ᠨᠠᠰᠢ ᠦᠨᠳᠦᠰᠦᠲᠡᠨ ᠦ ᠭᠠᠵᠠᠷ ᠤᠷᠤᠨ ᠳᠦ ᠲᠠᠷᠬᠠᠨ ᠲᠡᠯᠭᠡᠷᠡᠭᠰᠡᠨ ᠲᠦᠪᠡᠳ ᠦᠨ ᠪᠤᠷᠬᠠᠨ ᠱᠠᠰᠢᠨ

ᠨᠠᠰᠢ ᠦᠨᠳᠦᠰᠦᠲᠡᠨ ᠦ ᠭᠠᠵᠠᠷ ᠤᠷᠤᠨ ᠳᠦ ᠲᠠᠷᠬᠠᠨ ᠲᠡᠯᠬᠡᠷᠡᠭᠰᠡᠨ ᠲᠦᠪᠡᠳ ᠦᠨ ᠪᠤᠷᠬᠠᠨ ᠱᠠᠰᠢᠨ

ᠲᠦᠪᠡᠳ ᠦᠨ ᠪᠤᠷᠬᠠᠨ ᠱᠠᠰᠢᠨ ᠪᠤᠯ ᠭᠤᠤᠯᠳᠠᠭᠤ ᠶᠦᠨᠨᠠᠨ ᠦ ᠪᠠᠷᠠᠭᠤᠨ ᠬᠤᠢᠢᠳᠦ ᠬᠡᠰᠡᠭ ᠦᠨ ᠳᠢᠴᠢᠩ᠂ᠯᠢᠵᠢᠶᠠᠩ ᠪᠤᠯᠤᠨ ᠨᠦᠵᠢᠶᠠᠩ ᠦᠨ ᠬᠤᠢᠢᠳᠦ ᠬᠡᠰᠡᠭ ᠵᠡᠷᠬᠡ ᠭᠠᠵᠠᠷ ᠤᠷᠤᠨ ᠳᠦ ᠲᠡᠯᠭᠡᠷᠡᠭᠰᠡᠨ ᠪᠦᠬᠡᠳ ᠳᠠᠯᠢ ᠵᠢᠨ ᠬᠡᠰᠡᠭ ᠭᠠᠵᠠᠷ ᠦᠳ ᠵᠢᠡᠷ ᠴᠦ ᠪᠡᠰᠠ ᠲᠡᠯᠬᠡᠷᠡᠵᠡᠢ᠃ᠲᠦᠪᠡᠳ ᠦᠨ ᠪᠤᠷᠬᠠᠨ ᠱᠠᠰᠢᠨ ᠢ ᠲᠦᠪᠡᠳᠴᠤᠳ ᠡᠴᠡ ᠭᠠᠳᠠᠨ᠎ᠠ ᠨᠠᠰᠢᠴᠤᠳ(ᠮᠦᠸᠸᠰᠤᠢᠸᠸᠴᠤᠳ ᠪᠠᠭᠳᠠᠨ᠎ᠠ)᠂ᠫᠦᠮᠢᠴᠤᠳ᠂ᠯᠢᠰᠦᠴᠤᠳ᠂ᠨᠦᠴᠤᠳ ᠪᠤᠯᠤᠨ ᠢ ᠦᠨᠳᠦᠰᠦᠲᠡᠨ᠂ᠪᠠᠢ ᠦᠨᠳᠦᠰᠦᠲᠡᠨ ᠦ ᠬᠡᠰᠡᠭ ᠬᠦᠮᠦᠰ ᠰᠢᠳᠦᠳᠡᠭ ᠶᠤᠮ᠃ᠲᠦᠪᠡᠳ ᠦᠨ ᠪᠤᠷᠬᠠᠨ ᠱᠠᠰᠢᠨ ᠨᠢ ᠡᠳᠡᠬᠡᠷ ᠭᠠᠵᠠᠷ ᠤᠷᠤᠨ ᠦ ᠲᠦᠪᠡᠳᠴᠤᠳ᠃ᠨᠠᠰᠢᠴᠤᠳ ᠪᠤᠯᠤᠨ ᠫᠦᠮᠢᠴᠤᠳ ᠦᠨ ᠠᠮᠢᠳᠤᠷᠠᠯ ᠳᠦ ᠬᠦᠨ ᠨᠦᠯᠦᠬᠡ ᠲᠠᠢ᠃

ᠨᠠᠰᠢ ᠦᠨᠳᠦᠰᠦᠲᠡᠨ ᠦ ᠭᠠᠵᠠᠷ ᠤᠷᠤᠨ ᠳᠦ ᠲᠦᠪᠡᠳ ᠦᠨ ᠪᠤᠷᠬᠠᠨ ᠱᠠᠰᠢᠨ ᠦ ᠭᠠᠵᠢᠳᠪᠠ ᠵᠢᠨ ᠪᠦᠯᠦᠭ ᠭᠤᠤᠯ ᠪᠠᠢᠢᠷᠢ ᠵᠢ ᠡᠵᠡᠯᠡᠬᠦ ᠪᠦᠬᠡᠳ ᠰᠠᠰᠬᠢᠶ᠎ᠠ ᠵᠢᠨ ᠪᠦᠯᠦᠭᠳᠡᠨ᠂ ᠭᠡᠯᠦᠢᠭ᠍ᠪᠠ ᠵᠢᠨ ᠪᠦᠯᠦᠭᠲᠡᠨ ᠴᠦ ᠪᠤᠢ᠃ᠨᠠᠰᠢ ᠦᠨᠳᠦᠰᠦᠲᠡᠨ ᠦ ᠭᠠᠵᠠᠷ ᠤᠷᠤᠨ ᠳᠦ ᠹᠦ᠋ ᠭᠦᠸᠸ ᠰᠸ᠂ᠸᠸᠨ ᠹᠸᠩ ᠰᠸ᠂ᡁᠢ ᠶᠦᠨ ᠰᠸ᠂ᠫᠦ᠋ ᠵᠢᠢ ᠰᠸ᠂ᠫᠦ᠋ ᠬᠤᠸᠠ ᠰᠸ᠂ᠢᠥᠢ ᠹᠸᠩ ᠰᠸ᠂ᠯᠢᠨ ᠵᠤᠤ ᠰᠸ᠂ᠰᠢ ᠬᠤᠸᠠ ᠰᠸ᠂ ᠳᠠ ᠯᠢ ᠰᠸ᠂ᠱᠸᠥ ᠭᠦᠸᠸ ᠰᠸ(ᠸᠸᠢ ᠰᠢ ᠰᠢᠶᠠᠨ ᠳᠦ ᠪᠤᠢ)᠂ᠯᠠᠢ ᠵᠢᠩ ᠰᠸ᠂ ᠳᠠ ᠮᠦᠸᠸ ᠰᠸ᠂ᠯᠠᠢ ᠶᠤᠸᠠᠨ ᠰᠸ ᠵᠡᠷᠭᠡ ᠭᠠᠵᠢᠳᠪᠠ ᠵᠢᠨ ᠪᠦᠯᠦᠭ ᠦᠨ13 ᠨᠡᠷᠡᠲᠡᠢ ᠬᠡᠢᠢᠳ ᠪᠠᠢᠢᠳᠠᠭ᠃ᠴᠢᠩ ᠤᠯᠤᠰ ᠦᠨ ᠲᠤᠮᠳᠠᠴᠢ ᠦᠶ᠎ᠠ ᠪᠤᠯᠬᠤ ᠳᠦ  ᠭᠡᠯᠤᠢᠭ᠍ᠪᠠ ᠵᠢᠨ ᠪᠦᠯᠦᠭ ᠦᠨ ᠰᠦᠷ ᠬᠦᠴᠦᠨ ᠲᠦᠷᠭᠡᠨ ᠵᠢᠡᠷ ᠪᠤᠵᠠᠭᠠᠷᠠᠵᠦ᠂ᠭᠠᠵᠢᠳᠪᠠ ᠵᠢᠨ ᠪᠦᠯᠦᠭ ᠦᠨ ᠬᠦᠴᠦᠨ ᠤᠯᠠᠮ ᠵᠢᠡᠷ ᠪᠠᠭᠤᠷᠠᠭᠠᠳ ᠴᠢᠩ ᠤᠯᠤᠰ ᠦᠨ ᠰᠡᠭᠦᠯᠴᠢ ᠢᠷᠭᠡᠨ ᠤᠯᠤᠰ ᠦᠨ ᠦᠶ᠎ᠠ ᠪᠤᠯᠬᠤ ᠳᠦ ᠭᠠᠵᠢᠳᠪᠠ ᠵᠢᠨ ᠪᠦᠯᠦᠭ ᠦᠨ ᠬᠢ ᠶᠦᠨᠨᠠᠨ ᠦ ᠪᠠᠷᠠᠭᠤᠨ ᠬᠤᠢᠢᠲᠦ ᠬᠡᠰᠡᠭ ᠦᠨ ᠭᠠᠵᠠᠷ ᠤᠷᠤᠨ ᠳᠦ ᠤᠷᠤᠭᠤᠳᠠᠨ ᠪᠠᠭᠤᠷᠠᠵᠦ ᠨᠦᠬᠦᠵᠦ ᠰᠦᠨᠦᠮᠡᠷ ᠪᠤᠯᠵᠠᠢ᠃

ᠲᠦᠪᠡᠳ ᠦᠨ ᠪᠤᠷᠬᠠᠨ ᠱᠠᠰᠢᠨ ᠨᠠᠰᠢ ᠦᠨᠳᠦᠰᠦᠲᠡᠨ ᠦ ᠨᠤᠲᠤᠭ ᠲᠦ ᠤᠯᠠᠮᠵᠢᠯᠠᠭᠳᠠᠭᠰᠠᠨ ᠦ ᠲᠠᠷᠠᠭ᠎ᠠ ᠨᠠᠰᠢᠴᠤᠳ ᠦᠨ ᠤᠯᠤᠰ ᠲᠦᠷᠦ᠂ᠠᠵᠦ ᠠᠬᠤᠢ᠂ᠰᠤᠶᠤᠯ ᠪᠤᠯᠤᠨ ᠠᠮᠢᠳᠤᠷᠠᠯ ᠦᠨ ᠲᠠᠳᠬᠠᠯ ᠵᠡᠷᠬᠡ ᠲᠠᠯ᠎ᠠ ᠳᠦ ᠬᠦᠨ ᠬᠦᠨᠵᠡᠬᠡᠢ᠂ᠦᠷᠭᠡᠨ ᠲᠡᠯᠬᠡᠷ ᠨᠦᠯᠦᠬᠡ ᠦᠵᠡᠭᠦᠯᠦᠭᠰᠡᠨ ᠪᠠᠢᠢᠨ᠎ᠠ᠃ᠨᠠᠰᠢ ᠦᠨᠳᠦᠰᠦᠲᠡᠨ ᠦ ᠭᠠᠵᠠᠷ ᠤᠷᠤᠨ ᠳᠡᠬᠢ ᠲᠦᠪᠡᠳ ᠦᠨ ᠪᠤᠷᠬᠠᠨ ᠱᠠᠰᠢᠨ ᠬᠢᠬᠡᠳ ᠬᠠᠮᠵᠢᠯᠴᠠᠭ᠎ᠠ ᠵᠢᠨ ᠡᠵᠡᠨ ᠦ ᠬᠤᠭᠤᠷᠤᠨᠳᠤᠬᠢ ᠬᠠᠷᠢᠴᠠᠭ᠎ᠠ ᠨᠢ ᠲᠦᠪᠡᠳ ᠪᠤᠯᠤᠨ ᠲᠦᠪᠡᠳ ᠦᠨᠳᠦᠰᠦᠲᠡᠨ ᠰᠠᠭᠤᠷᠢᠰᠢᠭᠰᠠᠨ ᠭᠠᠵᠠᠷ ᠦᠨ《ᠲᠦᠷᠦ ᠱᠠᠰᠢᠨ ᠢ ᠨᠢᠭᠡᠳᠦᠭᠦᠯᠦᠭᠰᠡᠨ》ᠪᠠᠢᠢᠭᠤᠯᠤᠯ ᠲᠠᠢ ᠪᠦᠷᠢᠨ ᠠᠳᠠᠯᠢ ᠦᠭᠡᠢ᠂ᠨᠠᠰᠢ ᠦᠨᠳᠦᠰᠦᠲᠡᠨ ᠦ ᠭᠠᠵᠠᠷ ᠤᠷᠤᠨ ᠳᠡᠬᠢ ᠲᠦᠪᠡᠳ ᠪᠤᠷᠬᠠᠨ ᠱᠠᠰᠢᠨ ᠪᠤᠯ ᠲᠤᠬᠠᠢ ᠵᠢᠨ ᠭᠠᠵᠠᠷ ᠦᠨ ᠹᠸᠥᠳᠠᠯ ᠦᠨ ᠠᠢᠢᠮᠠᠭ ᠦᠨ ᠲᠦᠰᠢᠮᠡᠯ ᠦᠨ ᠨᠤᠶᠠᠷᠬᠠᠯ ᠲᠤᠤᠷ᠎ᠠ ᠱᠠᠰᠢᠨ ᠦ ᠠᠵᠢᠯᠯᠠᠭ᠎ᠠ ᠬᠢᠳᠡᠭ᠂ᠱᠠᠰᠢᠨ ᠦ ᠡᠷᠬᠡ ᠨᠢ ᠠᠢᠢᠮᠠᠭ ᠦᠨ ᠲᠦᠰᠢᠮᠡᠯ ᠦᠨ ᠡᠷᠬᠡ ᠡᠴᠡ ᠲᠡᠭᠡᠭᠦᠷ ᠪᠠᠢᠢᠵᠦ ᠪᠤᠯᠬᠤ ᠦᠭᠡᠢ᠂ᠠᠢᠢᠮᠠᠭ ᠦᠨ ᠲᠦᠰᠢᠮᠡᠯ ᠦᠨ ᠡᠷᠬᠡ ᠮᠡᠳᠡᠯ ᠳᠦ ᠭᠠᠷ ᠲᠦᠷᠢᠵᠦ ᠪᠤᠯᠳᠠᠭ ᠦᠭᠡᠢ᠂

ᠲᠦᠪᠡᠳ ᠦᠨ ᠪᠤᠷᠬᠠᠨ ᠱᠠᠰᠢᠨ ᠡᠴᠡ ᠨᠠᠰᠢ ᠦᠨᠳᠦᠰᠦᠲᠡᠨ ᠦ ᠪᠠᠯᠠᠷᠯᠢᠭ ᠱᠠᠰᠢᠨ ᠳᠦ ᠦᠵᠡᠭᠦᠯᠦᠭᠰᠡᠨ ᠨᠦᠯᠦᠭᠡ ᠨᠢ ᠴᠦ ᠢᠯᠡᠷᠬᠡᠢ ᠪᠠᠢᠢᠭ᠎ᠠ ᠶᠤᠮ᠃ᠨᠠᠰᠢᠴᠤᠳ ᠦᠨ ᠰᠢᠳᠦᠳᠡᠭ ᠳᠦᠢᠩᠪᠠ ᠱᠠᠰᠢᠨ᠂ ᠮᠦᠸᠸᠰᠤᠢᠸᠸᠴᠤᠳ ᠦᠨ ᠰᠢᠳᠦᠳᠡᠭ ᠳᠠᠪᠠ ᠱᠠᠰᠢᠨ ᠪᠤᠯ ᠴᠦᠮ ᠪᠠᠯᠠᠷᠯᠢᠭ ᠱᠠᠰᠢᠨ ᠪᠤᠯᠤᠨ᠎ᠠ᠃ᠲᠦᠪᠡᠳ ᠦᠨ ᠪᠤᠷᠬᠠᠨ ᠱᠠᠰᠢᠨ ᠲᠡᠯᠭᠡᠷᠡᠭᠰᠡᠨ ᠦ ᠲᠠᠷᠠᠭ᠎ᠠ ᠡᠨᠡ ᠬᠤᠶᠠᠷ ᠪᠠᠯᠠᠷᠯᠢᠭ ᠱᠠᠰᠢᠨ ᠢ ᠴᠦᠮ ᠬᠦᠨᠵᠡᠭᠡᠢ ᠨᠦᠯᠦᠭᠡᠯᠡᠵᠡᠢ᠂ᠡᠨᠡ ᠨᠢ ᠭᠤᠤᠯᠳᠠᠭᠤ ᠲᠤᠤᠷᠠᠬᠢ ᠬᠡᠳᠦᠨ ᠲᠠᠯ᠎ᠠ ᠪᠡᠷ ᠢᠯᠡᠷᠡᠵᠦ ᠪᠠᠢᠢᠨ᠎ᠠ᠄ᠡᠨᠡ ᠬᠤᠶᠠᠷ ᠵᠦᠢᠯ ᠦᠨ ᠪᠠᠯᠠᠷᠯᠢᠭ ᠱᠠᠰᠢᠨ ᠲᠦᠪᠡᠳ ᠦᠨ ᠪᠤᠷᠬᠠᠨ ᠱᠠᠰᠢᠨ ᠦ ᠬᠤᠮᠰᠢᠮ ᠪᠤᠳᠢᠰᠠᠳ᠋ᠣ᠎ᠠ᠂ᠮᠠᠾᠠᠺᠠᠯᠠ ᠵᠡᠷᠭᠡ ᠠᠷᠪᠢᠨ ᠰᠢᠳᠦᠭᠡᠨ ᠢ ᠰᠢᠳᠦᠬᠦ ᠪᠤᠯᠵᠠᠢ;ᠡᠨᠡ ᠬᠤᠶᠠᠷ ᠪᠠᠯᠠᠷᠯᠢᠭ ᠱᠠᠰᠢᠨ ᠨᠢ ᠲᠦᠪᠡᠳ ᠦᠨ ᠪᠤᠷᠬᠠᠨ ᠱᠠᠰᠢᠨ ᠦ ᠵᠠᠷᠢᠮ ᠨᠤᠮᠴᠢ ᠲᠡᠪᠡᠯ᠂ᠲᠠᠩᠭᠠᠷᠢᠭ ᠦᠨ ᠡᠳ᠋ ᠢ ᠬᠡᠷᠡᠭᠯᠡᠬᠦ ᠪᠤᠯᠵᠠᠢ᠂ᠵᠢᠱᠢᠶᠡᠯᠡᠪᠡᠯ᠄  ᠳᠤᠢᠩᠪᠠ ᠪᠦᠬᠡ᠂ ᠳᠠᠪᠠ ᠪᠦᠬᠡ ᠨᠠᠷ ᠨᠤᠮ ᠬᠦᠷᠢᠮ ᠦᠢᠯᠡᠳᠬᠦ ᠳᠡᠬᠡᠨ ᠲᠠᠪᠤᠨ ᠪᠤᠷᠬᠠᠨᠳᠦ ᠲᠢᠲᠢᠮ ᠵᠡᠭᠦᠵᠦ᠂ᠤᠷᠲᠦ ᠬᠦᠷᠮ᠎ᠠ ᠡᠮᠦᠰᠦᠨ᠂ᠵᠡᠰ ᠬᠤᠩᠬᠤ ᠲᠤᠤᠭᠠᠷᠭᠠᠵᠦ᠂ᠭᠠᠵᠢᠭᠤ ᠨᠤᠮ ᠢ ᠲᠠᠷᠤᠬᠤ ᠰᠤᠪᠤᠷᠭ᠎ᠠ ᠲᠠᠬᠢᠳᠠᠭ;ᠡᠨᠡ ᠬᠤᠶᠠᠷ ᠪᠠᠯᠠᠷᠯᠢᠭ ᠱᠠᠰᠢᠨ ᠨᠢ ᠴᠦᠨ ᠲᠦᠪᠡᠳ ᠦᠨ ᠪᠤᠷᠬᠠᠨ ᠱᠠᠰᠢᠨ ᠦ《ᠢᠷᠦᠬᠡᠯ ᠦᠨ ᠰᠤᠳᠤᠷ》᠂《ᠨᠠᠰᠤᠨ ᠬᠤᠳᠤᠭ ᠭᠤᠶᠤᠬᠤ ᠰᠤᠳᠤᠷ》᠂《ᠪᠠᠷᠴᠢᠳ ᠠᠷᠢᠯᠭᠠᠬᠤ ᠰᠤᠳᠤᠷ》᠂《ᠭᠠᠯ ᠦᠨ ᠰᠤᠳᠤᠷ》ᠵᠡᠷᠭᠡ ᠲᠤᠪᠴᠢ ᠪᠤᠭᠤᠨᠢ ᠨᠤᠮ ᠲᠠᠷᠨᠢ ᠵᠢ ᠤᠩᠰᠢᠳᠠᠭ ᠪᠤᠯᠵᠠᠢ᠃

ᠲᠦᠪᠡᠳ ᠦᠨ ᠪᠤᠷᠬᠠᠨ ᠱᠠᠰᠢᠨ ᠨᠢ ᠨᠠᠰᠢᠴᠤᠳ ᠦᠨ ᠰᠤᠶᠤᠯ ᠤᠷᠠᠯᠢᠭ ᠲᠦ ᠪᠠᠰᠠ ᠴᠢᠬᠤᠯᠠ ᠨᠦᠯᠦᠭᠡ ᠦᠵᠡᠭᠦᠯᠵᠡᠢ᠃ᠨᠠᠰᠢᠴᠤᠳ ᠦᠨ ᠲᠤᠳᠤᠷ᠎ᠠ ᠦᠯᠡᠮᠵᠢ ᠤᠯᠠᠨ ᠲᠤᠮᠤᠭ ᠶᠠᠷᠢᠶ᠎ᠠ᠂ᠶᠠᠪᠠᠭᠠᠨ ᠦᠯᠢᠭᠡᠷ᠂ᠠᠷᠠᠳ ᠦᠨ ᠲᠠᠭᠤᠤ ᠰᠢᠯᠦᠭ ᠲᠡᠯᠭᠡᠷᠡᠭᠰᠡᠨ ᠪᠠᠢᠢᠳᠠᠭ᠂ᠡᠳᠡᠭᠡᠷ ᠠᠷᠠᠳ ᠦᠨ ᠠᠮᠠᠨ ᠵᠤᠬᠢᠶᠠᠯ ᠨᠢ ᠲᠦᠪᠡᠳ ᠦᠨ ᠪᠤᠷᠬᠠᠨ ᠱᠠᠰᠢᠨ ᠦ ᠠᠭᠤᠯᠭ᠎ᠠ ᠵᠢ ᠰᠢᠩᠭᠡᠭᠡᠨ ᠠᠪᠤᠭᠠᠳ ᠤᠯᠠᠮ ᠰᠤᠨᠢᠷᠬᠠᠯᠲᠠᠢ ᠪᠤᠯᠵᠠᠢ᠃

ᠱᠠᠰᠢᠨ ᠰᠢᠳᠦᠳᠡᠭ ᠦᠷᠭᠡᠨ ᠲᠦᠮᠡᠨ ᠦ ᠱᠠᠭᠠᠷᠳᠠᠯᠭ᠎ᠠ ᠵᠢ ᠬᠠᠩᠭ᠋ᠠᠬᠤ ᠵᠢᠨ ᠲᠤᠰᠠᠳᠠ᠂ᠲᠦᠪᠡᠳ ᠦᠨ ᠪᠤᠷᠬᠠᠨ ᠱᠠᠰᠢᠨ ᠦ ᠶᠤᠰᠤ ᠵᠢ ᠦᠨᠳᠦᠰᠦᠯᠡᠨ᠂ᠠᠷᠪᠠᠨ ᠲᠤᠯᠤᠳᠤᠭᠠᠷ ᠲᠦᠷᠢ ᠵᠢᠨ ᠳᠦᠩ ᠪᠤᠤ ᠵᠦᠩᠪᠠ ᠬᠡᠬᠡᠨ2002ᠤᠨ ᠦ8ᠰᠠᠷ᠎ᠠ ᠳᠦ ᠲᠦᠷᠢ ᠪᠦᠷᠢ ᠵᠢᠨ ᠵᠦᠩᠪᠠ ᠬᠡᠬᠡᠨ ᠦ ᠰᠠᠭᠤᠵᠦ ᠪᠠᠢᠢᠭᠰᠠᠨ ᡁᠢ ᠶᠦᠨ ᠰᠸ᠂ᠸᠸᠨ ᠹᠸᠩ ᠰᠸ ᠵᠡᠷᠭᠡ ᠡᠷᠲᠡᠨ ᠦ ᠬᠡᠢᠢᠳ ᠲᠡᠭᠡᠨ ᠪᠤᠴᠠᠵᠦ᠂ᡁᠢ ᠶᠦᠨ ᠰᠸ᠂ᠸᠸᠨ ᠹᠸᠩ ᠰᠸ ᠵᠡᠷᠭᠡ ᠡᠷᠲᠡᠨ ᠦ ᠬᠡᠢᠢᠳ ᠢ ᠤᠷᠢᠳ ᠬᠤᠵᠢᠳ ᠵᠠᠰᠠᠨ ᠰᠡᠯᠪᠢᠵᠦ᠂ ᠳᠦᠢᠩ ᠪᠤᠤ ᠵᠢᠨ ᠢᠯᠠᠭᠤᠭᠰᠠᠨ ᠡᠷᠳᠡᠨᠢ ᠵᠢᠨ ᠰᠤᠪᠤᠷᠭ᠎ᠠ ᠵᠢ ᠲᠠᠬᠢᠨ ᠪᠤᠰᠬᠠᠵᠦ᠂ᠸᠸᠨ ᠹᠸᠩ ᠰᠸ ᠵᠢᠨ ᠲᠢᠶᠠᠨᠴᠢ ᠵᠢᠨ ᠪᠠᠢᠢᠰᠢᠩ ᠢ ᠰᠡᠷᠭᠦᠭᠡᠨ ᠪᠠᠷᠢᠵᠠᠢ᠃ᠡᠳᠡᠬᠡᠷ ᠪᠦᠬᠦᠨ ᠨᠢ ᠯᠢᠵᠢᠶᠠᠩ ᠦᠨ ᠡᠯ᠎ᠠ ᠦᠨᠳᠦᠰᠦᠲᠡᠨ ᠦ ᠤᠯᠠᠨ ᠲᠦᠮᠡᠨ ᠪᠤᠯᠤᠨ ᠪᠤᠷᠬᠠᠨ ᠱᠠᠰᠢᠨ ᠰᠢᠳᠦᠭᠴᠢᠳ ᠦᠨ ᠬᠦᠷᠢᠶᠡᠯᠡᠯ ᠢ ᠤᠯᠤᠭᠰᠠᠨ ᠪᠠᠢᠢᠨ᠎ᠠ᠃(ᠠᠯᠳᠠᠨᠪᠠᠭᠠᠨ᠎ᠠ ᠤᠷᠴᠢᠭᠤᠯᠪᠠ)

ᡁᠢ ᠶᠦᠨ ᠰᠸ ᠬᠡᠢᠢᠳ

ᠳᠤᠢᠩ ᠪᠤᠤ ᠵᠢᠨ ᠢᠯᠠᠭᠤᠭᠰᠠᠨ ᠡᠷᠳᠡᠨᠢ ᠵᠢᠨ ᠰᠤᠪᠤᠷᠭᠠᠲᠦ ᠰᠦᠮ᠎ᠠ ᠵᠢᠨ 《ᠭᠠᠨᠵᠤᠤᠷ ᠰᠤᠳᠤᠷ》

ᠹᠦ᠋ ᠭᠦᠸᠸ ᠰᠸ ᠬᠡᠢᠢᠳ

ᠰᠢᠨ᠎ᠠ ᠪᠡᠷ ᠪᠠᠢᠢᠭᠤᠯᠤᠭᠰᠠᠨ ᠪᠠᠳᠮᠠᠰᠠᠮᠪ᠋ᠠᠣ᠎ᠠ ᠵᠢᠨ ᠬᠦᠷᠢᠶ᠎ᠠ

ᠳ᠋ᠤᠢᠩ ᠪᠤᠤ ᠵᠢᠨ ᠢᠯᠠᠭᠤᠭᠰᠠᠨ ᠡᠷᠳᠡᠨᠢ ᠵᠢᠨ ᠰᠤᠪᠤᠷᠭ᠎ᠠ

ᠬᠢᠳᠠᠳ᠂ᠲᠦᠪᠡᠳ᠂ᠨᠠᠰᠢ ᠭᠤᠷᠪᠠᠨ ᠦᠨᠳᠦᠰᠦᠲᠡᠨ ᠦ ᠪᠠᠷᠢᠯᠭ᠎ᠠ ᠵᠢᠨ ᠤᠨᠴᠠᠯᠢᠭ ᠢ ᠨᠢᠭᠡᠳᠦᠬᠦᠯᠦᠨ ᠪᠠᠷᠢᠭᠰᠠᠨ ᠱᠸᠥ ᠬᠦᠸᠸ ᠰᠸ ᠬᠡᠢᠢᠳ ᠦᠨ ᠲᠤᠭᠠᠩ

ᠳ᠋ᠤᠢᠩ ᠪᠤᠤ ᠵᠢᠨ ᠢᠯᠠᠭᠤᠭᠰᠠᠨ ᠡᠷᠳᠡᠨᠢ ᠵᠢᠨ ᠰᠤᠪᠤᠷᠭ᠎ᠠ ᠵᠢᠨ ᠬᠦᠷᠢᠶᠡᠨ ᠳᠦ ᠤᠷᠤᠬᠤ ᠳᠦ ᠪᠠᠨ ᠬᠤᠷᠯᠤ ᠡᠷᠬᠢᠬᠦᠯᠵᠦ ᠪᠠᠢᠢᠭ᠎ᠠ ᠨᠢ

ᠢᠥᠢ ᠹᠸᠩ ᠰᠸ ᠬᠡᠢᠢᠳ ᠦᠨ ᠬᠦᠷᠢᠶᠡᠨ ᠳᠡᠬᠢ《ᠲᠦᠮᠡᠨ ᠬᠦᠢᠢᠰ ᠴᠠᠢ ᠵᠢᠨ ᠴᠡᠴᠡᠭᠲᠦ》ᠮᠤᠳᠤ

ᠢᠦᠢ ᠹᠸᠩ ᠰᠸ ᠬᠡᠢᠢᠳ ᠦᠨ ᠲᠤᠭᠠᠩ ᠳᠡᠬᠢ ᠲᠦᠷᠪᠡᠨ ᠮᠤᠳᠤᠷᠲᠦ ᠬᠤᠮᠰᠢᠮ ᠪᠤᠰᠢᠰᠠᠳ᠋ᠣ᠎ᠠ

ᠯᠠᠮᠠ ᠬᠠᠷ᠎ᠠ ᠰᠦᠰᠦᠭᠲᠡᠳ ᠪᠤᠷᠬᠠᠨ ᠦ ᠨᠤᠮ ᠢ ᠬᠢᠴᠢᠶᠡᠩᠬᠦᠢᠯᠡᠨ ᠰᠤᠨᠤᠰᠴᠦ ᠪᠠᠢᠢᠭ᠎ᠠ ᠨᠢ

ᠠᠷᠪᠠᠨ ᠨᠢᠭᠡᠳᠦᠭᠡᠷ ᠲᠦᠷᠢ ᠵᠢᠨ ᠪᠠᠨᠴᠢᠨ ᠡᠷᠳᠡᠨᠢ ᠴᠤᠢᠢᠵᠢᠵᠠᠪ ᡁᠢ ᠶᠦᠨ ᠰᠸ ᠬᠡᠢᠢᠳ ᠲᠦ ᠮᠤᠷᠢᠯᠠᠨ ᠰᠠᠭᠠᠳᠠᠪᠠ

ᡁᠢ ᠶᠦᠨ ᠰᠸ ᠬᠡᠢᠢᠳ ᠲᠦ ᠪᠤᠷᠬᠠᠨ ᠱᠠᠰᠢᠨ ᠦ ᠲᠠᠭᠤᠤ ᠬᠦᠭᠵᠢᠮ ᠢ ᠲᠤᠭᠯᠠᠨ ᠦᠵᠡᠬᠦᠯᠵᠦ ᠪᠠᠢᠢᠭ᠎ᠠ ᠨᠢ

ᠵᠤᠬᠢᠶᠠᠭᠴᠢ᠄ ᠼᠠᠷᠠᠩᠴᠦᠮᠫᠸᠢ᠂ᠯᠢ ᠯᠢ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 568
ᠴᠠᠭ᠄ 2015 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁