ᠦᠩᠭᠡ ᠦᠩᠬᠡ ᠵᠢᠨ ᠦᠨᠳᠦᠰᠦᠲᠡᠨ ᠨᠤᠭᠦᠳ

ᠲᠤᠮᠳᠠᠳᠤ ᠤᠯᠤᠰ᠎ ᠦᠨ ᠴᠦᠬᠡᠨ ᠲᠤᠭᠠᠳᠦ ᠦᠨᠳᠦᠰᠦᠲᠡᠨ ᠨᠤᠭᠦᠳ ᠦᠩᠬᠡ ᠢᠯᠭᠠᠷᠠᠭᠰᠠᠨ ᠶᠢᠷᠲᠢᠨᠴᠦ ᠳᠦ ᠠᠵᠦ ᠲᠦᠷᠦᠵᠦ ᠪᠠᠢᠳᠠᠭ ᠪᠦᠬᠡᠳ ᠦᠩᠬᠡ ᠪᠤᠳᠤᠭ ᠵᠤᠬᠢᠴᠠᠭᠤᠯᠬᠤ ᠳᠦ ᠪᠠᠨ ᠲᠦᠷᠦᠯᠬᠢ ᠠᠪᠢᠶᠠᠰ ᠲᠡᠭᠦᠯᠳᠡᠷ ᠪᠠᠢᠳᠠᠭ ᠪᠢᠯᠡ᠃ᠠᠮᠢᠳᠤᠷᠠᠵᠦ ᠤᠷᠤᠰᠢᠵᠦ ᠪᠠᠢᠭ᠎᠎ᠠ ᠠᠬᠤᠷ ᠤᠷᠴᠢᠨ ᠦ ᠬᠢᠨᠢ ᠬᠦᠬᠡ ᠲᠡᠭᠷᠢ᠂ᠬᠦᠷᠦᠰᠦᠲᠦ ᠭᠠᠵᠠᠷ᠂ᠨᠤᠭᠤᠭᠠᠨ ᠮᠤᠳᠤ᠂ᠰᠤᠷᠭᠤᠭ ᠴᠡᠴᠡᠭ᠂ᠦᠩᠬᠡᠳᠦ ᠰᠤᠯᠤᠩᠭ᠍ ᠠ᠂ᠰᠢᠪᠠᠭᠤᠨ ᠦ ᠦᠳᠦ᠂ᠠᠷᠠᠰᠦ ᠰᠢᠷᠢ ᠬᠡᠬᠦᠴᠢᠯᠡᠨ ᠪᠦᠷ ᠯᠡ ᠲᠡᠳᠡᠨ ᠦ ᠤᠩᠭᠤᠨ ᠰᠠᠷᠠᠯ ᠤᠷᠠᠨ ᠮᠡᠳᠡᠷᠡᠮᠵᠢ ᠵᠢᠨ ᠡᠬᠢ ᠰᠤᠷᠪᠤᠯᠵᠢ ᠪᠤᠯᠵᠦ ᠪᠠᠢᠳᠠᠭ᠃ᠦᠩᠬᠡ ᠪᠤᠳᠤᠭ ᠲᠦ ᠮᠠᠰᠢ ᠪᠠᠶᠠᠯᠢᠭ ᠰᠤᠶᠤᠯ ᠦᠨ ᠠᠭᠤᠯᠠᠬᠤᠨ ᠲᠠᠢ᠂ᠲᠡᠷᠡ ᠨᠢ ᠤᠭᠰᠠᠭᠠᠲᠠᠨ ᠶᠠᠰᠤᠲᠠᠨ᠂ᠨᠠᠰᠦ ᠵᠢᠯ ᠵᠢᠴᠢ ᠨᠡᠢᠭᠡᠮ ᠦᠨ ᠪᠠᠢᠷᠢ ᠰᠠᠭᠤᠷᠢ ᠵᠢᠨ ᠲᠡᠮᠳᠡᠭ ᠪᠤᠯᠬᠤ ᠪᠡᠷ ᠦᠯᠦ ᠪᠠᠷᠠᠮ᠂ᠦᠨᠳᠦᠰᠦᠲᠡᠨ ᠦ ᠭᠤᠣ ᠠ ᠲᠠᠭᠠᠰᠢᠶᠠᠯ ᠦᠨ ᠤᠷᠮ ᠠ ᠰᠤᠨᠢᠷᠬᠠᠯ ᠢ ᠴᠦ ᠲᠤᠰᠭᠠᠵᠦ ᠪᠠᠢᠳᠠᠭ᠃

ᠡᠷᠲᠡᠨ ᠦ ᠬᠦᠮᠦᠰ ᠪᠠᠢᠭᠠᠯᠢ ᠵᠢ ᠲᠠᠨᠢᠬᠤ ᠶᠠᠪᠤᠴᠠ ᠳᠦ ᠪᠠᠨ ᠤᠯᠠᠭᠠᠨ ᠰᠢᠷ ᠠ᠂ᠬᠦᠬᠡ᠂ᠬᠠᠷ ᠠ᠂ᠴᠠᠭᠠᠨ ᠲᠠᠪᠤᠨ ᠦᠨᠳᠦᠰᠦᠨ ᠦᠩᠬᠡ ᠵᠢ ᠬᠤᠷᠢᠶᠠᠩᠭᠤᠢᠯᠠᠨ ᠲᠠᠨᠢᠭᠰᠠᠨ ᠠᠵᠠᠢ᠃ᠲᠡᠭᠡᠭᠡᠳ ᠪᠠᠢᠭᠠᠯᠢ ᠤᠷᠴᠢᠨ᠂ᠦᠢᠯᠡᠳᠪᠦᠷᠢᠯᠡᠯ ᠦᠨ ᠠᠷᠭ᠍ ᠠ ᠬᠡᠯᠪᠡᠷᠢ᠂ᠰᠤᠶᠤᠯ ᠦᠨ ᠤᠯᠠᠮᠵᠢᠯᠠᠯ᠂ᠱᠠᠰᠢᠨ ᠰᠢᠳᠦᠯᠬᠡ ᠵᠡᠷᠬᠡ ᠵᠢᠨ ᠵᠢᠡᠨ ᠨᠦᠯᠦᠬᠡ ᠡᠴᠡ ᠪᠤᠯᠵᠦ ᠦᠨᠳᠦᠰᠦᠲᠡᠨ ᠨᠢᠬᠡᠪᠦᠷᠢ ᠪᠦᠷ ᠦᠪᠡᠷ ᠦᠪᠡᠷ ᠦᠨ ᠬᠠᠢᠷᠠᠯᠠᠨ ᠲᠡᠭᠡᠳᠦᠯᠡᠳᠡᠭ ᠦᠩᠬᠡ ᠲᠠᠢ ᠪᠤᠯᠤᠭᠰᠠᠨ ᠪᠠᠢᠨ᠎ᠠ᠃

ᠤᠯᠠᠭᠠᠨ ᠪᠤᠯ ᠨᠠᠷᠠᠨ ᠦ ᠦᠩᠬᠡ᠂ᠭᠠᠯ ᠦᠨ ᠦᠩᠭᠡ ᠪᠤᠯᠬᠤᠷ ᠬᠦᠮᠦᠰ ᠲᠦ ᠬᠠᠯᠠᠭᠤᠨ ᠲᠤᠯᠠᠭᠠᠨ ᠰᠠᠨᠠᠭᠳᠠᠳᠠᠭ᠃ᠤᠯᠠᠭᠠᠨ ᠨᠢ ᠬᠡᠷᠡᠯ ᠦᠨ ᠵᠢᠭᠰᠠᠯ ᠲᠤᠮᠳᠠ ᠲᠤᠯᠬᠢᠶᠠᠨ ᠦ ᠤᠷᠲᠦ ᠨᠢ ᠬᠠᠮᠤᠭ ᠦᠨ ᠤᠷᠲᠦ ᠪᠦᠬᠡᠳ ᠬᠡᠯᠪᠡᠯᠵᠡᠮᠵᠢ ᠨᠢ ᠬᠠᠮᠤᠭ ᠦᠨ ᠤᠳᠠᠭᠠᠨ ᠲᠤᠯᠠ ᠬᠦᠮᠦᠨ ᠦ ᠠᠩᠬᠠᠷᠤᠯ᠂ᠬᠦᠬᠡᠷᠦᠯ᠂ᠰᠠᠨᠳᠤᠷᠤᠯ᠂ᠲᠤᠭᠳᠤᠯᠤᠯ ᠢ ᠬᠠᠮᠤᠭ ᠡᠴᠡ ᠬᠢᠯᠪᠡᠷᠬᠠᠨ ᠡᠭᠦᠰᠭᠡᠳᠡᠭ᠃ᠲᠡᠭᠦᠨ ᠴᠦ ᠪᠠᠢᠳᠤᠭᠠᠢ᠂ᠬᠦᠮᠦᠨ ᠲᠦᠷᠦᠯᠬᠢᠲᠡᠨ ᠦ ᠬᠠᠮᠤᠭ ᠦᠨ ᠠᠩᠬ ᠠ ᠬᠡᠷᠡᠭᠯᠡᠭᠰᠡᠨ ᠤᠯᠠᠭᠠᠨ ᠪᠤᠳᠤᠭ ᠨᠢ ᠲᠠᠢᠰᠤᠨ ᠪᠤᠶᠤ ᠠᠩ ᠦᠨ ᠬᠢᠨᠢ ᠴᠢᠰᠦ ᠴᠦ ᠪᠠᠢᠭᠰᠠᠨ ᠮᠠᠭᠠᠳ ᠦᠭᠡᠢ᠃ᠲᠤᠮᠳᠠᠳᠦ ᠤᠯᠤᠰ ᠦᠨ ᠴᠦᠬᠡᠨ ᠲᠤᠭᠠᠳᠦ ᠦᠨᠳᠦᠰᠦᠲᠡᠨ ᠦ ᠲᠤᠮᠳᠠ ᠤᠯᠠᠭᠠᠨ ᠢ ᠡᠷᠬᠢᠮᠨᠠᠨ ᠲᠡᠭᠡᠳᠦᠯᠡᠳᠡᠭ ᠦᠨᠳᠦᠰᠦᠲᠡᠨ ᠬᠡᠪᠡᠯ᠄ᠤᠢᠭᠤᠷ᠂ᠲᠦᠪᠡᠳ᠂ᠮᠤᠨᠭ᠍ᠭᠤᠯ᠂ᠬᠠᠰᠠᠭ᠂ᠪᠠᠢ᠂ᠵᠢᠩᠫᠦᠸᠸ᠂ᠾᠸᠵᠸ ᠂ᠬᠢᠷᠬᠢᠰ᠂ᠳ᠋ᠸ ᠠᠩ᠂ᠱᠦᠢ᠂ᠶᠤᠭᠤᠷ᠂ᠲᠠᠵᠢᠺ ᠵᠡᠷᠬᠡ ᠪᠤᠢ᠃

ᠴᠦᠬᠡᠨ ᠲᠤᠭᠠᠳᠦ ᠦᠨᠳᠦᠰᠦᠲᠡᠨ ᠨᠤᠬᠦᠳ ᠰᠢᠷ ᠠ ᠦᠩᠬᠡ ᠵᠢ ᠬᠡᠷᠡᠭᠯᠡᠬᠦ ᠳᠦ ᠪᠠᠨ ᠬᠠᠷᠢᠨ ᠲᠦᠢᠯ ᠦᠨ ᠬᠢᠨᠠᠭᠤᠷ ᠪᠤᠯᠭᠤᠮᠵᠢᠲᠠᠢ ᠪᠠᠢᠳᠠᠭ᠃ᠱᠠᠰᠢᠨ ᠦ ᠪᠠᠷᠢᠯᠭ᠍ ᠠ᠂ᠱᠠᠰᠢᠨ ᠦ ᠬᠤᠪᠴᠠᠰᠤᠨ ᠳᠦ ᠯᠡ ᠶᠡᠬᠡ ᠬᠡᠪᠴᠢᠶ ᠠ ᠪᠡᠷ ᠬᠡᠷᠡᠭᠯᠡᠬᠦ ᠡᠴᠡ ᠭᠠᠳᠠᠨ᠎ᠠ᠂ᠡᠩ ᠦᠨ ᠲᠤᠬᠢᠶᠠᠯᠳᠤᠯ ᠳᠦ ᠪᠦᠷ ᠯᠡ ᠵᠢᠵᠢᠭ ᠪᠠᠭ᠍ ᠠ ᠵᠠᠰᠠᠯ ᠴᠢᠮᠡᠭᠯᠡᠯ ᠳᠦ ᠠᠰᠢᠭᠯᠠᠳᠠᠭ᠃ᠲᠦᠪᠡᠳ ᠤᠯᠠᠮᠵᠢᠯᠠᠯᠲᠦ ᠪᠤᠷᠬᠠᠨ ᠱᠠᠰᠢᠨ ᠦ ᠭᠯᠦᠭᠪᠠ ᠵᠢᠨ ᠪᠦᠯᠦᠭ ᠦᠨ ᠯᠠᠮᠠ ᠨᠠᠷ ᠦᠨ ᠬᠢᠨᠢ ᠮᠠᠯᠠᠭᠠᠢ ᠨᠢ ᠰᠢᠷ ᠠ ᠪᠤᠯᠬᠤᠷ《ᠰᠢᠷ ᠠ ᠵᠢᠨ ᠱᠠᠰᠢᠨ》ᠭᠡᠭᠳᠡᠳᠡᠭ᠃ᠪᠠᠭ᠍ ᠠ ᠬᠦᠯᠬᠡᠨ ᠦ ᠪᠤᠷᠬᠠᠨ ᠱᠠᠰᠢᠨ ᠢ ᠰᠢᠳᠦᠳᠡᠭ ᠳ᠋ᠠᠢ᠂ᠠᠴᠠᠩ᠂ᠪᠦᠯᠠᠩ ᠵᠡᠷᠬᠡ ᠦᠨᠳᠦᠰᠦᠲᠡᠨ ᠦ ᠤᠷᠤᠨ ᠳᠦ ᠰᠦᠮ ᠠ ᠬᠡᠢᠢᠳ ᠵᠢᠡᠨ ᠪᠦᠷ ᠰᠡᠷᠡᠯ ᠲᠤᠸᠠᠯᠠᠳᠠᠯ ᠠ ᠠᠯᠳᠠᠨ ᠰᠢᠷ ᠠ ᠦᠩᠬᠡ ᠪᠡᠷ ᠪᠤᠳᠤᠵᠦ ᠰᠢᠷᠳᠡᠳᠡᠭ᠃ᠠᠴᠠᠩ ᠤᠷᠤᠨ ᠳᠦ ᠬᠦᠮᠦᠰ ᠪᠤᠷᠬᠠᠨ ᠦ ᠬᠦᠷᠦᠭ ᠲᠦ ᠪᠠᠨ ᠰᠢᠷ᠎ᠠ ᠪᠦᠰ ᠨᠦᠮᠦᠷᠦᠬᠦᠯᠵᠦ᠂ᠪᠤᠷᠬᠠᠨ ᠳᠦ ᠰᠢᠳᠤᠷᠭᠤ ᠰᠡᠳᠬᠢᠯ ᠵᠢᠡᠨ ᠢᠯᠡᠳᠭᠡᠵᠦ ᠪᠠᠢᠳᠠᠭ᠃

ᠬᠦᠬᠡ ᠦᠩᠭᠡ ᠳᠦ ᠴᠡᠩᠬᠡᠷ ᠨᠤᠭᠤᠭᠠᠨ ᠪᠠᠭᠳᠠᠳᠠᠭ᠂ᠴᠡᠩᠬᠡᠷ ᠨᠢ ᠬᠦᠬᠡ ᠴᠡᠩᠬᠡᠷ᠂ᠬᠦᠨ ᠴᠡᠩᠬᠡᠷ ᠮᠡᠳᠦ ᠪᠡᠷ ᠤᠯᠠᠨ ᠠᠩᠬᠢᠯᠠᠭᠳᠠᠳᠠᠭ᠃ᠴᠡᠩᠬᠡᠷ ᠢ ᠡᠷᠬᠢᠮᠨᠠᠨ ᠲᠡᠭᠡᠳᠦᠯᠡᠳᠡᠭ ᠴᠦᠬᠡᠨ ᠲᠤᠭᠠᠳᠦ ᠦᠨᠳᠦᠰᠦᠲᠡᠨ ᠨᠤᠭᠦᠳ ᠭᠡᠪᠡᠯ᠄ᠮᠤᠩᠭ᠋ᠤᠯ᠂ᠮᠤᠤᠨᠠᠨ᠂ᠯᠢ᠂ᠪᠦᠯᠠᠩ᠂ᠵᠤᠸᠠᠩ᠂ᠳ᠋ᠠᠢ᠂ᠱᠸ᠂ᠶᠤᠤ᠂ᠳ᠋ᠸ ᠠᠩ᠂ᠬᠢᠷᠬᠢᠰ᠂ ᠭᠤᠤᠱᠠᠨ᠂ᠪᠦᠶᠢ᠂ᠤᠢᠢᠭᠤᠷ ᠵᠡᠷᠭᠡ ᠪᠤᠢ᠃ᠨᠤᠭᠤᠭᠠᠨ ᠢ ᠡᠷᠬᠢᠮ ᠳᠦ ᠦᠵᠡᠳᠡᠭ ᠦᠨᠳᠦᠰᠦᠲᠡᠨ ᠭᠡᠪᠡᠯ ᠬᠤᠳᠤᠩ ᠪᠤᠯᠤᠨ ᠱᠦᠢ ᠪᠤᠢ᠃ᠨᠤᠭᠤᠭᠠᠨ ᠪᠤᠯ ᠡᠬᠡ ᠪᠠᠢᠢᠭᠠᠯᠢ ᠵᠢᠨ ᠬᠠᠮᠤᠭ ᠡᠴᠡ ᠪᠠᠢᠢᠩ᠋ᠭᠤ ᠬᠠᠷᠠᠭᠳᠠᠬᠤ ᠦᠩᠬᠡ ᠪᠦᠬᠡᠳ ᠠᠮᠢᠵᠢᠷᠠᠯ ᠦᠨ ᠬᠦᠴᠦᠨ ᠢ ᠪᠡᠯᠭᠡᠳᠡᠵᠦ ᠪᠠᠢᠢᠳᠠᠭ᠃ᠢᠰᠯᠠᠮ ᠦᠨ ᠰᠦᠮ᠎ᠠ ᠬᠡᠢᠢᠳ ᠦᠨ ᠪᠠᠷᠢᠯᠭ᠎ᠠ ᠨᠤᠭᠤᠭᠠᠨ ᠲᠡᠭᠡᠪᠤᠷ ᠵᠢᠡᠷ ᠵᠢᠡᠨ ᠤᠨᠴᠠ ᠢᠯᠭᠠᠷᠠᠳᠠᠭ ᠶᠤᠮ᠃

ᠬᠠᠷ᠎ᠠ ᠦᠩᠬᠡ ᠨᠢ ᠵᠤᠬᠢᠬᠤ ᠤᠳᠬ᠎ᠠ ᠠᠭᠤᠯᠭ᠎ᠠ ᠳᠦ ᠤᠴᠢᠷ ᠪᠢᠳᠡᠭᠦᠯᠢᠭ᠌᠂ᠬᠦᠴᠦᠨ ᠴᠢᠳᠠᠯ᠂ᠴᠢᠩᠭ᠋᠎ᠠ ᠲᠦᠪᠯᠡᠬᠦᠨ᠂ᠠᠭᠤᠳᠠᠮ ᠪᠠᠶᠠᠯᠢᠭ ᠢ ᠲᠦᠯᠦᠬᠡᠯᠡᠵᠦ ᠪᠠᠢᠢᠳᠠᠭ᠃ᠲᠦᠪᠡᠳ ᠪᠢᠷᠮᠠ ᠲᠦᠷᠦᠯ ᠬᠡᠯᠡᠨ ᠦ ᠢ ᠰᠠᠯᠪᠤᠷᠢ ᠬᠡᠯᠡᠨ ᠢ ᠦᠨᠳᠦᠰᠦᠲᠡᠨ ᠨᠤᠭᠦᠳ ᠦᠨ ᠲᠤᠳᠤᠷ᠎ᠠ ᠢ᠂ᠯᠢᠰᠦ᠂ᠨᠠᠰᠢ᠂ᠬᠠᠨᠢ᠂ᠨᠦ᠂ᠯᠠᠬᠤ ᠦᠨᠳᠦᠰᠦᠲᠡᠨ ᠪᠦᠷ ᠬᠠᠷ᠎ᠠ ᠦᠩᠬᠡ ᠵᠢ ᠲᠦᠢᠯ ᠵᠢᠡᠷ ᠬᠦᠨᠳᠦᠳᠭᠡᠨ ᠵᠦᠪᠰᠢᠶᠡᠷᠡᠵᠦ᠂ᠴᠢᠨᠠᠭᠰᠢᠯᠠᠭᠠᠳ ᠦᠪᠡᠷ ᠢ ᠪᠠᠨ  ᠬᠠᠷ᠎ᠠ ᠪᠡᠷ ᠨᠡᠷᠡᠯᠡᠳᠡᠭ ᠦᠨᠳᠦᠰᠦᠲᠡᠨ ᠴᠦ ᠪᠤᠢ᠃ᠲᠤᠮᠳᠠᠳᠤ ᠤᠯᠤᠰ ᠲᠦ ᠬᠠᠷ᠎ᠠ ᠵᠢ ᠰᠢᠳᠦᠨ ᠲᠡᠭᠡᠳᠦᠯᠡᠳᠡᠭ ᠴᠦᠬᠡᠨ ᠲᠤᠭᠠᠳᠦ ᠦᠨᠳᠦᠰᠦᠲᠡᠨ ᠭᠡᠪᠡᠯ ᠢ᠂ᠯᠢᠰᠦ᠂ᠨᠠᠰᠢ᠂ᠬᠠᠨᠢ᠂ᠨᠦ᠂ᠯᠠᠬᠤ᠂ᠮᠤᠩᠭ᠋ᠤᠷ᠂ᠮᠢᠶᠤᠤ᠂ᠳ᠋ᠦᠩ᠂ᠮᠤᠤᠨᠠᠨ᠂ᠸᠠ᠂ᠠᠴᠠᠩ᠂ᠮᠠᠨᠵᠦ᠂ᠤᠢᠢᠭᠤᠷ᠂ᠵᠢᠩᠫᠦᠸᠸ ᠂ᠾᠸᠵᠸ ᠵᠡᠷᠬᠡ ᠪᠤᠢ᠃

ᠲᠤᠮᠳᠠᠳᠦ ᠤᠯᠤᠰ ᠦᠨ ᠴᠦᠬᠡᠨ ᠲᠤᠭᠠᠳᠦ ᠦᠨᠳᠦᠰᠦᠲᠡᠨ ᠨᠤᠭᠦᠳ ᠦᠨ ᠲᠤᠳᠤᠷ᠎ᠠ ᠴᠠᠭᠠᠨ ᠢ ᠰᠢᠳᠦᠨ ᠡᠷᠬᠢᠮᠨᠡᠳᠡᠭ ᠬᠠᠮᠤᠭ ᠤᠯᠠᠨ ᠪᠦᠬᠡᠳ ᠲᠤᠷᠠᠳᠪᠠᠯ᠂ᠤᠷᠤᠰ᠂ᠳ᠋ᠦᠩᠰᠢᠶᠠᠩ᠂ᠲᠠᠵᠢᠺ᠂ᠮᠤᠩᠭ᠋ᠤᠷ᠂ᠠᠴᠠᠩ᠂ᠮᠠᠨᠵᠦ᠂ᠤᠢᠢᠭᠤᠷ᠂ᠵᠢᠩᠫᠦᠸᠸ᠂ᠲᠦᠪᠡᠳ᠂ᠮᠤᠩᠭ᠋ᠤᠯ᠂ᠬᠠᠰᠠᠭ᠂ᠬᠤᠳᠤᠩ᠂ᠰᠤᠯᠤᠩ᠋ᠭᠤᠰ᠂ᠡᠸᠩᠬᠢ᠂ᠤᠷᠴᠤᠨ᠂ᠲᠠᠲ᠋ᠠᠷ᠂ᠲᠠᠭᠤᠷ᠂ᠬᠢᠷᠬᠢᠰ ᠵᠡᠷᠭᠡ ᠪᠠᠢᠢᠳᠠᠭ᠃ᠴᠠᠭᠠᠨ ᠢ ᠡᠷᠬᠢᠮᠨᠠᠨ ᠲᠡᠭᠡᠳᠦᠯᠡᠳᠡᠭ ᠦᠨᠳᠦᠰᠦᠲᠡᠨ ᠨᠤᠭᠦᠳ ᠦᠨ ᠲᠤᠬᠠᠢ ᠶᠡᠷᠦᠩᠬᠡᠢᠢᠯᠡᠨ ᠠᠵᠢᠭᠯᠠᠬᠤ ᠳᠦ ᠲᠡᠳᠠ ᠪᠦᠷ ᠮᠠᠯ ᠦᠨ ᠰᠦ᠋ ᠴᠠᠭ᠎ᠠ ᠵᠢᠨ ᠰᠢᠮ᠎ᠠ ᠵᠢ ᠡᠳ᠋ᠯᠡᠳᠡᠭ ᠨᠡᠭᠦᠳᠡᠯᠴᠢᠨ ᠦᠨᠳᠦᠰᠦᠲᠡᠨ ᠪᠠ ᠡᠪᠤᠯ ᠳᠦ ᠪᠠᠨ ᠴᠠᠰᠦ ᠮᠦᠰᠦᠨ ᠳᠦ ᠬᠤᠴᠢᠭᠳᠠᠳᠠᠭ ᠤᠮᠠᠷᠠᠳᠦ ᠤᠷᠤᠨ ᠳᠦ ᠤᠷᠤᠰᠢᠨ ᠠᠮᠢᠳᠤᠷᠠᠳᠠᠭ ᠦᠨᠳᠦᠰᠦᠲᠡᠨ ᠬᠡᠳᠡᠭ ᠢ ᠮᠡᠳᠡᠨ᠎ᠠ᠃ᠡᠭᠦᠨ ᠡᠴᠡ ᠭᠠᠳᠠᠨ᠎ᠠ᠂ᠴᠠᠭᠠᠨ ᠪᠠᠷᠰ᠂ᠴᠠᠭᠠᠨ ᠪᠤᠭᠤ᠂ᠠᠭᠤᠯᠠ ᠵᠢᠨ ᠴᠠᠭᠠᠨ ᠴᠢᠯᠠᠭᠤ ᠵᠡᠷᠭᠡ ᠲᠤᠲ᠋ᠸᠮ ᠰᠢᠳᠦᠯᠬᠡ  ᠲᠠᠢ ᠦᠨᠳᠦᠰᠦᠲᠡᠨ ᠨᠤᠭᠦᠳ ᠴᠦ ᠴᠠᠭᠠᠨ ᠢ ᠰᠢᠳᠦᠨ ᠵᠦᠪᠰᠢᠶᠡᠷᠡᠳᠡᠭ᠃ᠡᠳᠡᠬᠡᠷ ᠴᠠᠠᠭᠠᠨ ᠢ ᠲᠡᠭᠡᠳᠦᠯᠡᠭᠴᠢ ᠦᠨᠳᠦᠰᠦᠲᠡᠨ ᠨᠤᠭᠦᠳ ᠦᠨ ᠲᠤᠳᠤᠷ᠎ᠠ ᠦᠪᠡᠷ ᠢ ᠪᠠᠨ ᠪᠠᠢ(ᠴᠠᠭᠠᠨ)ᠬᠡᠮᠡᠨ ᠨᠡᠷᠡᠯᠡᠭᠰᠡᠨ ᠨᠢ ᠴᠦ ᠪᠤᠢ᠃

ᠤᠯᠠᠭᠠᠨ ᠂ᠰᠢᠷ᠎ᠠ᠂ᠬᠦᠬᠡ᠂ᠬᠠᠷ᠎ᠠ᠂ᠴᠠᠭᠠᠨ ᠭᠡᠳᠡᠭ ᠨᠢ ᠬᠢᠯᠪᠠᠷᠬᠠᠨ ᠦᠩᠬᠡ ᠵᠢᠨ ᠨᠡᠷᠡᠢᠢᠳᠦᠯ ᠲᠡᠳᠦᠢ ᠪᠤᠯᠪᠠᠴᠦ ᠠᠯᠢ ᠴᠦ ᠦᠨᠳᠦᠰᠦᠲᠡᠨ ᠦ ᠦᠩᠬᠡ ᠪᠤᠳᠤᠭ ᠦᠨ ᠰᠤᠶᠤᠯ ᠨᠢ ᠠᠳᠠᠯᠢ ᠪᠤᠰᠤ ᠬᠡᠮᠵᠢᠶ᠎ᠠ ᠪᠡᠷ ᠲᠤᠲ᠋ᠧᠮ ᠰᠢᠳᠦᠯᠬᠡ᠂ᠨᠡᠭᠦᠳᠡᠯ ᠪᠠᠭᠤᠳᠠᠯ᠂ᠦᠢᠯᠡᠳᠪᠦᠷᠢᠯᠡᠯ ᠦᠨ ᠠᠷᠭ᠎ᠠ ᠬᠡᠯᠪᠡᠷᠢ ᠵᠢᠨ ᠬᠢᠨᠢ ᠬᠤᠪᠢᠷᠠᠯᠲᠠ᠂ᠪᠤᠳᠤᠬᠤ ᠨᠡᠬᠡᠬᠦ ᠵᠡᠷᠬᠡ ᠦᠢᠯᠡᠳᠪᠦᠷᠢᠯᠡᠯ ᠦᠨ ᠤᠷ᠎᠎ᠠ ᠮᠡᠷᠭᠡᠵᠢᠯ ᠦᠨ ᠰᠢᠨᠡᠴᠢᠯᠠᠯᠲᠡ ᠵᠢᠴᠢ ᠱᠠᠰᠢᠨ ᠰᠢᠳᠦᠯᠬᠡ ᠵᠢᠨ ᠪᠦᠷᠢᠯᠳᠦᠯ ᠵᠡᠷᠬᠡ ᠵᠢ ᠲᠤᠰᠬᠠᠵᠦ ᠪᠠᠢᠢᠳᠠᠭ᠂ᠦᠭᠡᠷ᠎ᠠ ᠪᠡᠷ ᠬᠡᠯᠡᠪᠡᠯ᠂ᠰᠤᠯᠤᠩ᠋ᠭᠠᠷᠠᠨ ᠮᠢᠷᠠᠯᠵᠠᠭᠰᠠᠨ ᠦᠩᠬᠡ ᠪᠤᠳᠤᠭ ᠦᠨ ᠰᠤᠶᠤᠯ ᠦᠨ ᠴᠠᠭᠠᠨ᠎ᠠ ᠦᠨᠳᠦᠰᠦᠲᠡᠨ ᠨᠤᠭᠦᠳ ᠦᠨ ᠬᠦᠭᠵᠢᠯᠲᠡ ᠵᠢᠨ ᠲᠡᠥᠬᠡᠨ ᠶᠠᠪᠤᠴᠠ ᠬᠦᠥᠷᠨᠢᠭᠳᠡᠵᠦ ᠪᠠᠢᠢᠭ᠎ᠠ ᠶᠤᠮ᠃ᠦᠨᠳᠦᠰᠦᠲᠡᠨ ᠨᠤᠭᠦᠳ ᠦᠨ ᠦᠩᠬᠡ ᠦᠩᠬᠡ ᠵᠢᠨ ᠴᠤᠩᠬᠤ ᠪᠡᠷ ᠨᠡᠩ ᠦᠷᠭᠡᠨ ᠲᠡᠯᠭᠡᠷᠡᠩᠭᠦᠢ ᠲᠤᠳᠤ ᠴᠡᠯᠮᠡᠭ ᠰᠤᠶᠤᠯ ᠦᠨ ᠬᠦᠭᠵᠢᠯᠲᠡ ᠵᠢᠨ ᠡᠮᠬᠢ ᠵᠢᠷᠤᠮ ᠲᠤᠳᠤᠷᠠᠬᠤ ᠪᠤᠯᠤᠭᠠᠰᠠᠢ᠃


ᠤᠯᠠᠭᠠᠨ᠂ᠰᠢᠷ᠎ᠠ᠂ᠬᠦᠬᠡ᠂ᠬᠠᠷ᠎ᠠ᠂ᠴᠠᠭᠠᠨ ᠲᠠᠪᠤᠨ ᠦᠩᠬᠡ ᠨᠢ ᠲᠤᠮᠳᠠᠳᠦ ᠤᠯᠤᠰ ᠦᠨ ᠴᠦᠬᠡᠨ ᠲᠤᠭᠠᠳᠦ ᠦᠨᠳᠦᠰᠦᠲᠡᠨ ᠦ ᠠᠮᠢᠳᠤᠷᠠᠯ ᠳᠦ ᠡᠶ᠎ᠠ ᠵᠤᠬᠢᠴᠠᠯ  ᠲᠠᠢ ᠢᠯᠡᠷᠡᠵᠦ ᠪᠠᠢᠢᠳᠠᠭ

ᠶᠦᠨᠨᠠᠨ ᠦ ᠱᠢᠫᠢᠩ ᠦᠨ ᠢ ᠪᠦᠰᠡᠭᠦᠢᠢᠴᠤᠳ ᠲᠤᠮᠤ ᠲᠤᠮᠤ ᠤᠯᠠᠭᠠᠨ ᠬᠠᠳᠬᠤᠮᠠᠯ ᠵᠢᠡᠷ ᠵᠦᠢᠵᠦ ᠤᠶᠤᠭᠰᠠᠨ ᠬᠤᠪᠴᠠᠰᠦ ᠪᠡᠷ ᠭᠤᠶᠤᠳᠠᠭ

ᠲᠠᠪᠤᠨ ᠦᠩᠬᠡ ᠵᠢᠨ ᠰᠢᠯᠦᠬᠡᠢ ᠪᠤᠳᠠᠭ᠎ᠠ

ᠤᠯᠠᠭᠠᠨ ᠨᠢ ᠤᠯᠠᠨ ᠦᠨᠳᠦᠰᠦᠲᠡᠨ ᠦ ᠰᠤᠶᠤᠯ ᠳᠦ ᠦᠯᠵᠢ ᠲᠡᠮᠪᠡᠷᠢᠯ ᠢ ᠢᠯᠡᠳᠭᠡᠵᠦ ᠪᠠᠢᠢᠳᠠᠭ᠃ᠵᠢᠷᠤᠭ᠄ᠬᠦᠢᠵᠧᠥ ᠵᠢᠨ ᠬᠤᠸᠠᠩᠫᠢᠩ ᠰᠢᠶᠠᠨ ᠦ ᠷᠧᠩᠭᠧᠴᠤᠳ ᠦᠨ ᠬᠤᠷᠢᠮ ᠦᠨ ᠶᠤᠰᠤᠯᠠᠯ

ᠰᠧᠴᠤᠸᠠᠨ ᠦ ᠯᠢᠶᠠᠩᠱᠠᠨ ᠦ ᠢ ᠪᠦᠰᠡᠭᠦᠢᠢᠴᠤᠳ ᠭᠠᠯ ᠪᠠᠮᠪᠠᠷ ᠦᠨ ᠪᠠᠶᠠᠷ ᠦᠨ ᠦᠶ᠎ᠠ ᠪᠡᠷ ᠰᠢᠷ᠎ᠠ ᠰᠢᠬᠦᠷ ᠵᠢᠡᠷ ᠭᠤᠶᠤᠯᠠᠳᠠᠭ

ᠲᠦᠪᠡᠳ ᠤᠯᠠᠮᠵᠢᠯᠠᠯᠲᠦ ᠪᠤᠷᠬᠠᠨ ᠱᠠᠰᠢᠨ ᠦ ᠭ᠋ᠯᠦᠢᠭ᠍ᠪᠠ ᠪᠦᠯᠦᠭ ᠦᠨ ᠯᠠᠮᠠ

ᠯᠢ ᠦᠨᠳᠦᠰᠦᠲᠡᠨ ᠦ ᠨᠠᠰᠤᠲᠠᠳ ᠭᠤᠤᠯᠳᠠᠭᠤ ᠬᠠᠷ᠎ᠠ ᠦᠩᠬᠡ ᠵᠢᠨ ᠬᠡᠮᠡᠷᠯᠢᠭ᠌ ᠨᠡᠬᠡᠬᠦ ᠲᠤᠷᠠᠲᠠᠢ

ᠮᠤᠩᠭ᠋ᠤᠯᠴᠤᠳ ᠴᠡᠩᠬᠡᠷ ᠲᠡᠷᠯᠢᠭ᠌ ᠵᠢᠡᠷ ᠭᠤᠶᠤᠬᠤ ᠲᠤᠷᠠᠲᠠᠢ

ᠬᠦᠢᠵᠧᠥ ᠵᠢᠨ ᠳ᠋ᠠᠨᠵᠠᠢ ᠵᠢᠨ ᠮᠢᠶᠤᠤ ᠪᠦᠰᠡᠭᠦᠢᠢᠴᠤᠳ ᠦᠨ ᠴᠡᠩᠬᠡᠷ  ᠬᠠᠨᠳᠠᠭᠠᠰᠦ

ᠴᠡᠩᠬᠡᠷ ᠪᠤᠳᠤᠭ ᠢ ᠨᠠᠢᠢᠷᠠᠭᠤᠯᠳᠠᠭ ᠡᠷᠦᠳᠡᠰᠦ

ᠴᠠᠭᠠᠨ ᠬᠠᠨ᠎ᠠ ᠬᠠᠷ᠎ᠠ ᠲᠡᠬᠡᠪᠦᠷ ᠲᠠᠢ ᠬᠡᠷ ᠪᠠᠢᠢᠰᠢᠩ

ᠬᠤᠲ᠋ᠠᠨ ᠦ ᠤᠢᠢᠭᠤᠷᠴᠤᠳ ᠦᠨ ᠬᠠᠷ᠎ᠠ᠂ᠴᠡᠩᠬᠡᠷ᠂ᠴᠠᠭᠠᠨ ᠳᠦ ᠲᠤᠷᠠᠲᠠᠢ ᠪᠠᠢᠢᠳᠠᠭ ᠢ ᠨᠢ ᠬᠤᠪᠴᠠᠰᠦ ᠬᠤᠨᠠᠷ ᠡᠴᠡ ᠨᠢ ᠤᠯᠵᠦ ᠬᠠᠷᠠᠨ᠎ᠠ

ᠴᠢᠶᠠᠩᠴᠤᠳ ᠴᠠᠭᠠᠨ  ᠬᠤᠨᠢᠨ ᠠᠷᠠᠰᠤᠨ ᠬᠦᠷᠮ᠎ᠠ ᠡᠮᠦᠰᠬᠦ ᠲᠤᠷᠠᠲᠠᠢ

ᠰᠤᠯᠤᠩᠭ᠋ᠤᠰᠴᠤᠳ ᠶᠡᠷᠦ ᠨᠢ ᠴᠠᠭᠠᠨ ᠬᠤᠪᠴᠠᠰᠦᠲᠦ ᠦᠨᠳᠦᠰᠦᠲᠡᠨ ᠭᠡᠭᠳᠡᠳᠡᠭ

ᠤᠯᠠᠭᠠᠨ ᠴᠠᠭᠠᠨ ᠦᠩᠬᠡ ᠢᠯᠭᠠᠷᠠᠭᠰᠠᠨ ᠲᠦᠪᠡᠳ ᠪᠤᠷᠬᠠᠨ ᠱᠠᠰᠢᠨ ᠦ ᠰᠦᠮ᠎ᠠ ᠬᠡᠢᠢᠳ

ᠬᠠᠰᠠᠭ ᠦᠬᠢᠨ ᠬᠠᠷᠢ ᠳᠦ ᠮᠤᠷᠳᠠᠬᠤ ᠳᠦ ᠪᠠᠨ ᠴᠠᠭᠠᠨ ᠵᠢᠡᠷ ᠬᠤᠪᠴᠠᠯᠠᠬᠤ ᠲᠤᠷᠠᠲᠠᠢ

ᠵᠤᠬᠢᠶᠠᠭᠴᠢ᠄ ᠯᠢ ᠯᠢᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 559
ᠴᠠᠭ᠄ 2015 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁