ᠬᠦᠬᠡᠨᠠᠭᠤᠷ ᠮᠤᠵᠢ ᠵᠢᠨ ᠬᠠᠢᠢᠰᠢ ᠵᠢᠨ ᠮᠤᠩᠭᠤᠯ ᠦᠨᠳᠦᠰᠦᠲᠡᠨ ᠲᠦᠪᠡᠳ ᠦᠨᠳᠦᠰᠦᠲᠡᠨ ᠦ ᠦᠪᠡᠷᠲᠡᠭᠡᠨ ᠵᠠᠰᠠᠬᠤ ᠵᠧᠥ ᠪᠠᠢᠢᠭᠤᠯᠤᠭᠳᠠᠭᠰᠠᠨ 60 ᠵᠢᠯ ᠦᠨ ᠤᠢ ᠵᠢ ᠪᠠᠶᠠᠷᠯᠠᠨ ᠪᠡᠯᠬᠡᠯᠡᠶ᠎ᠠ

ᠤᠯᠤᠰ ᠲᠦᠷᠦ᠄

ᠬᠠᠢᠢᠰᠢ ᠨᠤᠲᠤᠭ ᠦᠨᠢ ᠤᠳᠠᠭᠠᠨ ᠲᠡᠥᠬᠡ ᠲᠠᠢ᠃ᠡᠷᠲᠡᠨ ᠦ ᠦᠶ᠎ᠠ ᠳᠦ ᠪᠠᠷᠠᠭᠤᠨ ᠴᠢᠶᠠᠩ ᠦᠨ ᠭᠠᠵᠠᠷ ᠪᠠᠢᠵᠦ᠂ᠪᠠᠷᠠᠭᠤᠨ ᠬᠠᠨ ᠤᠯᠤᠰ ᠦᠨ ᠦᠶ᠎ᠠ ᠳᠦ ᠬᠦᠷᠦᠬᠡᠳ ᠡᠳᠦᠬᠡ ᠵᠢᠨ ᠬᠠᠢᠰᠢ ᠵᠸᠥ ᠵᠢᠨ ᠵᠡᠬᠦᠨ ᠬᠡᠰᠡᠭ ᠨᠢ ᠰᠢᠶᠠᠨᠯᠢᠩ ᠪᠢᠾᠸ ᠵᠡᠷᠭᠡ ᠴᠢᠶᠠᠩ ᠠᠢᠮᠠᠭ ᠦᠨ ᠠᠵᠦ ᠲᠦᠷᠦᠳᠡᠭ ᠭᠠᠵᠠᠷ ᠪᠤᠯᠤᠭᠰᠠᠨ ᠪᠦᠬᠡᠳ ᠪᠠᠷᠠᠭᠤᠨ ᠬᠡᠰᠡᠭ ᠨᠢ《ᠡᠷᠲᠡᠨ ᠦ ᠴᠢᠶᠠᠩ ᠤᠯᠤᠰ》 ᠦᠨ ᠬᠠᠷᠢᠶ᠎ᠠ ᠪᠠᠢᠪᠠ᠃

ᠵᠡᠬᠦᠨ ᠵᠢᠨ ᠤᠯᠤᠰ ᠦᠨ ᠰᠡᠬᠦᠯᠴᠢ ᠵᠢᠨ ᠦᠶ᠎ᠠ ᠳᠦ᠂ᠤᠳᠤ ᠵᠢᠨ ᠬᠠᠢᠢᠰᠢ ᠵᠸᠥ ᠵᠢᠨ ᠪᠠᠷᠠᠭᠤᠨ ᠬᠡᠰᠡᠭ ᠨᠢ ᠲᠦ᠋ ᠢᠥᠢ ᠡᠾᠦᠢ᠌ᠨ ᠦ ᠬᠠᠷᠢᠶ᠎ᠠ ᠭᠠᠵᠠᠷ ᠪᠠᠢᠵᠦ᠂ᠵᠡᠬᠦᠨ ᠬᠡᠰᠡᠭ ᠨᠢ ᠰᠢᠶᠠᠨᠪᠢ ᠵᠢᠨ ᠢᠹᠦ᠋ ᠤᠯᠤᠰ ᠦᠨ ᠭᠠᠵᠠᠷ ᠪᠠᠢᠪᠠ᠃ ᠲᠦ᠋ ᠢᠥᠢ ᠡᠾᠦᠢ᠌ᠨ ᠦ ᠲᠦᠷᠦᠬᠦᠦ ᠱᠢᠶᠢᠨ ᠪᠡᠷ ᠰᠠᠭᠤᠷᠢᠨ᠎ᠠ ᠪᠠᠢᠬᠤ ᠳᠦ ᠪᠠᠨ ᠪᠠᠢᠯᠠᠨ ᠳᠦ ᠬᠤᠳᠠ ᠪᠠᠯᠭᠠᠳ ᠪᠠᠢᠭᠤᠯᠤᠭᠰᠠᠨ ᠪᠦᠬᠡᠳ ᠲᠦ᠋ ᠢᠥᠢ ᠡᠾᠦᠢ᠌ᠨ ᠦ ᠹᠦ᠋ ᠯᠢᠶᠠᠨ ᠴᠸᠥ ᠪᠡᠷ ᠰᠠᠭᠤᠷᠢᠨ᠎ᠠ ᠪᠠᠢᠬᠤ ᠳᠦ ᠪᠠᠨ ᠤᠳᠤ ᠵᠢᠨ ᠬᠠᠢᠰᠢ ᠵᠧᠥ ᠵᠢᠨ ᠬᠢᠯᠢ ᠳᠦ ᠨᠡᠢᠰᠯᠡᠯᠯᠡᠵᠡᠢ᠃

ᠰᠦᠢ ᠤᠯᠤᠰ ᠦᠨ ᠳ᠋ᠠ ᠶᠸ ᠵᠢᠨ ᠲᠠᠪᠤᠳᠤᠭᠠᠷ ᠤᠨ(609 ᠤᠨ) ᠳᠦ᠂ᠰᠦᠢ ᠤᠯᠤᠰ ᠦᠨ ᠴᠡᠷᠢᠭ ᠲᠦ᠋ ᠢᠥᠢ ᠡᠾᠦᠢ᠌ᠨ ᠢ ᠢᠯᠡᠵᠦ᠂ᠭᠠᠵᠠᠷ ᠨᠤᠲᠤᠭ ᠲᠦ ᠨᠢ ᠲᠦᠷᠪᠡᠨ ᠵᠢᠶᠦᠢ᠌ᠨ ᠪᠠᠢᠭᠤᠯᠪᠠ᠂ᠡᠳᠦᠬᠡ ᠵᠢᠨ ᠬᠠᠢᠢᠰᠢ ᠵᠧᠥ ᠵᠢᠨ ᠵᠡᠬᠦᠨ ᠬᠡᠰᠡᠭ ᠨᠢ ᠰᠢᠬᠠᠢ ᠵᠢᠶᠦᠢ᠌ᠨ ᠳᠦ᠂ᠪᠠᠷᠠᠭᠤᠨ ᠬᠡᠰᠡᠬ ᠨᠢ ᠱᠠᠨᠱᠠᠨ ᠵᠢᠶᠦᠢ᠌ᠨ ᠳᠦ ᠬᠠᠷᠢᠶᠠᠯᠠᠭᠳᠠᠪᠠ᠃ᠰᠦᠢ ᠤᠯᠤᠰ ᠦᠨ ᠰᠡᠬᠦᠯᠴᠢ ᠪᠡᠷ ᠲᠦ᠋ ᠢᠥᠢ ᠡᠾᠦᠢ᠌ᠨ ᠬᠠᠷᠢᠶ᠎ᠠ ᠭᠠᠵᠠᠷ ᠵᠢᠡᠨ ᠡᠬᠡᠬᠦᠯᠦᠨ ᠠᠪᠴᠠᠢ᠃

ᠲᠠᠩ ᠤᠯᠤᠰ ᠦᠨ ᠵᠸᠨ ᠭᠤᠸᠠᠨ ᠦ ᠠᠷᠪᠠᠳᠤᠭᠠᠷ ᠤᠨ ᠳᠦ᠂ ᠲᠦ᠋ ᠢᠥᠢ ᠡᠾᠦᠢ᠌ᠨ ᠲᠠᠩ ᠤᠯᠤᠰ ᠦᠨ ᠬᠠᠷᠢᠶᠠᠲᠦ ᠤᠯᠤᠰ ᠪᠤᠯᠪᠠ᠃ᠯᠦᠩ ᠱᠦᠸᠸ ᠵᠢᠨ ᠭᠤᠷᠪᠠᠳᠤᠭᠠᠷ ᠤᠨ ᠳᠦ ᠲᠦᠪᠡ ᠸᠠᠩᠳᠦ ᠤᠯᠤᠰ ᠲᠦ᠋ ᠢᠥᠢ ᠡᠾᠦᠢ᠌ᠨ ᠢ ᠤᠰᠠᠳᠬᠠᠵᠦ ᠭᠠᠵᠠᠷ ᠨᠤᠲᠤᠭ ᠢ ᠨᠢ ᠡᠵᠡᠯᠡᠵᠦ᠂ᠡᠳᠦᠬᠡ ᠵᠢᠨ ᠬᠠᠢᠰᠢ ᠵᠧᠥ ᠨᠢ ᠲᠦᠪᠡ ᠵᠢᠨ ᠯᠠᠴᠸᠩ ᠦᠨ ᠵᠢᠶᠸ ᠳᠦ᠋ ᠱᠢ ᠲᠦᠰᠢᠮᠡᠯ ᠳᠦ ᠬᠠᠷᠢᠶᠠᠯᠠᠭᠳᠠᠵᠦ ᠪᠠᠢᠪᠠ᠃

ᠰᠦᠩ ᠤᠯᠤᠰ ᠦᠨ ᠦᠶ᠎ᠠ ᠳᠦ᠂ᠤᠳᠤ ᠵᠢᠨ ᠬᠠᠢᠰᠢ ᠵᠸᠥ ᠵᠢᠨ ᠪᠠᠷᠠᠭᠤᠨ ᠬᠡᠰᠡᠨ ᠨᠢ ᠰᠢᠷ᠎ᠠ ᠤᠢᠭᠤᠷ ᠦᠨ ᠨᠤᠲᠤᠭ ᠪᠠᠢᠵᠦ᠂ᠵᠡᠬᠦᠨ ᠬᠡᠰᠡᠭ ᠨᠢ ᠲᠦᠪᠡ ᠵᠢᠨ ᠤᠷᠤᠨ ᠨᠤᠲᠤᠭ ᠦᠨ ᠵᠠᠰᠠᠭ ᠦᠨ ᠡᠵᠡᠮᠳᠡᠯ ᠳᠦ ᠪᠠᠢᠪᠠ᠃

ᠶᠤᠸᠠᠨ ᠤᠯᠤᠰ ᠦᠨ ᠦᠶ᠎ᠠ ᠳᠦ ᠡᠳᠦᠬᠡ ᠵᠢᠨ ᠬᠠᠢᠰᠢ ᠵᠢᠨ ᠪᠠᠷᠠᠭᠤᠨ ᠬᠤᠢᠳᠦ ᠬᠡᠰᠡᠭ ᠨᠢ ᠭᠠᠨᠰᠦ ᠵᠢᠨ ᠵᠠᠰᠠᠭ ᠶᠠᠪᠤᠭᠤᠯᠬᠤ ᠶᠠᠮᠤᠨ ᠦ ᠱᠠᠵᠸᠥ ᠴᠦᠯᠬᠡ ᠳᠦ ᠬᠠᠷᠢᠶᠠᠯᠠᠭᠳᠠᠵᠦ᠂ᠦᠯᠡᠳᠡᠭᠰᠡᠨ ᠶᠡᠬᠡᠩᠬᠢ ᠬᠡᠰᠡᠭ ᠨᠢ ᠪᠦᠬᠦ ᠤᠯᠤᠰ ᠦᠨ ᠱᠠᠰᠢᠨ ᠦ ᠬᠡᠷᠡᠭ ᠪᠠ ᠲᠦᠪᠡ ᠵᠢᠨ ᠴᠡᠷᠢᠭ ᠦᠨ ᠵᠠᠰᠠᠭ ᠦᠨ ᠵᠠᠪᠤᠳᠠᠯ ᠢ ᠬᠠᠮᠢᠶᠠᠷᠬᠤ ᠶᠠᠮᠤᠨ ᠦ ᠰᠠᠯᠪᠤᠷᠢ ᠵᠤᠷᠭᠠᠨ ᠳᠦ ᠬᠠᠮᠢᠶᠠᠷᠤᠭᠳᠠᠪᠠ᠃ᠶᠤᠸᠠᠨ ᠤᠯᠤᠰ ᠦᠨ ᠱᠦᠨ᠋ ᠳᠢ ᠬᠠᠭᠠᠨ ᠦ ᠦᠶ᠎ᠠ ᠳᠦ᠂ᠤᠳᠤ ᠵᠢᠨ ᠬᠠᠢᠰᠢ ᠵᠢᠨ ᠪᠠᠷᠠᠭᠤᠨ ᠬᠡᠰᠡᠭ ᠲᠦ ᠶᠤᠸᠠᠨᠰ᠋ᠤᠸᠠᠢ ᠵᠢᠨ ᠤᠷᠳᠤᠨ ᠪᠠᠢᠭᠤᠯᠵᠦ᠂ᠪᠤᠶᠠᠨᠳᠠᠮᠤᠷ ᠢ ᠨᠢᠩ ᠸᠠᠨ ᠡᠷᠭᠦᠮᠵᠢᠯᠡᠨ ᠴᠠᠢᠳᠠᠮ ᠦᠨ ᠪᠠᠷᠠᠭᠤᠨ ᠬᠡᠰᠡᠭ ᠢ ᠰᠠᠬᠢᠭᠤᠯᠵᠠᠢ᠃

ᠮᠢᠩ ᠤᠯᠤᠰ ᠦᠨ ᠡᠥ ᠽᠦᠩ ᠬᠠᠭᠠᠨ ᠦ ᠵᠧᠩ ᠳᠸ ᠵᠢᠨ ᠲᠤᠯᠤᠳᠤᠭᠠᠷ ᠤᠨ ᠦ ᠤᠷᠴᠢᠮ ᠵᠢᠡᠷ ᠵᠡᠬᠦᠨ ᠮᠤᠩᠭᠤᠯ ᠦᠨ ᠤᠯᠠᠨ ᠠᠢᠮᠠᠭ ᠬᠦᠬᠡᠨᠠᠭᠤᠷ ᠲᠦ ᠤᠷᠤᠵᠦ᠂ᠪᠤᠭᠤᠮᠳᠠ ᠵᠢᠨ ᠭᠠᠳᠠᠨᠠᠬᠢ ᠲᠦᠷᠪᠡᠨ ᠬᠠᠷᠠᠭᠤᠯ ᠢ ᠲᠠᠭᠠᠷᠢᠨ ᠡᠪᠳᠡᠭᠰᠡᠨ ᠡᠴᠡ ᠡᠳᠦᠬᠡ ᠵᠢᠨ ᠬᠠᠢᠰᠢ ᠤᠷᠤᠨ ᠵᠡᠭᠦᠨ ᠮᠤᠩᠭᠤᠯ ᠦᠨ ᠠᠢᠮᠠᠭ ᠦᠳ ᠦᠨ ᠨᠤᠶᠠᠷᠬᠠᠯ ᠳᠦ ᠤᠷᠤᠪᠠ᠃ᠴᠦᠩ ᠵᠸᠨ ᠦ ᠠᠷᠪᠠᠳᠤᠭᠠᠷ ᠤᠨ ᠳᠦ ᠡᠳᠦᠬᠡ ᠵᠢᠨ ᠰᠢᠨᠵᠢᠶᠠᠩ ᠳᠦ ᠰᠠᠭᠤᠵᠦ ᠪᠠᠢᠭᠰᠠᠨ ᠤᠢᠷᠠᠳ ᠦᠨ ᠬᠤᠱᠤᠳᠴᠤᠳ ᠬᠦᠥᠰᠢ ᠬᠠᠭᠠᠨ ᠦ ᠲᠠᠭᠠᠭᠤᠯᠭ᠎ᠠ ᠪᠡᠷ ᠬᠦᠬᠡᠨᠠᠭᠤᠷ ᠤᠷᠤᠵᠦ᠂ᠦᠨᠦ ᠵᠢᠨ ᠬᠠᠢᠰᠢ ᠤᠷᠤᠨ ᠢ ᠡᠵᠡᠯᠡᠪᠡ᠃

ᠴᠢᠩ ᠤᠯᠤᠰ ᠦᠨ ᠨᠠᠢᠷᠠᠯᠲᠦ ᠲᠦᠪ ᠦᠨ ᠭᠤᠷᠪᠠᠳᠤᠭᠠᠷ ᠤᠨ ᠳᠦ ᠴᠢᠩ ᠤᠯᠤᠰ ᠦᠨ ᠵᠠᠰᠠᠭ ᠡᠴᠡ ᠬᠦᠬᠡᠨᠠᠭᠤᠷ ᠮᠤᠩᠭᠤᠯᠴᠤᠳ ᠢ ᠵᠡᠬᠦᠨ ᠪᠠᠷᠠᠭᠤᠨ ᠬᠤᠶᠠᠷ ᠭᠠᠷ ᠦᠨ 29 ᠬᠤᠰᠢᠭᠤ ᠪᠤᠯᠭᠠᠨ ᠬᠤᠪᠢᠶᠠᠵᠦ᠂ᠡᠳᠦᠬᠡ ᠵᠢᠨ ᠬᠠᠢᠰᠢ ᠵᠧᠥ ᠵᠢᠨ ᠬᠢᠯᠢ ᠳᠦ 9 ᠮᠤᠩᠭᠤᠯ ᠬᠤᠰᠢᠭᠤ ᠭᠠᠷᠭᠠᠵᠦ᠂ᠬᠦᠬᠡᠨᠠᠭᠤᠷ ᠦᠨ ᠬᠡᠷᠡᠭ ᠡᠷᠬᠢᠯᠡᠬᠦ ᠶᠡᠬᠡ ᠰᠠᠢᠳ ᠲᠦ ᠬᠠᠮᠢᠷᠠᠷᠤᠭᠤᠯᠪᠠ᠃ᠲᠡᠭᠷᠢ ᠲᠡᠳᠭᠦᠭᠴᠢ ᠵᠢᠨ ᠬᠤᠷᠢᠨ ᠬᠤᠶᠠᠳᠤᠭᠠᠷ ᠤᠨ ᠳᠦ ᠪᠠᠨᠴᠢᠨ ᠯᠠᠮᠠ ᠵᠢᠨ ᠨᠤᠲᠤᠭ ᠪᠡᠯᠴᠢᠬᠡᠷ ᠡᠮᠦᠨᠡᠰᠢ ᠪᠠᠶᠠᠨᠳᠤᠬᠤᠢ ᠤᠷᠴᠢᠮ ᠳᠦ ᠨᠡᠬᠦᠭᠰᠡᠨ ᠵᠢᠡᠷ ᠪᠠᠨᠴᠢᠨ ᠱᠠᠩ ᠬᠤᠰᠢᠭᠤ ᠪᠤᠯᠭᠠᠪᠠ᠃ᠲᠦᠭᠡᠮᠡᠯ ᠡᠯᠪᠡᠭᠲᠦ ᠵᠢᠨ ᠨᠠᠢᠮᠠᠳᠤᠭᠠᠷ ᠤᠨ ᠳᠦ ᠲᠦᠪᠡᠳ ᠦᠨ ᠸᠤᠩᠷᠢᠳᠠᠭ ᠮᠢᠩᠭᠠᠨ ᠡᠷᠦᠬᠡᠳᠦ ᠠᠢᠮᠠᠭ ᠤᠳᠤ ᠵᠢᠨ ᠲᠢᠶᠠᠨᠵᠢᠶᠦᠢ᠌ᠨ ᠰᠢᠶᠠᠨ ᠦ ᠬᠢᠯᠢ ᠳᠦ ᠤᠷᠤᠵᠦ ᠮᠠᠯᠵᠢᠬᠤ ᠪᠤᠯᠤᠭᠰᠠᠨ ᠵᠢᠡᠷ ᠲᠤᠬᠠᠢ ᠵᠢᠨ ᠭᠠᠵᠠᠷ ᠦᠨ ᠤᠮᠠᠷᠠᠲᠦ ᠡᠳᠡᠬᠡᠳ ᠦᠨ ᠡᠮᠦᠨᠡᠳᠦ ᠵᠠᠰᠠᠭ ᠤᠯᠤᠰ ᠲᠦᠷ ᠲᠤᠰᠠᠯᠠᠭᠴᠢ ᠬᠦᠩ ᠦᠨ ᠬᠤᠰᠢᠭᠤ ᠴᠡᠬᠡᠯ ᠠᠭᠤᠯᠠᠨ᠎ᠠ ᠨᠡᠬᠦᠵᠠᠢ᠃ᠪᠠᠳᠠᠷᠠᠭᠤᠯᠳᠦ ᠲᠦᠷᠦ ᠵᠢᠨ ᠤᠨ ᠨᠤᠭᠤᠳ ᠲᠦ ᠲᠦᠪᠡᠳ ᠦᠨ ᠬᠦᠷᠢ ᠠᠷᠠᠩᠭᠠᠨ ᠵᠡᠷᠭᠡ ᠵᠠᠭᠤᠳᠦ ᠵᠢᠨ ᠠᠢᠮᠠᠭ ᠡᠳᠦᠬᠡ ᠵᠢᠨ ᠲᠤᠯᠠᠭᠠᠨ ᠰᠢᠶᠠᠨ ᠳᠦ ᠨᠤᠲᠤᠭᠰᠢᠪᠠ᠃

1949 ᠤᠨ ᠦ 9ᠰᠠᠷ᠎ᠠ ᠳᠦ᠂ᠬᠦᠬᠡᠨᠠᠭᠤᠷ ᠴᠢᠯᠦᠬᠡᠯᠡᠭᠳᠡᠪᠡ᠃11 ᠰᠠᠷ᠎ᠠ ᠳᠦ ᠨᠢ ᠲᠤᠯᠠᠭᠠᠨ ᠰᠢᠶᠠᠨ ᠦ ᠠᠷᠠᠳ ᠦᠨ ᠵᠠᠰᠠᠭ ᠦᠨ ᠤᠷᠳᠤᠨ(ᠲᠦᠪ ᠨᠢ ᠴᠠᠭᠠᠨ ᠤᠰᠤ) ᠪᠠᠢᠭᠤᠯᠤᠭᠳᠠᠵᠦ᠂ᠡᠳᠦᠬᠡ ᠵᠢᠨ ᠪᠦᠬᠦ ᠬᠠᠢᠰᠢ ᠵᠸᠥ ᠵᠢ ᠡᠷᠬᠡᠰᠢᠶᠡᠨ᠂ᠬᠦᠬᠡᠨᠠᠭᠤᠷ ᠮᠤᠵᠢ ᠳᠦ ᠰᠢᠭᠤᠳ ᠬᠠᠷᠢᠶᠠᠯᠠᠭᠳᠠᠪᠠ᠃1952 ᠤᠨ ᠦ 9ᠰᠠᠷ᠎ᠠ ᠵᠢᠨ 26 ᠦ ᠡᠳᠦᠷ ᠲᠤᠯᠠᠭᠠᠨ ᠰᠢᠶᠠᠨ ᠢ ᠬᠦᠴᠦᠨ ᠦᠭᠡᠢ ᠪᠤᠯᠭᠠᠵᠦ᠂ᠰᠢᠶᠠᠨ ᠦ ᠲᠡᠰ ᠦᠨ《ᠲᠤᠯᠠᠭᠠᠨ ᠦ ᠮᠤᠩᠭᠤᠯ ᠲᠦᠪᠡᠳ ᠬᠠᠰᠠᠭ ᠦᠨᠳᠦᠰᠦᠲᠡᠨ ᠦ ᠦᠪᠡᠷᠲᠡᠭᠡᠨ ᠵᠠᠰᠠᠬᠤ ᠤᠷᠤᠨ》 ᠢ ᠪᠠᠢᠭᠤᠯᠵᠦ᠂1954 ᠤᠨ ᠦ 1 ᠰᠠᠷ᠎ᠠ ᠵᠢᠨ 25 ᠦ ᠡᠳᠦᠷ ᠲᠤᠰᠬᠠᠢ ᠤᠷᠤᠨ ᠦ ᠲᠡᠰ ᠦᠨ《ᠬᠠᠢᠰᠢ ᠵᠢᠨ ᠮᠤᠩᠭᠤᠯ ᠲᠦᠪᠡᠳ ᠬᠠᠰᠠᠭ ᠦᠨᠳᠦᠰᠦᠲᠡᠨ ᠦ ᠦᠪᠡᠷᠲᠡᠭᠡᠨ ᠵᠠᠰᠠᠬᠤ ᠤᠷᠤᠨ》(ᠲᠦᠪ ᠨᠢ ᠴᠠᠭᠠᠨ ᠤᠰᠤ)ᠪᠤᠯᠭᠠᠨ ᠦᠭᠡᠷᠴᠢᠯᠡᠵᠦ᠂1955 ᠤᠨ ᠦ 12 ᠰᠠᠷ᠎ᠠ ᠵᠢᠨ 12 ᠦ ᠡᠳᠤᠷ《ᠬᠠᠢᠰᠢ ᠵᠢᠨ ᠮᠤᠩᠭᠤᠯ ᠲᠦᠪᠡᠳ ᠬᠠᠰᠠᠭ ᠦᠨᠳᠦᠰᠦᠲᠡᠨ ᠦ ᠦᠪᠡᠷᠲᠡᠭᠡᠨ ᠵᠠᠰᠠᠬᠤ ᠵᠸᠥ》ᠬᠡᠮᠡᠨ ᠬᠠᠯᠠᠵᠦ᠂1985ᠤᠨ ᠦ 5ᠰᠠᠷ᠎ᠠᠵᠢᠨ 21 ᠦ ᠡᠳᠦᠷ《ᠬᠠᠢᠰᠢ ᠵᠢᠨ ᠮᠤᠩᠭᠤᠯ ᠲᠦᠪᠡᠳ ᠦᠨᠳᠦᠰᠦᠲᠡᠨ ᠦ ᠦᠪᠡᠷᠲᠡᠭᠡᠨ ᠵᠠᠰᠠᠬᠤ ᠵᠧᠥ》ᠭᠡᠵᠦ ᠦᠭᠡᠷᠡᠴᠢᠯᠡᠪᠡ᠃

2014ᠤᠨ ᠦ 6ᠰᠠᠷ᠎᠎ᠠ ᠵᠢᠨ 16 ᠦ ᠡᠳᠦᠷ᠂ᠬᠠᠢᠢᠰᠢ ᠵᠸᠥ ᠵᠢᠨ ᠲᠡᠯᠡᠬᠡᠢ ᠨᠢᠰᠭᠡᠯ ᠦᠨ ᠲᠠᠯᠠᠪᠤᠷ ᠠᠶᠠᠯᠠᠯ ᠨᠡᠪᠲᠡᠷᠡᠪᠡ

ᠬᠦᠬᠡᠨᠠᠭᠤᠷ ᠲᠦᠪᠡᠳ ᠦᠨ ᠵᠠᠰᠠᠮᠠᠯ ᠵᠠᠮ ᠬᠠᠢᠢᠰᠢ ᠵᠸᠥ ᠪᠡᠷ ᠦᠩᠬᠡᠷᠡᠳᠡᠭ

ᠬᠦᠬᠡᠨᠠᠭᠤᠷ ᠲᠦᠪᠡᠳ ᠦᠨ ᠲᠡᠮᠦᠷ ᠵᠠᠮ ᠬᠠᠢᠢᠰᠢ ᠵᠸᠥ ᠪᠡᠷ ᠦᠩᠬᠡᠷᠡᠳᠡᠭ

ᠴᠠᠬᠢᠯᠭᠠᠨ ᠲᠤᠤᠷ ᠰᠦᠯᠵᠢᠯᠳᠦᠭᠰᠡᠨ ᠦᠨᠳᠦᠷᠯᠢᠭ᠌











ᠬᠠᠢᠢᠰᠢ ᠵᠸᠥ ᠵᠢᠨ ᠲᠤᠯᠠᠭᠠᠨ ᠦ ᠲᠦ᠋ ᠢᠥᠢ ᠡᠾᠦᠢᠨ ᠡᠴᠡ ᠢᠯᠡᠷᠡᠭᠦᠯᠦᠭᠰᠡᠨ ᠲᠡᠥᠬᠡ ᠵᠢᠨ ᠲᠤᠷᠠᠰᠬᠠᠯᠳᠦ ᠵᠦᠢᠯᠡᠰ







ᠬᠠᠢᠢᠰᠢ ᠵᠸᠥ ᠵᠢᠨ ᠵᠠᠮ ᠲᠡᠭᠡᠭᠡᠪᠦᠷᠢ ᠵᠢ ᠰᠠᠢᠢᠵᠢᠷᠠᠭᠤᠯᠬᠤ ᠪᠡᠷ ᠬᠦᠴᠦ ᠪᠠᠨ ᠡᠷᠭᠦᠭᠰᠡᠨ ᠬᠦᠮᠦᠰ

ᠠᠵᠦ ᠠᠬᠤᠢ᠄

ᠲᠤᠮᠳᠠᠳᠦ ᠤᠯᠤᠰ ᠦᠨ ᠬᠠᠮᠤᠭ ᠦᠨ ᠲᠤᠮᠤ ᠤᠷᠴᠢᠯᠳᠦ ᠠᠵᠦ ᠠᠬᠤᠢ ᠵᠢᠨ ᠲᠤᠷᠰᠢᠯᠲᠠ ᠵᠢᠨ ᠲᠤᠭᠤᠷᠢᠭ-ᠴᠠᠢᠳᠠᠮ ᠦᠨ ᠤᠷᠴᠢᠯᠳᠦ ᠠᠵᠦ ᠠᠬᠤᠢ ᠵᠢᠨ ᠲᠤᠷᠰᠢᠯᠲᠠ ᠵᠢᠨ ᠲᠤᠭᠤᠷᠢᠬ ᠨᠢ ᠬᠠᠢᠰᠢ ᠵᠸᠥ ᠳᠦ ᠪᠤᠢ᠃ᠲᠤᠷᠰᠢᠯᠲᠠ ᠵᠢᠨ ᠲᠤᠭᠤᠷᠢᠭ ᠲᠦ ᠰᠢᠨ᠎ᠠ ᠡᠨᠸᠷᠬᠢ᠂ᠰᠢᠨ᠎ᠠ ᠮᠠᠲ᠋ᠸᠷᠢᠶᠠᠯ ᠵᠡᠷᠭᠡ ᠲᠤᠯᠤᠭᠠᠨ ᠲᠤᠮᠤ ᠠᠵᠦ ᠦᠢᠯᠡᠰ ᠦᠨ ᠰᠢᠰᠲ᠋ᠸᠮ ᠪᠠᠭᠳᠠᠬᠤ ᠪᠦᠬᠡᠳ 2020 ᠤᠨ ᠪᠤᠯᠳᠠᠯ᠎ᠠ ᠲᠡᠯᠡᠬᠡᠢ ᠵᠢᠨ ᠡᠢᠮᠦᠷᠬᠦᠦ ᠲᠦᠷᠦᠯ ᠦᠨ ᠠᠵᠦ ᠦᠢᠯᠡᠰ ᠦᠨ ᠲᠤᠮᠳᠠ ᠤᠷᠴᠢᠯᠳᠦ ᠠᠵᠦ ᠠᠬᠤᠢ ᠵᠢᠨ ᠵᠠᠭᠪᠤᠷ ᠢ ᠬᠦᠭᠵᠢᠬᠦᠯᠬᠦ ᠦᠯᠢᠬᠡᠷ ᠵᠢᠱᠢᠶ᠎ᠠ ᠪᠠ ᠴᠤᠩᠬᠤ ᠪᠠᠢᠭᠤᠯᠬᠤ ᠪᠡᠷ ᠵᠤᠷᠢᠵᠦ ᠪᠠᠢᠭ᠎ᠠ ᠠᠵᠠᠢ᠃

2005 ᠤᠨ ᠳᠦ᠂ᠤᠯᠤᠰ ᠦᠨ ᠬᠦᠭᠵᠢᠬᠦᠯᠦᠯᠲᠡ ᠦᠭᠡᠷᠴᠢᠯᠡᠯᠲᠡ ᠵᠢᠨ ᠬᠤᠷᠢᠶ᠎ᠠ ᠵᠡᠷᠭᠡ ᠶᠠᠮᠤᠨ ᠬᠤᠷᠢᠶᠠᠳ ᠴᠠᠢᠳᠠᠮ ᠤᠷᠤᠨ ᠢ ᠪᠦᠬᠦ ᠤᠯᠤᠰ ᠦᠨ ᠠᠩᠬᠠᠨ ᠦ ᠤᠷᠴᠢᠯᠳᠦ ᠠᠵᠦ ᠠᠬᠤᠢ ᠵᠢᠨ ᠲᠤᠷᠰᠢᠯᠲᠠ ᠵᠢᠨ ᠠᠵᠦ ᠦᠢᠯᠡᠰ ᠦᠨ ᠲᠤᠭᠤᠷᠢᠭ ᠦᠨ ᠨᠢᠬᠡᠨ ᠪᠤᠯᠭᠠᠬᠤ ᠪᠡᠷ ᠵᠦᠪᠰᠢᠶᠡᠷᠡᠭᠰᠡᠨ ᠪᠠᠢᠵᠠᠢ᠃

ᠡᠢᠨ ᠬᠦ ᠴᠠᠢᠳᠠᠮ ᠦᠨ ᠡᠯ᠎ᠠ ᠲᠦᠷᠦᠯ ᠦᠨ ᠡᠬᠢ ᠪᠠᠶᠠᠯᠢᠭ ᠦᠨ ᠶᠡᠷᠦᠩᠬᠡᠢᠯᠡᠭᠰᠡᠨ ᠠᠰᠢᠭᠯᠠᠯᠲᠠ ᠵᠢᠨ ᠴᠢᠳᠠᠪᠤᠷᠢ ᠲᠡᠭᠡᠭᠰᠢᠯᠡᠵᠦ᠂ᠲᠠᠪᠤᠰᠤᠨ ᠨᠠᠭᠤᠷ ᠦᠨ ᠬᠢᠮᠢ ᠵᠢᠨ ᠠᠵᠦ ᠦᠢᠯᠡᠳᠪᠦᠷᠢ ᠪᠡᠷ ᠭᠤᠤᠯᠳᠠᠯᠭ᠎ᠠ ᠪᠤᠯᠭᠠᠭᠰᠠᠨ ᠲᠠᠪᠤᠰᠤᠨ ᠨᠠᠭᠤᠷ ᠦᠨ ᠬᠢᠮᠢ ᠵᠢᠨ ᠠᠵᠦ ᠦᠢᠯᠡᠳᠪᠦᠷᠢ᠂ᠴᠢᠯᠠᠭᠤᠨ ᠲᠤᠰᠤᠨ ᠦ ᠰᠢᠳᠠᠮᠠᠬᠠᠢ ᠬᠡᠢ ᠵᠢᠨ ᠬᠢᠮᠢ ᠵᠢᠨ ᠠᠵᠦ ᠦᠢᠯᠡᠳᠪᠦᠷᠢ᠂ᠨᠡᠭᠦᠷᠡᠰᠦᠨ ᠦ ᠬᠢᠮᠢ ᠵᠢᠨ ᠠᠵᠦ ᠦᠢᠯᠡᠳᠪᠦᠷᠢ᠂ᠲᠡᠮᠦᠷᠯᠢᠭ ᠬᠠᠢᠯᠠᠭᠤᠯᠤᠯᠲᠠ᠂ᠤᠨᠴᠠᠯᠢᠭ᠌ᠲᠦ ᠠᠮᠢᠳᠤ ᠪᠤᠳᠠᠰ᠂ᠲᠠᠬᠢᠨ ᠪᠤᠯᠪᠠᠰᠤᠷᠠᠭᠤᠯᠵᠦ ᠪᠤᠯᠬᠤ ᠡᠬᠢ ᠪᠠᠶᠠᠯᠢᠭ ᠦᠨ ᠨᠡᠭᠡᠭᠡᠯᠲᠡ ᠵᠡᠷᠬᠡ ᠭᠤᠤᠯᠯᠠᠬᠤ ᠠᠵᠦ ᠦᠢᠯᠡᠰ ᠦᠨ ᠰᠢᠰᠲᠣᠮ ᠦᠨᠳᠦᠰᠦᠨ ᠳᠦ ᠪᠠᠨ ᠪᠦᠷᠢᠯᠳᠦᠭᠰᠡᠨ ᠪᠠᠢᠨ᠎ᠠ᠃ᠤᠳᠤᠬᠠᠨ ᠳᠦ᠂ᠴᠠᠢᠳᠠᠮ ᠦᠨ ᠡᠬᠢ ᠪᠠᠶᠠᠯᠢᠭ ᠦᠨ ᠨᠡᠭᠡᠭᠡᠯᠲᠡ ᠨᠢᠬᠡᠨᠳᠡ ᠤᠷᠴᠢᠯᠲᠦ ᠠᠵᠦ ᠠᠬᠤᠢ ᠵᠢᠨ ᠠᠵᠦ ᠦᠢᠯᠡᠰ ᠦᠨ ᠰᠢᠰᠲ᠋ᠸᠮ ᠪᠠ ᠠᠵᠦ ᠦᠢᠯᠡᠰ ᠦᠨ ᠰᠢᠯᠵᠢᠯᠲᠡ ᠵᠢᠨ ᠱᠠᠳᠤᠯᠠᠨ ᠦᠷᠭᠡᠵᠢᠯᠲᠡ ᠵᠢ ᠪᠠᠢᠭᠤᠯᠬᠤ ᠵᠠᠩᠭᠢᠯᠠᠭ᠎ᠠ ᠵᠢᠨ ᠬᠤᠭᠤᠴᠠᠭᠠᠨ ᠳᠦ ᠤᠷᠤᠵᠠᠢ᠃

ᠠᠷᠪᠠᠨ ᠬᠤᠶᠠᠳᠤᠭᠠᠷ ᠲᠠᠪᠤᠨ ᠵᠢᠯ ᠦᠨ ᠲᠦᠯᠦᠪᠵᠢᠬᠦᠯᠬᠡ ᠵᠢᠨ ᠰᠡᠬᠦᠯᠴᠢ ᠪᠡᠷ ᠴᠠᠢᠳᠠᠮ ᠤᠷᠤᠨ ᠦ ᠦᠢᠯᠡᠳᠪᠦᠷᠢᠯᠡᠯ ᠦᠨ ᠶᠡᠷᠦᠩᠬᠡᠢ ᠦᠷᠳᠡᠭ 1000 ᠳ᠋ᠦᠩᠰᠢᠭᠤᠷ ᠲᠦᠭᠦᠷᠢᠭ ᠲᠦ ᠬᠦᠷᠴᠦ᠂ᠬᠦᠬᠡᠨᠡᠭᠤᠷ ᠮᠤᠵᠢ ᠵᠢᠨ ᠦᠢᠯᠡᠳᠪᠦᠷᠢᠯᠡᠯ ᠦᠨ ᠶᠡᠷᠦᠩᠬᠡᠢ ᠦᠷᠳᠡᠭ ᠦᠨ 34% ᠵᠢ ᠡᠵᠡᠯᠡᠵᠦ᠂ᠠᠵᠦ ᠦᠢᠯᠡᠳᠪᠦᠷᠢ ᠵᠢᠨ ᠨᠡᠮᠡᠭᠳᠡᠯ ᠦᠷᠳᠡᠭ ᠨᠢ 800ᠳ᠋ᠦᠩᠰᠢᠭᠤᠷ ᠲᠦᠭᠦᠷᠢᠭ ᠡᠴᠡ ᠲᠠᠪᠠᠵᠦ᠂ᠪᠠᠷᠤᠭ ᠪᠦᠬᠦ ᠮᠤᠵᠢ ᠵᠢᠨ ᠠᠵᠦ ᠦᠢᠯᠡᠳᠪᠦᠷᠢ ᠵᠢᠨ ᠨᠡᠮᠡᠭᠳᠡᠯ ᠦᠷᠳᠡᠭ ᠦᠨ ᠬᠠᠭᠠᠰ ᠲᠦ ᠬᠦᠷᠴᠠᠢ᠃

ᠬᠠᠢᠢᠰᠢ ᠵᠸᠥ ᠳᠦ ᠴᠢᠯᠠᠭᠤᠨ ᠲᠤᠰᠤᠨ ᠦ ᠡᠬᠢ ᠪᠠᠶᠠᠯᠢᠭ ᠶᠡᠬᠡᠲᠡᠢ

ᠬᠠᠢᠢᠰᠢ ᠵᠸᠥ ᠵᠢᠨ  ᠬᠡᠷᠡᠯ ᠴᠡᠨᠡᠭ ᠦᠨ ᠴᠠᠬᠢᠯᠭᠠᠨ ᠭᠠᠷᠭᠠᠬᠤ ᠲᠦᠭᠦᠭᠡᠷᠦᠮᠵᠢ

ᠤᠯᠤᠰ ᠦᠨ ᠲᠤᠳᠤᠭᠠᠳᠦ ᠵᠢᠨ ᠬᠠᠮᠤᠭ ᠲᠤᠮᠤ ᠺᠠᠯᠢᠳᠦ ᠪᠤᠷᠳᠤᠭᠤᠷ ᠦᠨ ᠦᠢᠯᠡᠳᠪᠦᠷᠢᠯᠡᠯ ᠦᠨ ᠠᠵᠦ ᠠᠬᠤᠢᠢᠯᠠᠯ ᠬᠠᠢᠢᠰᠢ ᠵᠸᠥ ᠳᠦ ᠪᠤᠢ

2009 ᠤᠨ ᠦ ᠴᠠᠢᠢᠳᠠᠮ ᠦᠨ ᠤᠷᠴᠢᠯᠳᠦ ᠠᠵᠦ ᠠᠬᠤᠢ ᠵᠢᠨ ᠲᠤᠷᠰᠢᠯᠲᠠ ᠵᠢᠨ ᠲᠤᠭᠤᠷᠢᠭ ᠦᠨ ᠬᠢᠨ ᠵᠸᠵᠢᠶᠠᠩ  ᠦᠨ ᠨᠢᠩᠪᠦᠢᠸᠸ ᠳᠦ ᠲᠠᠨᠢᠯᠴᠠᠭᠤᠯᠤᠨ ᠲᠡᠯᠭᠡᠷᠡᠬᠦᠯᠬᠦ ᠬᠤᠷᠠᠯ ᠬᠢᠪᠠ

2008 ᠤᠨ ᠦ ᠪᠡᠭᠡᠵᠢᠩ ᠦᠨ ᠤᠯᠸᠮᠫᠢᠺ ᠦᠨ ᠪᠡᠶ᠎ᠠ ᠵᠢᠨ ᠲᠠᠮᠢᠷ ᠦᠨ ᠴᠤᠭᠯᠠᠭᠠᠨ ᠦ ᠵᠤᠬᠢᠶᠠᠨ ᠪᠠᠢᠢᠭᠤᠯᠬᠤ ᠺᠤᠮᠢᠰ ᠡᠴᠡ ᠺᠦᠨᠯᠦᠢᠨ ᠠᠭᠤᠯᠠ ᠵᠢᠨ ᠬᠠᠰ ᠵᠢᠡᠷ ᠱᠠᠩᠨᠠᠯ ᠦᠨ ᠮᠸᠳᠠᠯ ᠬᠢᠪᠡ

ᠬᠠᠢᠢᠰᠢ ᠵᠧᠥ ᠳᠦ ᠡᠯᠪᠡᠭ ᠲᠡᠯᠪᠡᠭ ᠨᠡᠭᠦᠷᠡᠰᠦᠨ ᠠᠭᠤᠷᠬᠠᠢ ᠵᠢᠨ ᠡᠬᠢ ᠪᠠᠶᠠᠯᠢᠭ  ᠲᠠᠢ

ᠵᠦᠬᠡᠬᠡᠪᠦᠷᠢᠯᠡᠬᠦ ᠳᠦ ᠪᠡᠯᠡᠨ ᠪᠤᠯᠤᠭᠰᠠᠨ ᠡᠾᠯᠤᠷᠲᠦ ᠺᠠᠯᠢ ᠵᠢᠨ ᠪᠦᠳᠦᠭᠡᠭᠳᠡᠭᠦᠨ

ᠴᠠᠢᠢᠳᠠᠮ ᠦᠨ ᠬᠤᠳᠤᠭᠤᠷ ᠲᠦ ᠤᠯᠠᠨ ᠲᠠᠪᠤᠰᠤᠨ ᠨᠠᠭᠤᠷ ᠲᠠᠢ ᠪᠦᠬᠡᠳ ᠲᠠᠪᠤᠰᠤᠨ ᠦ ᠬᠠᠳᠠᠭᠠᠯᠠᠳᠠᠴᠠ ᠨᠢ ᠪᠠᠷᠤᠭ 900 ᠭᠠᠷᠤᠢ ᠳ᠋ᠦᠩᠰᠢᠭᠤᠷ ᠲᠤᠨ ᠬᠦᠷᠴᠦ ᠪᠤᠢ

ᠬᠠᠢᠢᠰᠢ ᠵᠸᠥ ᠵᠢᠨ ᠭᠤᠤᠯᠮᠤᠳ ᠬᠤᠳᠠ ᠵᠢᠨ ᠴᠢᠯᠠᠭᠤᠨ ᠲᠤᠰᠤ ᠪᠤᠯᠪᠠᠰᠤᠷᠠᠭᠤᠯᠬᠤ ᠦᠢᠯᠡᠳᠪᠦᠷᠢ ᠪᠤᠯ ᠬᠦᠬᠡᠨᠠᠭᠤᠷ ᠲᠦᠪᠡᠳ ᠦᠨ ᠦᠨᠳᠦᠷᠯᠢᠭ᠌ ᠦᠨ ᠴᠤᠷᠢ ᠵᠢᠨ ᠭᠠᠭᠴᠠ ᠵᠠᠭᠤᠨ ᠲᠦᠮᠡᠨ ᠲᠤᠨ ᠦ ᠴᠢᠯᠠᠭᠤᠨ ᠲᠤᠰᠤ ᠦᠢᠯᠡᠳᠪᠦᠷᠢᠯᠡᠬᠦ ᠦᠢᠯᠡᠳᠪᠦᠷᠢ

ᠬᠠᠢᠢᠰᠢ ᠵᠸᠥ ᠰᠢᠳᠠᠮᠬᠠᠢ ᠬᠡᠢ ᠵᠢᠨ ᠡᠬᠢ ᠪᠠᠶᠠᠯᠢᠭ ᠵᠢᠡᠷ ᠡᠯᠪᠡᠭ

ᠲᠡᠯᠡᠬᠡᠢ ᠬᠤᠳᠠ ᠪᠤᠯ ᠬᠠᠢᠰᠢ ᠵᠸᠥ ᠵᠢᠨ ᠵᠠᠰᠠᠭ ᠦᠨ ᠤᠷᠳᠤᠨ  ᠪᠠᠢᠭ᠎ᠠ ᠭᠠᠵᠠᠷ᠂ᠪᠦᠬᠦ ᠵᠸᠥ ᠵᠢᠨ ᠤᠯᠤᠰ ᠲᠦᠷᠦ᠂ᠰᠤᠷᠭᠠᠨ ᠬᠦᠮᠦᠵᠢᠯ᠂ᠰᠢᠨᠵᠢᠯᠡᠬᠦ ᠤᠬᠠᠭᠠᠨ ᠮᠡᠷᠭᠡᠵᠢᠯ᠂ᠰᠤᠶᠤᠯ ᠦᠨ ᠲᠦᠪ᠂ᠴᠠᠢᠳᠠᠮ ᠦᠨ ᠤᠷᠴᠢᠯᠳᠦ ᠠᠵᠦ ᠠᠬᠤᠢ ᠵᠢᠨ ᠲᠤᠷᠰᠢᠯᠲᠠ ᠵᠢᠨ ᠲᠤᠭᠤᠷᠢᠭ ᠦᠨ ᠲᠠᠪᠤᠰᠤ ᠬᠤᠵᠢᠷ ᠦᠨ ᠬᠢᠮᠢ ᠵᠢᠨ ᠠᠵᠦ ᠦᠢᠯᠡᠳᠪᠦᠷᠢ ᠨᠤᠭᠦᠳ ᠪᠠᠢᠭ᠎ᠠ ᠭᠠᠵᠠᠷ ᠪᠦᠬᠡᠳ ᠴᠠᠢᠳᠠᠮ ᠦᠨ ᠬᠤᠳᠤᠭᠤᠷ ᠦᠨ ᠬᠠᠮᠤᠭ ᠲᠤᠮᠤ ᠠᠮᠢ ᠠᠬᠤᠢ ᠵᠢᠨ ᠪᠠᠶᠠᠨ ᠪᠦᠷᠢᠳᠦ ᠪᠤᠯᠬᠤ ᠲᠠᠷᠢᠶᠠᠯᠠᠩ ᠮᠠᠯᠵᠢᠯ ᠦᠨ ᠤᠰᠤᠯᠠᠯᠲᠠ ᠵᠢᠨ ᠤᠷᠤᠨ ᠦ ᠨᠢᠬᠡᠨ᠂ᠮᠦᠨ ᠴᠦ ᠴᠠᠢᠳᠠᠮ ᠦᠨ ᠰᠢᠯᠢᠳᠡᠭ ᠨᠤᠤᠯᠤᠷ ᠦᠨ ᠢᠮᠠᠭᠠᠨ ᠦ ᠰᠠᠭᠤᠷᠢᠨ ᠶᠤᠮ᠃ᠡᠨᠳᠡ ᠠᠷᠴᠠᠨ ᠠᠭᠤᠯᠠ᠂ᠬᠠᠷ᠎ ᠨᠠᠭᠤᠷ ᠪᠠᠢᠳᠠᠭ ᠮᠦᠷᠲᠡᠭᠡᠨ ᠤᠴᠢᠷ ᠨᠢᠭᠤᠴᠠᠯᠢᠭ《ᠬᠠᠷᠢ ᠭᠠᠷᠠᠭ ᠦᠨ ᠬᠦᠮᠦᠨ ᠦ ᠪᠠᠭᠤᠷᠢ》᠂ᠬᠤᠢᠳᠤᠳᠠᠷᠢᠶ᠎ᠠ ᠵᠢᠨ ᠦᠨᠢ ᠡᠷᠲᠡᠨ ᠦ ᠬᠠᠳᠠᠨ ᠵᠢᠷᠤᠭ᠂《ᠰᠢᠯᠦᠭ ᠦᠨ ᠤᠷᠤᠨ》 ᠬᠠᠢ ᠽᠢ ᠵᠢᠨ ᠰᠢᠯᠦᠭ ᠦᠨ ᠦᠵᠡᠬᠦᠯᠦᠯᠬᠡ ᠵᠢᠨ ᠤᠷᠤᠨ᠂ᠱᠤᠷᠪᠤᠭ ᠴᠡᠩᠬᠡᠭ ᠬᠤᠤᠰ ᠨᠠᠭᠤᠷ-ᠲᠤᠰᠤᠨ ᠨᠠᠭᠤᠷ ᠪᠠ ᠬᠦᠷᠯᠦᠭ ᠨᠠᠭᠤᠷ ᠵᠡᠷᠭᠡ ᠵᠢᠭᠤᠯᠴᠢᠯᠠᠯ ᠦᠨ ᠦᠵᠡᠮᠵᠢ ᠵᠢᠨ ᠭᠠᠵᠠᠷ ᠨᠢ ᠲᠦᠷᠪᠡᠨ ᠵᠦᠪ ᠨᠠᠢᠮᠠᠨ ᠵᠤᠪᠬᠢᠰ ᠡᠴᠡ ᠬᠦᠷᠦᠯᠴᠡᠨ ᠢᠷᠡᠭᠰᠡᠨ ᠵᠢᠭᠤᠯᠴᠢᠳ ᠦᠨ ᠰᠡᠳᠬᠢᠯ ᠢ ᠪᠤᠯᠢᠶᠠᠨ᠎ᠠ᠃ᠦᠵᠡᠰᠬᠦᠯᠡᠩᠳᠦ ᠰᠠᠢᠬᠠᠨ ᠬᠦᠷᠯᠦᠭ ᠨᠠᠭᠤᠷ ᠨᠢ ᠵᠢᠬᠦᠷᠲᠡᠨ ᠰᠢᠪᠠᠭᠤᠳ ᠦᠨ ᠳ᠋ᠸᠪᠠᠵᠠᠨ᠂ᠵᠢᠭᠠᠰᠤᠨ ᠦ ᠴᠡᠩᠬᠡᠯᠳᠦ ᠤᠷᠤᠨ ᠶᠤᠮ᠂ᠡᠨᠳᠡ ᠬᠠᠷ᠎ᠠ ᠬᠦᠵᠦᠬᠦᠳᠦ ᠲᠤᠭᠤᠳᠠᠭ᠂ᠬᠤᠨ᠂ᠵᠡᠷᠯᠢᠭ ᠨᠤᠭᠤᠰᠦ᠂ᠴᠠᠬᠤᠯᠠᠢ᠂ᠰᠢᠷ᠎ᠠ ᠮᠦᠷᠬᠦ᠂ᠬᠦᠷ᠎ᠠ᠂ᠢᠷᠠᠯᠵᠢ ᠵᠡᠷᠭᠡ ᠰᠦᠷᠦᠭᠯᠡᠵᠦ ᠪᠠᠢᠳᠠᠭ᠃

《ᠭᠤᠤᠯᠮᠤᠳ》ᠭᠡᠳᠡᠭ ᠪᠤᠯ《ᠭᠤᠤᠯ ᠮᠦᠷᠡᠨ ᠤᠯᠠᠨ》ᠬᠡᠰᠡᠨ ᠤᠳᠬ᠎ᠠ ᠲᠠᠢ ᠦᠬᠡ ᠶᠤᠮ᠃ᠭᠤᠤᠯᠮᠤᠳ ᠬᠤᠳᠠ ᠨᠢ ᠰᠢᠨᠢᠩ᠂ᠯᠾᠠᠰᠠ ᠬᠤᠳᠠ ᠵᠢᠨ ᠲᠠᠷᠠᠭ᠎ᠠ ᠤᠷᠤᠬᠤ ᠬᠦᠬᠡᠨᠠᠭᠤᠷ ᠲᠦᠪᠡᠳ ᠦᠨ ᠦᠨᠳᠦᠷᠯᠢᠭ ᠦᠨ ᠭᠤᠷᠪᠠᠳᠤᠭᠠᠷ ᠲᠤᠮᠤ ᠬᠤᠳᠠ ᠪᠦᠬᠡᠳ ᠬᠦᠬᠡᠨᠠᠭᠤᠷ ᠭᠠᠨᠰᠦ ᠰᠢᠨᠵᠢᠶᠠᠩ ᠲᠦᠪᠡᠳ ᠲᠦᠷᠪᠡᠨ ᠮᠤᠵᠢ ᠵᠢ ᠬᠤᠯᠪᠤᠭᠰᠠᠨ ᠵᠠᠮ ᠬᠠᠷᠢᠯᠴᠠᠭ᠎ᠠ ᠮᠡᠳᠡᠭᠡ ᠬᠤᠯᠪᠤᠭᠠᠨ ᠦ ᠪᠡᠯᠴᠢᠷ᠂ᠴᠠᠢᠳᠠᠮ ᠦᠨ ᠤᠷᠴᠢᠯᠳᠦ ᠠᠵᠦ ᠠᠬᠤᠢ ᠵᠢᠨ ᠲᠤᠷᠰᠢᠯᠲᠠ ᠵᠢᠨ ᠲᠤᠭᠤᠷᠢᠭ ᠦᠨ ᠭᠤᠤᠯᠳᠠᠯᠭᠠᠳᠦ ᠴᠢᠭ ᠶᠤᠮ᠂ᠺᠦᠨᠯᠦᠢ᠌ᠨ ᠰᠤᠶᠤᠯ ᠦᠨ ᠦᠯᠦᠬᠡᠢ ᠨᠤᠲᠤᠭ ᠺᠦᠨᠯᠦᠢ᠌ᠨ ᠠᠭᠤᠯᠠ ᠶᠠᠭ ᠡᠨᠳᠡ ᠰᠦᠨᠳᠡᠷᠯᠡᠵᠦ ᠪᠠᠢᠳᠠᠭ᠃ᠡᠨᠡ ᠨᠤᠲᠤᠭ ᠵᠢᠭᠤᠯᠴᠢᠯᠠᠯ ᠦᠨ ᠡᠬᠢ ᠰᠤᠷᠪᠤᠯᠵᠢ ᠪᠡᠷ ᠡᠯᠪᠡᠭ ᠪᠠᠶᠠᠯᠢᠭ᠂ᠬᠦᠬᠡ ᠮᠦᠷᠡᠨ ᠦ ᠡᠬᠢ᠂ᠲᠦᠮᠡᠨ ᠵᠠᠩ ᠲᠠᠪᠤᠰᠤᠨ ᠬᠦᠬᠦᠷᠭᠡ᠂ᠴᠠᠰᠦᠲᠦ ᠠᠭᠤᠯᠠ ᠮᠦᠰᠦᠳᠦᠯᠬᠡ᠂ᠺᠦᠨᠯᠦᠢ᠌ᠨ ᠦ ᠴᠠᠰᠦᠨ ᠦᠵᠡᠮᠵᠢ᠂ᠠᠭᠤᠳᠠᠮ ᠴᠦᠯ ᠦᠨ ᠦᠷᠯᠦᠬᠡ ᠵᠢᠨ ᠨᠠᠷᠠ᠂ᠶᠡᠬᠡ ᠭᠤᠪᠢ ᠵᠢᠨ ᠲᠤᠤᠷᠠᠢ ᠵᠢᠨ ᠮᠤᠳᠦ ᠵᠡᠷᠬᠡ ᠦᠪᠡᠷᠮᠢᠴᠠ ᠦᠵᠡᠮᠵᠢ ᠪᠠᠢᠳᠠᠭ ᠮᠦᠷᠲᠡᠭᠡᠨ ᠪᠤᠮᠪᠤ ᠵᠢᠨ ᠱᠠᠰᠢᠨ ᠦ ᠭᠤᠯᠤᠮᠳᠠ ᠤᠷᠤᠨ ᠢᠥᠢ ᠵᠦ ᠹᠸᠩ ᠨᠢ ᠨᠡᠩ ᠴᠦ ᠲᠡᠯᠡᠬᠡᠢ ᠳ᠋ᠠᠬᠢᠨ ᠳᠦ ᠠᠯᠳᠠᠷᠲᠠᠢ᠃

ᠮᠠᠯᠴᠢᠳ ᠦᠨ ᠰᠢᠨ᠎ᠠ ᠰᠠᠭᠤᠴᠠ

ᠲᠡᠯᠡᠬᠡᠢ ᠬᠤᠳᠠ

ᠬᠠᠢᠢᠰᠢ ᠵᠸᠥ ᠵᠢᠨ ᠦᠨᠳᠦᠰᠦᠲᠡᠨ ᠦ ᠲᠠᠭᠤᠤ ᠪᠦᠵᠢᠭ᠌ ᠦᠨ ᠪᠦᠯᠬᠦᠮ  ᠬᠦᠳᠡᠭᠡ ᠳᠦ ᠲᠤᠭᠯᠠᠪᠠ

ᠲᠦᠪᠡᠳ ᠪᠦᠬᠦᠭ ᠦᠨ ᠱᠤᠭᠤᠮᠠᠯ ᠨᠢ ᠭᠤᠤᠯᠮᠤᠳ ᠬᠤᠳᠠ ᠵᠢᠨ ᠲᠡᠮᠳᠡᠭ ᠪᠤᠯᠤᠨ᠎ᠠ

ᠭᠤᠤᠯᠮᠤᠳ ᠨᠢᠰᠭᠡᠯ ᠦᠨ ᠪᠠᠭᠤᠳᠠᠯ

ᠲᠡᠭᠡᠳᠦ ᠮᠤᠩᠭᠤᠯ ᠦᠨ ᠬᠢᠨ ᠢᠮᠠᠭ᠎ᠠ ᠰᠠᠭᠠᠳᠠᠭ

ᠰᠠᠷᠯᠤᠭ ᠰᠠᠭᠠᠨ᠎ᠠ

ᠬᠠᠢᠢᠰᠢ ᠵᠸᠥ ᠵᠢᠨ ᠬᠢᠯᠢ ᠳᠦ ᠤᠯᠤᠰ ᠦᠨ ᠵᠠᠮ 3᠂ᠮᠤᠵᠢ ᠵᠢᠨ ᠵᠠᠮ6 ᠪᠠᠢᠢᠬᠤ ᠪᠦᠬᠡᠳ ᠪᠦᠬᠦ ᠵᠸᠥ ᠵᠢᠨ35ᠰᠢᠶᠠᠩ ᠪᠠᠯᠭᠠᠰᠦ ᠪᠠ305ᠠᠢᠢᠯ ᠭᠠᠴᠠᠭ᠎ᠠ ᠳᠦ ᠵᠠᠰᠠᠮᠠᠯ ᠵᠠᠮ ᠨᠡᠪᠲᠡᠷᠡᠭᠰᠡᠨ ᠨᠤᠷᠮ᠎ᠠ100% ᠳᠦ ᠬᠦᠷᠴᠡᠢ

ᠴᠠᠢᠢᠳᠠᠮ ᠦᠨ ᠬᠤᠤᠰ ᠪᠦᠬᠦᠳᠦ ᠲᠡᠮᠡᠬᠡ

ᠤᠯᠠᠭᠠᠨ ᠬᠠᠷᠮᠠᠭ ᠦᠨ ᠬᠤᠷᠢᠶᠠᠯᠲᠠ ᠵᠢᠨ ᠴᠠᠭ

ᠬᠤᠪᠤᠷ ᠨᠠᠨᠳᠢᠨ ᠤᠷᠭᠤᠮᠠᠯ

ᠨᠤᠬᠠᠢ ᠵᠢᠨ ᠬᠤᠰᠢᠭᠤ ᠵᠢᠨ ᠬᠤᠷᠢᠶᠠᠯᠲᠠ

ᠮᠤᠩᠭᠤᠯ ᠲᠦᠪᠡᠳ ᠡᠮ

ᠲᠦᠪᠡᠳ ᠪᠦᠬᠦᠭ

ᠵᠡᠷᠯᠢᠭ᠌ ᠲᠠᠭᠲᠠᠭ᠎ᠠ

ᠬᠤᠯᠠᠨ

ᠲᠤᠷᠤᠭ ᠪᠤᠭᠤ

ᠬᠠᠷᠴᠠᠭᠠᠢ

ᠬᠤᠨ

ᠬᠠᠷ᠎ᠠ ᠬᠦᠵᠦᠬᠦᠳᠦ ᠲᠤᠭᠤᠳᠠᠭ

ᠶᠠᠩᠬᠢᠷ

ᠬᠦᠮᠦᠨᠯᠢᠭ᠌᠄

ᠬᠠᠢᠰᠢ ᠵᠸᠥ ᠵᠢᠨ ᠪᠦᠬᠦ ᠨᠤᠲᠤᠭ ᠲᠦ ᠬᠦᠨᠳᠡᠯᠢᠰᠦᠭᠰᠡᠨ ᠺᠦᠨᠯᠦᠢ᠌ᠨ ᠠᠭᠤᠯᠠ ᠪᠤᠯ ᠲᠤᠮᠳᠠᠳᠤ ᠤᠯᠤᠰ ᠦᠨ ᠲᠡᠭᠡᠳᠦ ᠡᠷᠲᠡᠨ ᠦ ᠲᠤᠮᠤᠭ ᠶᠠᠷᠢᠶᠠᠨ ᠦ ᠡᠭᠦᠰᠦᠭᠰᠡᠨ ᠴᠢᠬᠤᠯᠠ ᠭᠠᠵᠠᠷ ᠶᠤᠮ᠂ᠫᠠᠨ ᠬᠦ᠋ ᠲᠡᠭᠷᠢ ᠭᠠᠵᠠᠷ ᠢ ᠨᠡᠭᠡᠭᠡᠭᠰᠡᠨ᠂ᠨᠢᠥᠢ ᠸᠠ ᠰᠢᠷᠤᠢ ᠪᠡᠷ ᠬᠦᠮᠦᠨ ᠪᠦᠳᠦᠭᠡᠭᠰᠡᠨ᠂ᠡᠾᠸᠥ ᠢ ᠨᠠᠷᠠ ᠬᠠᠷᠪᠤᠭᠰᠠᠨ᠂ᠴᠠᠩ ᠡᠸ ᠰᠠᠷᠠᠨ ᠵᠦᠪ ᠨᠢᠰᠦᠭᠰᠡᠨ᠂ᠺᠤᠸᠠ ᠹᠦ᠋ ᠨᠠᠷᠠ ᠲᠠᠭᠤᠭᠰᠠᠨ᠂ᠪᠠᠢ ᠨᠢᠶᠠᠩ ᠽᠢ ᠪᠢᠯᠢᠭᠲᠦ ᠲᠡᠯᠲᠡᠥ ᠬᠤᠯᠠᠭᠠᠢᠯᠠᠭᠰᠠᠨ ᠵᠡᠷᠭᠡ ᠬᠦᠮᠦᠰ ᠲᠦ ᠲᠠᠨᠢᠯ ᠲᠠᠰᠤᠯ ᠪᠤᠯᠤᠭᠰᠠᠨ ᠦᠯᠢᠭᠡᠷ ᠲᠤᠮᠤᠭ ᠦᠳ ᠨᠢ ᠪᠦᠷ ᠺᠦᠨᠯᠦᠢ᠌ᠨ ᠠᠭᠤᠯᠠ ᠯᠤᠭ᠎ᠠ ᠨᠢᠭᠲᠠ ᠬᠤᠯᠪᠤᠭ᠎ᠠ ᠲᠠᠢ᠃ᠰᠦᠷᠯᠢᠭ ᠶᠡᠬᠡᠮᠰᠦᠭ ᠡᠨᠡ ᠠᠭᠤᠯᠠ ᠬᠦᠬᠡ ᠮᠦᠷᠡᠨ᠂ᠬᠠᠳᠤᠨ ᠭᠤᠤᠯ ᠦᠨ ᠡᠬᠢ ᠠᠪᠤᠭᠰᠠᠨ ᠰᠤᠷᠪᠤᠯᠵᠢ ᠲᠡᠳᠦᠢ ᠦᠭᠡᠢ᠂ᠨᠡᠩ ᠴᠦ ᠲᠤᠮᠳᠠᠳᠦ ᠵᠢᠨ ᠦᠨᠳᠦᠰᠦᠲᠡᠨ ᠦ ᠰᠤᠶᠤᠯ ᠦᠨ ᠦᠯᠦᠬᠡᠢ ᠪᠢᠯᠡ᠃ᠲᠡᠯᠡᠬᠡᠢ ᠵᠢᠨ ᠨᠢᠷᠦᠭᠤ ᠪᠤᠯᠤᠨ ᠲᠤᠳᠤᠭᠠᠳᠦ ᠡᠬᠡ ᠬᠠᠭᠤᠷᠠᠢ ᠵᠢᠨ ᠬᠦᠨ ᠳᠦ ᠪᠠᠢᠬᠤ ᠭᠠᠵᠠᠷ ᠵᠦᠢ ᠵᠢᠨ ᠤᠷᠴᠢᠨ ᠲᠤᠭᠤᠷᠢᠨ ᠨᠢ ᠬᠠᠢᠰᠢ ᠨᠤᠲᠤᠭ ᠦᠨ ᠦᠪᠡᠷᠮᠢᠴᠠ ᠰᠠᠢᠬᠠᠨ ᠪᠠᠢᠭᠠᠯᠢ ᠵᠢᠨ ᠦᠩᠬᠡ ᠲᠦᠷᠬᠦ ᠪᠠ ᠬᠦᠮᠦᠨᠯᠢᠭ ᠦᠨ ᠦᠵᠡᠮᠵᠢ ᠵᠢ ᠪᠦᠳᠦᠭᠡᠭᠰᠡᠨ ᠪᠠᠢᠨ᠎ᠠ᠃ᠦᠨᠢ ᠤᠳᠠᠭᠠᠨ ᠲᠡᠥᠬᠡ᠂ᠤᠴᠢᠷ ᠪᠢᠳᠡᠬᠦᠯᠢᠭ ᠭᠠᠵᠠᠷ ᠦᠨ ᠭᠠᠳᠠᠷᠭᠤ ᠨᠢ ᠴᠠᠢᠳᠠᠮ ᠳᠦ ᠦᠢ ᠤᠯᠠᠨ ᠦᠵᠡᠮᠵᠢ ᠲᠤᠷᠠᠰᠬᠠᠯ ᠪᠠ ᠬᠦᠨ ᠵᠤᠵᠠᠭᠠᠨᠨ ᠲᠡᠥᠬᠡ ᠰᠤᠶᠤᠯ ᠦᠨ ᠪᠠᠶᠠᠯᠢᠭ ᠠᠭᠤᠯᠠᠬᠤᠨ ᠢ ᠰᠤᠶᠤᠷᠬᠠᠭᠰᠠᠨ ᠠᠵᠠᠢ᠃ᠲᠠᠰᠬᠢᠮ᠎ᠠ ᠬᠦᠢᠲᠡᠨ ᠮᠦᠰᠦᠳᠦᠯᠬᠡ ᠳᠦ ᠬᠤᠴᠢᠭᠳᠠᠭᠰᠠᠨ ᠬᠦᠬᠡ ᠮᠦᠷᠡᠨ ᠦ ᠡᠬᠢ᠂ᠲᠡᠭᠷᠢ ᠵᠢ ᠪᠠᠭᠠᠨᠠᠳᠠᠭᠰᠠᠨ ᠰᠦᠷᠯᠢᠭ ᠺᠦᠨᠨᠯᠦᠢ᠌ᠨ᠂ᠪᠠᠷᠠᠭᠤᠨ ᠸᠠᠩ ᠮᠦ ᠵᠢᠨ ᠦᠯᠢᠭᠡᠷ ᠲᠤᠮᠤᠭ᠂ᠤᠳᠤᠳ ᠰᠢᠭ ᠲᠦᠭᠡᠭᠰᠡᠨ ᠲᠠᠪᠤᠰᠤᠨ ᠨᠠᠭᠤᠷ᠂ᠲᠦᠷᠰᠦ ᠪᠠᠶᠠᠯᠢᠭ ᠶᠠᠷᠳᠠᠩ ᠦᠨ ᠦᠵᠡᠮᠵᠢ᠂ᠦᠷᠭᠡᠨ ᠶᠡᠬᠡ ᠬᠦᠷᠯᠦᠭ ᠨᠠᠭᠤᠷ᠂ᠲᠠᠯᠳᠠ ᠨᠢᠭᠤᠴᠠᠭᠠᠢ ᠬᠠᠷᠢ  ᠭᠠᠷᠠᠭ ᠦᠨ ᠬᠦᠮᠦᠨ ᠦ ᠪᠠᠭᠤᠷᠢ᠂ᠶᠡᠬᠡᠴᠠᠢᠳᠠᠮ ᠦᠨ ᠬᠠᠯᠠᠭᠤᠨ ᠷᠠᠰᠢᠶᠠᠨ᠂ᠲᠤᠯᠠᠭᠠᠨ ᠦ ᠡᠷᠲᠡᠨ ᠦ ᠪᠤᠯᠠᠰᠢ ᠨᠤᠭᠤᠳ ᠪᠠ ᠴᠠᠢᠳᠠᠮ ᠦᠨ ᠬᠠᠳᠠᠨ ᠵᠢᠷᠤᠭ ᠵᠡᠷᠬᠡ ᠨᠢ ᠴᠠᠢᠳᠠᠮ ᠨᠤᠲᠤᠭ ᠦᠨ ᠦᠵᠡᠰᠬᠦᠯᠡᠩ ᠲᠡᠭᠦᠯᠳᠡᠷ ᠪᠠᠢᠭᠠᠯᠢ᠂ᠬᠦᠮᠦᠨᠯᠢᠭ ᠦᠨ ᠦᠵᠡᠮᠵᠢ ᠵᠢ ᠪᠦᠷᠢᠯᠳᠦᠬᠦᠯᠵᠠᠢ᠃ᠠᠷᠢᠭᠤᠨ ᠬᠠᠳᠠᠭ᠂ᠠᠮᠳᠠᠳᠦ ᠠᠷᠢᠬᠢ᠂ᠰᠤᠨᠤᠷ ᠢ ᠪᠠᠶᠠᠰᠬᠠᠬᠤ ᠠᠶ᠎ᠠ ᠲᠠᠭᠤᠤ᠂ᠪᠠᠳᠠᠷᠠᠨ ᠲᠦᠷᠡᠯᠵᠡᠭᠰᠡᠨ ᠲᠦᠳᠡᠭ ᠭᠠᠯ᠂ᠤᠷᠠᠨ ᠪᠦᠵᠢᠭ᠂ᠰᠦ᠋ ᠲᠠᠢ ᠴᠠᠢ᠃ᠪᠤᠤᠪᠤ ᠪᠤᠭᠤᠷᠰᠤᠭ ᠵᠡᠷᠬᠡ ᠨᠢ ᠵᠢᠭᠤᠯᠴᠢᠳ ᠲᠦ ᠦᠨᠳᠦᠰᠦᠲᠡᠨ ᠦ ᠤᠷᠤᠨ ᠦ ᠦᠩᠬᠡ ᠤᠨᠴᠠᠯᠢᠭ ᠢ ᠬᠦᠨᠵᠡᠬᠡᠢ ᠮᠡᠳᠡᠷᠡᠬᠦᠯᠦᠨ᠎ᠠ᠃ᠵᠢᠯ ᠳᠦ ᠨᠢᠭᠡ ᠤᠳᠠᠭ᠎ᠠ ᠪᠤᠯᠳᠠᠭ《ᠵᠢᠷᠭᠤᠭᠠᠨ ᠰᠠᠷ᠎ᠠ ᠵᠢᠨ ᠲᠠᠭᠤᠤ ᠵᠢᠨ ᠴᠤᠭᠯᠠᠭᠠᠨ》 ᠪᠠ ᠠᠯᠲᠠᠨ ᠨᠠᠮᠤᠷ ᠦᠨ ᠨᠠᠭᠠᠳᠤᠮ ᠨᠢ ᠨᠡᠩ ᠴᠦ ᠬᠦᠷ ᠪᠠᠶᠠᠷ ᠦᠨ ᠲᠤᠮᠳᠠ ᠡᠨᠡ ᠨᠤᠲᠤᠭ ᠦᠨ ᠬᠢᠨ ᠦ ᠢᠳᠡᠷᠡᠬᠦᠨ ᠵᠢᠪᠬᠤᠭ᠎ᠠ ᠤᠷ᠎ᠠ ᠠᠪᠢᠶᠠᠰ ᠢ ᠭᠠᠢᠬᠠᠭᠤᠯᠳᠠᠭ ᠪᠢᠯᠡ᠃

ᠲᠠᠪᠤᠰᠦ ᠪᠡᠷ ᠱᠤᠭᠤᠭᠰᠠᠨ ᠴᠢᠩᠬᠢᠰ ᠬᠠᠭᠠᠨ ᠦ ᠬᠦᠷᠦᠭ

ᠬᠦᠥᠰᠢ ᠬᠠᠨ ᠦ ᠬᠦᠷᠦᠭ


ᠲᠤᠰᠤᠨ ᠨᠠᠭᠤᠷ ᠦᠨ ᠬᠦᠪᠡᠭᠡᠨ ᠳᠡᠬᠢ ᠤᠪᠤᠭᠠᠨ ᠲᠠᠬᠢᠯᠭ᠎ᠠ

ᠬᠠᠢᠢᠰᠢ ᠵᠸᠥ ᠵᠢᠨ ᠲᠢᠶᠠᠨᠵᠢᠶᠦᠢᠨ ᠰᠢᠶᠠᠨ ᠦ ᠯᠦ ᠮᠠᠩ ᠭᠧᠥ ᠵᠢᠨ ᠬᠠᠳᠠᠨ ᠵᠢᠷᠤᠭ

ᠲᠡᠯᠡᠬᠡᠢ ᠬᠤᠳᠠ ᠵᠢᠨ ᠬᠤᠢᠢᠳᠤᠳᠠᠷᠢᠶ᠎ᠠ ᠪᠠᠯᠭᠠᠰᠤᠨ ᠳᠡᠬᠢ ᠬᠠᠳᠠᠨ ᠵᠢᠷᠤᠭ

ᠰᠦᠮ᠎ᠠ ᠬᠡᠢᠢᠳ ᠦᠨ ᠯᠠᠮᠠ ᠬᠤᠸᠠᠷᠠᠭ ᠦᠨᠳᠦᠰᠦᠲᠡᠨ ᠦ ᠲᠦᠷᠦ ᠵᠢᠨ ᠪᠤᠳᠤᠯᠭ᠎ᠠ ᠵᠢ ᠰᠤᠷᠤᠯᠴᠠᠵᠦ ᠪᠠᠢᠢᠭ᠎ᠠ ᠨᠢ

ᠰᠦᠩ ᠢᠷᠦᠬᠡᠯ

ᠲᠦᠪᠡᠳ ᠦᠨᠳᠦᠰᠦᠲᠡᠨ ᠦ ᠮᠠᠨᠢ ᠵᠢᠨ ᠴᠢᠯᠠᠭᠤᠨ ᠤᠷᠠᠯᠢᠭ









ᠲᠡᠭᠡᠳᠦ ᠮᠤᠩᠭᠤᠯ ᠦᠨ ᠬᠤᠪᠴᠠᠰᠦ ᠵᠠᠰᠠᠯ

ᠨᠠᠭᠠᠳᠤᠮ ᠳᠦ ᠶᠠᠪᠤᠵᠦ ᠪᠠᠢᠢᠭ᠎ᠠ ᠨᠢᠬᠡ ᠭᠡᠷ ᠦᠨ ᠬᠢᠨ

ᠭᠤᠷᠢᠯ᠂ᠲᠤᠰᠤ᠂ᠬᠤᠷᠤᠳ ᠢ ᠬᠤᠯᠢᠵᠦ ᠬᠢᠳᠡᠭ ᠲᠦᠳ ᠪᠤᠯᠤᠨ ᠬᠤᠨᠢᠨ ᠪᠦᠬᠦᠯᠢ ᠪᠤᠯ ᠨᠠᠭᠠᠳᠤᠮ᠂ᠤᠪᠤᠭᠠᠨ ᠲᠠᠬᠢᠯᠭ᠎ᠠ᠂ᠬᠤᠷᠢᠮ ᠨᠠᠢᠢᠷ ᠲᠦ ᠲᠤᠳᠠᠭᠳᠠᠵᠦ ᠪᠤᠯᠤᠰᠢ ᠦᠭᠡᠢ ᠬᠤᠶᠠᠷ ᠵᠦᠢᠯ ᠦᠨ ᠢᠳᠡᠭᠡᠨ ᠶᠤᠮ

ᠲᠠᠬᠢᠯ ᠲᠠᠯᠪᠢᠭ᠎ᠠ ᠵᠢᠨ ᠰᠢᠷᠡᠬᠡ

ᠱᠦᠮᠦᠷ

ᠨᠠᠭᠠᠳᠤᠮ ᠦᠨ ᠬᠤᠭᠤᠯᠠ

ᠪᠠᠶᠠᠷ ᠦᠨ ᠡᠳᠦᠷ ᠦᠨ ᠠᠵᠢᠯᠯᠠᠭ᠎ᠠ ᠪᠤᠶᠤ ᠬᠤᠷᠢᠮ ᠨᠠᠢᠢᠷ ᠲᠦ ᠵᠤᠴᠢᠳ ᠲᠦ ᠪᠠᠨ ᠴᠠᠭᠠᠨ ᠢᠳᠡᠭᠡ ᠠᠮᠰᠠᠭᠤᠯᠤᠨ᠎ᠠ

ᠬᠠᠢᠢᠰᠢ ᠵᠸᠥ ᠦᠷᠭᠦᠯᠵᠢ ᠬᠡᠳᠡ ᠴᠠᠬᠢᠵᠦ ᠭᠠᠯ ᠠᠰᠠᠭᠠᠬᠤ ᠤᠷᠤᠯᠳᠤᠭᠠᠨ ᠬᠢᠳᠡᠭ

ᠭᠠᠷ ᠤᠷᠯᠠᠯ ᠦᠨ ᠪᠦᠳᠦᠭᠡᠭᠳᠡᠬᠦᠨ ᠨᠤᠭᠤᠳ

ᠲᠡᠯᠡᠬᠡᠢ ᠬᠤᠳᠠ ᠵᠢᠨ ᠮᠤᠩᠭᠤᠯ ᠰᠤᠷᠭᠠᠭᠤᠯᠢ ᠵᠢᠨ ᠦᠷᠨᠢᠭᠦᠯᠦᠭᠰᠡᠨ ᠤᠯᠠᠮᠵᠢᠯᠠᠯᠳᠦ ᠰᠦ᠋ ᠵᠠᠢᠢᠯᠠᠬᠤ ᠠᠷᠭ᠎ᠠ ᠵᠢᠨ ᠲᠠᠢᠢᠯᠤᠮᠵᠢ

ᠦᠷᠪᠦᠭᠡ ᠦᠷᠪᠦᠭᠡᠬᠦ ᠨᠠᠢᠢᠷ ᠲᠦ ᠲᠦᠷᠦᠯ ᠰᠠᠳᠤᠨ ᠨᠢ ᠪᠡᠯᠡᠭ ᠬᠦᠷᠭᠡᠨ᠎ᠠ

ᠴᠠᠭᠠᠨ ᠢᠳᠡᠭᠡ ᠬᠢᠵᠦ ᠪᠠᠢᠢᠭ᠎ᠠ ᠮᠠᠯᠴᠢᠨ

ᠬᠠᠢᠢᠰᠢ ᠵᠸᠥ ᠵᠢᠨ ᠮᠤᠩᠭᠤᠯ ᠦᠨᠳᠦᠰᠦᠲᠡᠨ ᠦ ᠬᠤᠪᠴᠠᠰᠦ ᠤᠶᠤᠬᠤ ᠤᠷᠯᠠᠯ ᠪᠤᠯ ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ ᠦᠨ ᠲᠦᠯᠦᠭᠡᠯᠡᠭᠴᠢ ᠪᠦᠳᠦᠬᠡᠯ

《ᠬᠠᠢᠢᠰᠢ ᠵᠢᠨ ᠮᠤᠩᠭᠤᠯ ᠦᠨᠳᠦᠰᠦᠲᠡᠨ ᠦ ᠭᠠᠯ ᠲᠠᠬᠢᠯᠭ᠎ᠠ》ᠪᠤᠯ ᠬᠦᠬᠡᠨᠠᠭᠤᠷ ᠮᠤᠵᠢ ᠵᠢᠨ ᠪᠤᠳᠠᠰ ᠦᠨ ᠪᠤᠰᠤ  ᠰᠤᠶᠤᠯ ᠦᠨ ᠦᠪ ᠦᠨ ᠲᠦᠯᠦᠬᠡᠯᠡᠭᠴᠢ ᠪᠦᠳᠦᠭᠡᠯ

ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ《ᠬᠠᠢᠢᠰᠢ ᠵᠢᠨ ᠮᠤᠩᠭᠤᠯ ᠠᠷᠠᠳ ᠦᠨ ᠲᠠᠭᠤᠤ》ᠪᠠ《ᠬᠠᠢᠢᠰᠢ ᠵᠢᠨ ᠮᠤᠩᠭᠤᠯ ᠤᠷᠳᠦ ᠵᠢᠨ ᠲᠠᠭᠤᠤ》ᠵᠢᠨ ᠲᠦᠯᠦᠬᠡᠯᠡᠬᠦ ᠴᠢᠨᠠᠷᠲᠠᠢ ᠤᠯᠠᠮᠵᠢᠯᠠᠭᠴᠢᠳ

ᠤᠯᠤᠰ ᠦᠨ ᠪᠤᠳᠠᠰ ᠦᠨ ᠪᠤᠰᠤ ᠰᠤᠶᠤᠯ ᠦᠨ ᠦᠪ ᠬᠠᠨ ᠴᠡᠩᠬᠡᠯ ᠦᠨ ᠲᠦᠯᠦᠬᠡᠯᠡᠬᠦ ᠴᠢᠨᠠᠷᠲᠠᠢ ᠤᠯᠠᠮᠵᠢᠯᠠᠭᠴᠢ ᠴᠦᠷᠴᠢᠩ(ᠪᠠᠷᠠᠭᠤᠨ ᠡᠴᠡ 2)

ᠬᠠᠢᠢᠰᠢ ᠵᠢᠨ ᠮᠤᠩᠭᠤᠯ ᠡᠮᠨᠡᠯᠬᠡ ᠵᠢᠨ ᠲᠠᠷᠢᠬᠢ ᠡᠪᠯᠡᠬᠦᠯᠬᠦ ᠠᠷᠭ᠎ᠠ ᠪᠤᠯ ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ ᠦᠨ ᠲᠦᠯᠦᠬᠡᠯᠡᠭᠴᠢ ᠪᠦᠳᠦᠬᠡᠯ

《ᠲᠡᠭᠡᠳᠦ ᠮᠤᠩᠭᠤᠯ ᠦᠨ ᠦᠷᠪᠦᠭᠡ ᠠᠪᠬᠤ ᠶᠤᠰᠤᠨ》ᠪᠤᠯ  ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ ᠦᠨ ᠲᠦᠯᠦᠬᠡᠯᠡᠭᠴᠢ ᠪᠦᠳᠦᠬᠡᠯ

ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ ᠮᠤᠩᠭᠤᠯ ᠤᠷᠳᠦ ᠵᠢᠨ ᠲᠠᠭᠤᠤ ᠵᠢᠨ ᠲᠦᠯᠦᠬᠡᠯᠡᠬᠦ ᠴᠢᠨᠠᠷᠲᠠᠢ ᠤᠯᠠᠮᠵᠢᠯᠠᠭᠴᠢ ᠵᠢᠨᠬᠤᠸᠠ

《ᠲᠡᠭᠡᠳᠦ ᠮᠤᠩᠭᠤᠯ ᠦᠨ ᠮᠤᠳᠤᠨ ᠰᠡᠢᠢᠯᠦᠮᠠᠯ》ᠪᠤᠯ ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ ᠦᠨ ᠲᠦᠯᠦᠬᠡᠯᠡᠭᠴᠢ ᠪᠦᠳᠦᠭᠡᠯ

ᠴᠠᠢᠢᠳᠠᠮ ᠦᠨ ᠦᠨᠳᠦᠰᠦᠲᠡᠨ ᠦ ᠰᠤᠶᠤᠯ ᠤᠯᠠᠮᠵᠢᠯᠠᠯ ᠦᠨ ᠲᠦᠪ ᠨᠢ ᠦᠷᠭᠦᠯᠵᠢ ᠲᠡᠭᠡᠳᠦ ᠮᠤᠩᠭᠤᠯ ᠬᠡᠯᠡᠨ ᠦ ᠪᠤᠯᠪᠠᠰᠤᠷᠠᠯ ᠦᠨ ᠠᠩᠬᠢ ᠡᠷᠬᠢᠯᠡᠳᠡᠭ

ᠬᠦᠬᠡᠨᠠᠭᠤᠷ ᠮᠤᠵᠢ ᠵᠢᠨ ᠪᠤᠳᠠᠰ ᠦᠨ ᠪᠤᠰᠤ ᠰᠤᠶᠤᠯ ᠦᠨ ᠦᠪ 《ᠠᠯᠲᠠᠨ ᠭᠠᠳᠠᠰᠦ ᠰᠤᠭᠤᠯᠬᠤ》

ᠬᠠᠢᠢᠰᠢ ᠵᠸᠥ ᠵᠢᠨ ᠮᠤᠩᠭᠤᠯ ᠬᠡᠯᠨ ᠦ ᠺᠢᠨᠤ᠋ ᠤᠷᠴᠢᠭᠤᠯᠤᠨ ᠦᠢᠯᠡᠳᠬᠦ ᠦᠷᠳᠡᠭᠡᠨ ᠦ ᠬᠢᠨ ᠺᠢᠨᠤ᠋ ᠠᠪᠢᠶᠠᠯᠠᠨ᠎ᠠ

ᠬᠠᠢᠢᠰᠢ ᠵᠸᠥ ᠵᠢᠨ ᠲᠸᠯᠸᠢᠰ ᠬᠤᠷᠢᠶᠠᠨ ᠦ ᠮᠤᠩᠭᠤᠯ  ᠬᠡᠯᠡᠨ ᠦ ᠨᠠᠢᠢᠷᠠᠭᠤᠯᠤᠭᠴᠢ ᠨᠡᠪᠲᠡᠷᠡᠭᠦᠯᠦᠭᠴᠢᠳ

《ᠴᠡᠴᠡᠭᠲᠦ ᠴᠠᠢᠢᠳᠠᠮ》ᠰᠡᠳᠭᠦᠯ ᠦᠨ ᠨᠠᠢᠢᠷᠠᠭᠤᠯᠤᠭᠴᠢᠳ

ᠬᠠᠢᠢᠰᠢ ᠵᠸᠥ ᠵᠢᠨ ᠷᠠᠳᠢᠤ᠋ ᠬᠤᠷᠢᠶᠠᠨ ᠦ ᠮᠤᠩᠭᠤᠯ  ᠬᠡᠯᠡᠨ ᠦ ᠨᠠᠢᠢᠷᠠᠭᠤᠯᠤᠭᠴᠢ ᠨᠡᠪᠲᠡᠷᠡᠭᠦᠯᠦᠭᠴᠢᠳ

ᠨᠠᠭᠠᠳᠤᠮ ᠦᠨ ᠦᠳᠡᠰᠢ

ᠮᠤᠩᠭᠤᠯ ᠰᠢᠳᠠᠷ᠎᠎ᠠ ᠵᠢᠨ ᠲᠡᠮᠡᠴᠡᠬᠡᠨ

ᠲᠡᠮᠡᠬᠡᠨ ᠤᠷᠤᠯᠳᠤᠭᠠᠨ

ᠨᠠᠭᠠᠳᠤᠮ ᠦᠨ ᠡᠮᠦᠨᠡᠬᠢ ᠤᠪᠤᠭᠠᠨ ᠲᠠᠬᠢᠯᠭ᠎ᠠ

ᠮᠤᠷᠢᠳᠠᠨ ᠦ ᠵᠢᠪᠬᠤᠭ᠎ᠠ

ᠰᠤᠷ ᠬᠠᠷᠪᠤᠯᠲᠠ

ᠲᠡᠭᠡᠳᠦ ᠮᠤᠩᠭᠤᠯ ᠦᠨ ᠢᠳᠡᠷᠭᠡᠭ ᠪᠦᠬᠡᠴᠤᠳ

ᠱᠠᠩᠨᠠᠭᠳᠠᠬᠤ ᠵᠢᠨ ᠪᠠᠶᠠᠰᠤᠯ

ᠵᠤᠭ᠎ᠠ ᠴᠡᠩᠬᠡᠯᠳᠦ ᠬᠠᠢᠢᠰᠢ

ᠵᠤᠬᠢᠶᠠᠭᠴᠢ᠄ ᠬᠦᠬᠡᠨᠠᠭᠤᠷ ᠮᠤᠵᠢ ᠵᠢᠨ ᠬᠠᠢᠢᠰᠢ ᠵᠢᠨ ᠮᠤᠩᠭᠤᠯ ᠦᠨᠳᠦᠰᠦᠲᠡᠨ ᠲᠦᠪᠡᠳ ᠦᠨᠳᠦᠰᠦᠲᠡᠨ ᠦ ᠦᠪᠡᠷᠲᠡᠭᠡᠨ ᠵᠠᠰᠠᠬᠤ ᠵᠧᠥ ᠪᠠᠢᠢᠭᠤᠯᠤᠭᠳᠠᠭᠰᠠᠨ 60 ᠵᠢᠯ ᠦᠨ ᠤᠢ ᠵᠢᠨ ᠲᠤᠰᠬᠠᠢ ᠰᠤᠨᠢᠨ ᠢ ᠨᠠᠢᠷᠠᠭᠤᠯᠬᠤ ᠵᠦᠪᠯᠡᠯ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 369
ᠴᠠᠭ᠄ 2015 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁