯᠬᠡᠨ ᠲᠠᠭᠣ ᠰᠣᠨᠣᠰᠳᠠᠨ᠎ᠠ ᠦᠨᠡᠬᠡᠷ ᠰᠣᠨᠣᠰᠳᠠᠨ᠎ᠠ


ᠣᠨ ᠵᠢᠯ ᠲᠥᠷᠪᠡᠵᠦ ᠪᠣᠳᠠᠷᠠᠭᠰᠠᠨ ᠴᠠᠭ ᠤᠨ ᠰᠠᠯᠬᠢᠨ

ᠰᠠᠯᠪᠠᠷᠠᠵᠣ ᠬᠠᠷᠠᠭᠳᠠᠨ᠎ᠠ


ᠡᠥᠷᠴᠢᠯᠡᠨᠭ᠌ ᠳᠤ ᠲᠡᠨᠦᠬᠥᠴᠢᠯᠡᠵᠦ ᠶᠠᠪᠣᠭᠰᠠᠨ ᠨᠠᠮᠠᠢᠢ

ᠪᠣᠷᠣᠭᠠᠨ ᠰᠠᠯᠬᠢᠨ ᠠᠭᠣᠴᠢᠯᠠᠬᠣ ᠦᠭᠡᠶ


ᠠᠮᠢ ᠨᠠᠰᠣᠨ ᠤ ᠬᠡᠷᠡᠯᠲᠦ ᠵᠤᠯᠠ ᠬᠠᠷᠠᠩᠭ᠋ᠣᠢ ᠶᠢᠨ ᠬᠦᠨ ᠳᠤ ᠠᠰᠠᠨ᠎ᠠ

ᠠᠩᠬᠢᠯᠵᠣ ᠲᠡᠯᠬᠡᠷᠡᠭ᠍ᠰᠡᠨ ᠪᠣᠯᠪᠠᠷᠠᠢ ᠭᠠᠪᠢᠷ᠎ᠠ ᠰᠠᠯᠬᠢᠨ ᠢ ᠡᠰᠡᠷᠬᠥᠯᠡᠨ ᠵᠤᠭᠰᠣᠨ᠎ᠠ


ᠠᠮᠢ ᠨᠠᠰᠣᠨ ᠤ ᠲᠣᠮᠣᠭᠳᠣ ᠮᠦᠴᠡ ᠶᠢ ᠬᠡᠬᠡᠪᠴᠢ ᠶᠢᠨ ᠲᠡᠷᠬᠡᠳᠡ ᠰᠢᠷᠳᠠᠨ ᠰᠠᠭᠣᠬᠣ ᠳᠤ

ᠠᠯᠣᠰ ᠤᠨ ᠲᠣᠰᠭᠣᠨ ᠳᠤ ᠪᠣᠷᠣᠭᠠᠨ ᠰᠢᠪᠡᠷᠡᠬᠥ ᠨᠢ ᠰᠣᠨᠣᠰᠳᠠᠨ᠎ᠠ


ᠪᠠᠭᠠᠳᠣᠷ ᠤᠨ ᠮᠥᠷᠣᠬᠡᠳᠥᠯ


ᠴᠢᠨᠠᠳᠣ ᠶᠢᠨ ᠶᠢᠷᠳᠢᠨᠴᠣ ᠳᠤ ᠪᠠᠭᠠᠳᠣᠷᠴᠣᠳ ᠠᠮᠣᠷᠯᠢᠵᠠᠢ ᠦᠨᠡᠬᠡᠷ ᠠᠮᠣᠷᠯᠢᠵᠠᠢ

ᠴᠢᠰᠣᠨ ᠭᠣᠣᠯ ᠬᠠᠯᠬᠢᠯᠠᠭᠰᠠᠨ ᠡᠷᠳᠠᠨ ᠤ ᠲᠠᠯ᠎ᠠ ᠳᠤ ᠠᠭᠳᠠ ᠦᠥᠷᠰᠡᠨ᠎ᠡ


ᠡᠵᠠᠨ ᠡᠢᠨᠣ ᠬᠠᠷᠠᠭᠳᠠᠬᠣ ᠦᠭᠡᠶ

ᠡᠬᠡᠷᠡᠮ᠎ᠡ ᠭᠣᠪᠢ ᠡᠯᠣᠢ ᠬᠣᠯᠣᠢ ᠦᠬᠥᠭ᠍ᠰᠡᠨ ᠮᠠᠳᠣ ᠡᠯᠣᠢ ᠬᠣᠯᠣᠢ


ᠴᠢᠪᠢᠯᠳᠣ ᠲᠠᠶ᠋‍ᠢᠰᠣᠨ ᠢ ᠲᠠᠰᠣ ᠬᠠᠷᠪᠣᠭᠰᠠᠨ ᠠᠷᠠᠩᠭ᠋ᠠᠨ ᠰᠣᠮᠣ

ᠲᠡᠭ᠍ᠷᠢ ᠶᠢᠨ ᠬᠢᠵᠠᠭᠠᠷ ᠲᠤ ᠵᠢᠩᠬᠢᠨᠠᠨ᠎ᠠ ᠦᠨᠡᠬᠡᠷ ᠵᠢᠩᠬᠢᠨᠠᠨ᠎ᠠ


ᠰᠠᠯᠬᠢᠨ ᠡᠢᠰᠬᠡᠷᠦᠨ᠎ᠠ ᠪᠣᠷᠣᠭᠠᠨ ᠱᠠᠬᠢᠨ᠎ᠠ

ᠪᠠᠰᠠ ᠲᠠᠶ᠋‍ᠢᠨ ᠤ ᠲᠦᠳᠡᠭ ᠲᠣᠯᠠᠯᠵᠠᠨ᠎ᠠ


ᠰᠠᠠᠰᠠᠷ ᠪᠦᠷᠣᠩᠬᠦᠢᠢᠯᠡᠨ᠎ᠡ ᠠᠭᠣᠯᠠᠰ ᠪᠦᠷᠥᠯᠵᠡᠨ᠎ᠡ

ᠪᠠᠰᠠ ᠰᠠᠪᠠ ᠶᠢᠷᠳᠢᠨᠴᠣ ᠴᠠᠯᠬᠢᠨ᠎ᠠ


ᠬᠢᠯᠢᠩᠯᠡᠭ᠍ᠰᠡᠨ ᠦᠨᠳᠥᠷᠯᠢᠭ᠌᠌ ᠬᠦᠷᠪᠡᠯᠵᠡᠨ ᠴᠠᠮᠨᠠᠨ᠎ᠠ

ᠪᠠᠰᠠ ᠪᠠᠷᠰ ᠰᠢᠭ ᠲᠣᠭᠰᠢᠷᠠᠨ ᠣᠷᠬᠢᠷᠠᠨ᠎ᠠ


ᠬᠢᠯᠢᠩᠳᠣ ᠲᠠᠭᠣᠨ ᠳ᠋ᠣᠨᠢ ᠭᠠᠵᠠᠷ ᠲᠠᠶ᠋‍ᠢᠪᠠᠨ᠎ᠠ

ᠪᠠᠰᠠ ᠲᠡᠭ᠍ᠷᠢ ᠲᠣᠩᠰᠣᠯᠣᠨ᠎ᠠ


ᠲᠣᠭ ᠤᠨ ᠡᠰᠢ ᠶᠢᠨ ᠬᠣᠭᠣᠷᠠᠬᠣ ᠨᠢ ᠬᠠᠷᠠᠭᠳᠠᠨ᠎ᠠ

ᠲᠣᠭ ᠤᠨ ᠵᠠᠩᠵᠣᠨ ᠬᠣᠯᠠᠭᠠᠢ ᠰᠣᠮᠣᠨ ᠳᠤ ᠡᠨᠳᠡᠬᠦ ᠨᠢ ᠦᠵᠡᠭ᠍ᠳᠡᠨ᠎ᠡ


ᠠᠳᠠᠷᠠᠭᠠᠳᠣ ᠲᠠᠶ᠋‍ᠢᠨ᠂ ᠠᠶᠣᠮᠰᠢᠭᠳᠣ ᠲᠠᠶ᠋‍ᠢᠨ᠂ ᠠᠯᠳᠠᠷᠳᠣ ᠲᠠᠶ᠋‍ᠢᠨ

ᠠᠷᠠᠭ ᠶᠠᠰᠣ ᠪᠠᠨ ᠬᠣᠭᠣᠯᠣᠯᠴᠠᠨ᠎ᠠ ᠠᠶᠠᠭ᠎ᠠ ᠴᠢᠰᠤ ᠪᠠᠨ ᠠᠰᠬᠠᠯᠴᠠᠨ᠎ᠠ


ᠵᠠᠩᠭ᠋ᠣᠷᠯᠠᠬᠣ ᠰᠠᠯᠠᠮ᠎ᠠ ᠶᠢ ᠰᠣᠭᠣᠯᠣᠨ ᠠᠪᠬᠣ ᠳᠤ

ᠵᠠᠩᠵᠣᠨ ᠤ ᠵᠠᠷᠯᠢᠭ ᠬᠠᠷᠠᠴᠠᠨ ᠳᠤ ᠪᠦᠷᠥᠯᠵᠡᠨ᠎ᠡ


ᠬᠣᠰᠢᠭᠣᠴᠢ ᠪᠠᠭᠠᠳᠣᠷ ᠡᠷᠠᠰᠳᠠᠨ᠎ᠠ

ᠬᠣᠣᠷᠳᠣ ᠲᠠᠶ᠋‍ᠢᠰᠣᠨ ᠤ ᠵᠢᠭᠰᠠᠭᠠᠯ ᠡᠷᠬᠢᠨ ᠣᠷᠪᠠᠨ᠎ᠠ


ᠬᠣᠶᠠᠭ ᠤᠨ ᠪᠦᠰᠡ ᠡᠯᠡᠭ᠍ᠳᠡᠨ᠎ᠡ

ᠬᠣᠷᠳᠣᠨ ᠮᠣᠷᠢᠳ ᠵᠤᠳᠠᠨ᠎ᠠ ᠬᠣᠷᠴᠠ ᠰᠠᠯᠠᠮ᠎ᠠ ᠡᠮᠳᠠᠷᠠᠨ᠎ᠠ


ᠲᠥᠷᠣᠬᠡᠨ ᠰᠠᠠᠵᠢ ᠲᠥᠯᠥᠷᠡᠨ᠎ᠡ

ᠲᠥᠷᠪᠡᠵᠦ ᠪᠣᠳᠠᠷᠠᠭᠰᠠᠨ ᠠᠭᠣᠯᠠ ᠣᠰᠣ ᠬᠦᠳᠠᠩᠳᠦᠨ᠎ᠠ


ᠲᠠᠶ᠋‍ᠢᠨ ᠤ ᠪᠦᠷᠢᠶ᠎ᠡ ᠲᠣᠢᠩᠬᠢᠨᠠᠨ᠎ᠠ

ᠲᠠᠶ᠋‍ᠢᠳᠣᠯᠳᠣᠵᠣ ᠶᠠᠪᠣᠭᠰᠠᠨ ᠡᠵᠠᠨ ᠤ ᠴᠡᠷᠢᠭ᠌ ᠤᠳ ᠣᠨᠠᠨ᠎ᠠ ᠪᠠᠰᠠ ᠪᠣᠰᠣᠨ᠎ᠠ


ᠠᠭᠳᠠ ᠦᠥᠷᠰᠡᠨ᠎ᠡ ᠨᠣᠬᠠᠢ ᠬᠣᠴᠠᠨ᠎ᠠ

ᠠᠳᠬᠣᠭᠰᠠᠨ ᠰᠠᠯᠠᠮ᠎ᠠ ᠡᠴᠡ ᠬᠦᠢᠳᠡᠨ ᠬᠡᠷᠡᠯ ᠰᠠᠴᠣᠷᠠᠨ᠎ᠠ


ᠲᠠᠶ᠋‍ᠢᠰᠣᠨ ᠢᠶᠡᠨ ᠣᠷᠬᠢᠭᠠᠳ ᠪᠣᠭᠳᠠ ᠡᠵᠠᠨ ᠬᠠᠯᠢᠵᠠᠢ ᠦᠨᠡᠬᠡᠷ ᠬᠠᠯᠢᠵᠠᠢ

ᠲᠠᠶ᠋‍ᠢᠨ ᠤ ᠭᠠᠯ ᠲᠥᠷᠪᠡᠨ ᠵᠦᠭ᠌ ᠢ ᠪᠦᠷᠬᠥᠨ᠎ᠡ


ᠦᠨᠡᠨ ᠤ ᠪᠠᠭᠠᠳᠣᠷ

︱ ᠦ᠊᠂ ᠱᠣᠭᠠᠷ᠎ᠠ ᠫᠷᠥᠹᠧᠰᠰᠥᠷ ᠤᠨ ᠲᠣᠷᠠᠰᠣᠮᠵᠢ


ᠭᠠᠳᠠᠨ᠎ᠠ ᠬᠠᠷᠠᠩᠭ᠋ᠣᠢ

ᠨᠠᠮᠣᠷ ᠤᠨ ᠪᠣᠷᠣᠭᠠᠨ ᠣᠶᠠᠩᠭ᠋ᠠᠳᠠᠢ ᠰᠢᠪᠠᠷᠠᠨ᠎ᠠ


ᠠᠰᠠᠷ ᠲᠠᠭᠳᠣ ᠬᠠᠷᠠᠩᠭ᠋ᠣᠢ ᠶᠢᠨ ᠬᠦᠨ ᠳᠤ ᠵᠢᠪᠣᠵᠣ

ᠠᠶ᠋‍ᠢᠯ ᠡᠷᠣᠬᠡ ᠡᠢᠯᠣᠮ ᠵᠢᠯᠥᠮᠬᠡᠨ


ᠬᠠᠭᠣᠴᠢᠨ ᠲᠡᠮᠳᠡᠭᠯᠡᠯ ᠢ ᠣᠷᠪᠠᠭᠣᠯᠣᠨ ᠰᠠᠭᠣᠬᠣ ᠳᠤ

ᠬᠣᠯᠠ ᠶᠢᠨ ᠣᠴᠢᠷ ᠤᠳ ᠪᠣᠳᠣᠭᠳᠠᠨ᠎ᠠ


ᠥᠩᠬᠡᠷᠡᠭ᠍ᠰᠡᠨ ᠤ ᠮᠥᠷᠣᠬᠡᠳᠥᠯ ᠢ ᠰᠢᠷᠳᠠᠨ ᠰᠠᠭᠣᠬᠣ ᠳᠤ

ᠦᠵᠦᠬᠥᠷ ᠡᠢᠨᠣ ᠬᠠᠷᠠᠭᠳᠠᠬᠣ ᠦᠭᠡᠶ


ᠪᠠᠳᠮᠠᠯᠠᠵᠣ ᠲᠡᠯᠬᠡᠷᠡᠭ᠍ᠰᠡᠨ ᠠᠯᠳᠠᠨ ᠭᠠᠪᠢᠷ᠎ᠠ ᠶᠢ ᠨᠠᠳᠠ ᠳᠤ ᠪᠡᠯᠩᠯᠠᠬᠡᠥᠨ

ᠪᠠᠷᠠᠭᠠᠨ ᠶᠢᠷᠳᠢᠨᠴᠣ ᠶᠢ ᠣᠷᠬᠢᠨ ᠶᠠᠪᠣᠵᠣ ᠳ᠋‍ᠠ ᠮᠢᠨᠣ ᠪᠠᠭᠰᠢ


ᠡᠩᠰᠡᠷᠠᠳᠡᠯ᠎ᠡ ᠭᠠᠰᠢᠭᠣᠳᠠᠬᠣ ᠳᠤ ᠡᠬᠡ ᠭᠠᠵᠠᠷ ᠦᠬᠡ ᠦᠴᠢᠬᠥ ᠦᠭᠡᠶ

ᠡᠬᠡᠷᠡᠮ᠎ᠡ ᠭᠣᠪᠢ ᠲᠡᠷᠢᠬᠥᠨ ᠪᠦᠬᠦᠢᠢᠵᠦ ᠨᠠᠮᠠᠠᠴᠢᠯᠠᠨ᠎ᠠ


ᠰᠠᠶ᠋‍ᠢᠨ ᠬᠦᠮᠥᠨ ᠬᠠᠮᠢᠭ᠎ᠠ ᠣᠳᠣᠭᠰᠠᠨ ᠢ

ᠰᠠᠠᠰᠠᠷ ᠮᠠᠳᠠᠨ᠎ᠠ


ᠰᠢᠷ᠎ᠠ ᠪᠦᠷᠥᠢ ᠶᠢ ᠡᠰᠡᠷᠬᠥᠯᠡᠨ ᠰᠠᠭᠣᠬᠣ ᠳᠤ ᠬᠢᠵᠠᠭᠠᠷ ᠠᠨᠣ ᠬᠠᠷᠠᠭᠳᠠᠬᠣ ᠦᠭᠡᠶ

ᠰᠢᠷᠠᠯᠠᠵᠣ ᠣᠨᠠᠭᠰᠠᠨ ᠮᠣᠳᠣᠳ ᠤᠨ ᠨᠠᠪᠴᠢᠰ ᠰᠠᠳᠬᠢᠯ ᠰᠢᠭ᠌ ᠡᠢᠯᠥᠮᠬᠡᠨ


ᠣᠷᠠᠨ ᠵᠤᠬᠢᠶᠠᠯ᠂ ᠠᠵᠢᠯ ᠣᠶ᠋‍ᠢᠯᠠᠰ᠂ ᠬᠦᠮᠥᠨ ᠨᠡᠢᠢᠬᠡᠮ ᠬᠡᠮᠡᠨ

ᠣᠳᠠᠨ ᠤ ᠲᠣᠣᠷ᠎ᠠ᠂ ᠵᠠᠮ ᠤᠨ ᠵᠠᠬ᠎ᠠ᠂ ᠠᠰᠠᠷ ᠤᠨ ᠬᠠᠵᠠᠭᠣ ᠳᠤ ᠶᠠᠷᠢᠯᠴᠠᠳᠠᠭ ᠪᠠᠶ᠋‍ᠢᠯ᠎ᠠ


ᠠᠶᠠᠯᠭᠣ ᠰᠢᠯᠥᠭ᠂ ᠠᠮᠳᠠᠳᠣ ᠵᠤᠭᠣᠭ᠂ ᠠᠰᠠᠨ ᠲᠥᠷᠡᠯᠵᠡᠭ᠍ᠰᠡᠨ ᠣᠷᠮᠠᠰ ᠢᠶᠡᠷ ᠢᠶᠡᠨ

ᠠᠷᠢᠬᠢᠨ ᠰᠢᠷᠡᠬᠡ᠂ ᠬᠣᠷᠠᠯ ᠴᠣᠭᠯᠠᠭ᠎ᠠ᠂ ᠨᠠᠶ᠋‍ᠢᠷ ᠲᠣᠭᠯᠠᠭᠠᠮ ᠢ ᠪᠠᠶᠠᠰᠬᠠᠳᠠᠭ ᠪᠠᠶ᠋‍ᠢᠯ᠎ᠠ


ᠰᠢᠳᠢᠳᠣ ᠪᠢᠷ ᠰᠢᠭᠣᠷᠬᠠᠢ ᠠᠪᠢᠶᠠᠰ ᠢᠶᠡᠷ ᠢᠶᠡᠨ ᠡᠷᠳᠠᠨ ᠡᠲᠦᠬᠡ ᠶᠢ ᠰᠢᠬᠥᠮᠵᠢᠯᠡᠵᠦ

ᠰᠢᠳᠣᠷᠭᠣ ᠰᠠᠳᠬᠢᠯ ᠦᠨᠡᠨ ᠤ ᠡᠢᠳᠡᠬᠡᠯ ᠢᠶᠡᠷ ᠢᠶᠡᠨ ᠲᠡᠣᠬᠡ ᠱᠠᠰᠳᠢᠷ ᠢ ᠬᠡᠶ᠋‍ᠢᠬᠥᠯᠵᠦ ᠳ᠋‍ᠠ ᠮᠢᠨᠣ ᠪᠠᠭᠰᠢ


ᠬᠣᠷᠴᠠ ᠦᠵᠥᠭ ᠢᠶᠡᠨ ᠣᠷᠬᠢᠨ ᠣᠳᠣᠭᠰᠠᠨ ᠶᠣᠰᠣ ᠰᠣᠷᠳᠠᠬᠤᠨ ᠤ ᠪᠠᠭᠠᠳᠣᠷ

ᠬᠠᠭᠣᠳᠠᠰᠣ ᠪᠦᠷᠢ ᠡᠴᠡ ᠨᠢ ᠬᠢᠯᠪᠠᠭ᠎ᠠ ᠰᠠᠴᠣᠷᠠᠭᠰᠠᠨ ᠬᠣᠩᠭ᠋ᠣᠷᠬᠠᠨ ᠨᠢᠬᠡᠨ ᠨᠠᠰᠣ


ᠵᠤᠬᠢᠶᠠᠭᠴᠢ ᠶᠢᠨ ᠬᠠᠶ‍ᠢᠭ᠄ ᠦᠪᠥᠷ ᠮᠣᠩᠭ᠋ᠣᠯ ᠤᠨ ᠪᠠᠭᠰᠢ ᠶᠢᠨ ᠶᠡᠬᠡ ᠰᠣᠷᠭᠠᠭᠣᠯᠢ ᠶᠢᠨ ᠮᠣᠩᠭ᠋ᠣᠯ ᠰᠣᠳᠣᠯᠣᠯ ᠤᠨ ᠲᠡᠬᠡᠲᠦ ᠰᠣᠷᠭᠠᠭᠣᠯᠢ

ᠵᠤᠬᠢᠶᠠᠭᠴᠢ᠄ ᠳᠤᠷᠤᠨᠠᠲ᠋ᠡᠭᠷᠢ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 514
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁