ᠳᠠᠭᠤᠴᠢᠨ ᠰᠠᠷᠴᠢᠮ᠎ᠠ

ᠣᠠᠴᠠᠭᠠᠢ ᠡᠳᠦᠷ ᠢ ᠰᠤᠩᠭ᠋ᠤᠨ ᠬᠤᠷᠢᠮ ᠶᠢᠡᠨ ᠭᠢᠭᠦ ᠢᠨᠠᠭ ᠬᠤᠤᠰ ᠤᠳ ᠣᠯᠠᠮ ᠶᠢᠡᠷ ᠣᠯᠠᠰᠢᠷᠠᠵᠤ ᠪᠣᠢ ᠃ ᠮᠤᠩᠭ᠋ᠤᠯ ᠣᠯᠤᠰ ᠤᠨ ᠰᠤᠳᠤᠨ ᠳᠠᠭᠤᠴᠢᠨ ᠰᠠᠷᠴᠢᠮ᠎ᠠ 2010 ᠣᠨ ᠤ 1 ᠰᠠᠷ᠎ᠠ ᠶᠢᠨ 1  ᠦ ᠡᠳᠦᠷ ᠂ ᠪᠠᠭᠡᠵᠢᠩ ᠤᠨ ᠱᠠᠮᠪᠠᠯᠠ ᠵᠤᠴᠢᠤᠨ ᠪᠠᠭᠤᠳᠠᠯ ᠳᠤ ᠬᠤᠷᠢᠮ ᠶᠢᠡᠨ ᠭᠢᠭ᠍ᠰᠡᠨ ᠪᠠᠢ᠌ᠨ᠎ᠠ ᠃

ᠰᠠᠷᠴᠢᠮ᠎ᠠ ᠂ ᠮᠤᠩᠭ᠋ᠤᠯ ᠣᠯᠤᠰ ᠤᠨ ᠣᠯᠤᠰ ᠤᠨ ᠶ‍ᠡᠭᠡ ᠰᠤᠷᠭᠠᠭᠤᠯᠢ ᠶᠢ ᠳᠡᠭᠦᠰᠭᠡᠵᠡᠢ ᠃ ᠬᠠᠷᠠᠬᠠᠨ ᠪᠠᠭ᠎ᠠ ᠡᠴᠡ ᠪᠠᠨ ᠡᠷᠡᠤ ᠬᠤᠭᠤᠷ ᠰᠤᠷᠴᠤ ᠂ 15 ᠨᠠᠰᠤᠳᠠᠢ ᠳᠠᠭᠠᠨ ᠮᠤᠩᠭ᠋ᠤᠯ ᠣᠯᠤᠰ ᠤᠨ ᠭᠡᠦᠭᠡᠤᠨ ᠤᠨ ᠳᠠᠭᠤᠤ ᠶᠢᠨ ᠣᠷᠤᠯᠳᠤᠭᠠᠨ ᠳᠤ ᠠᠯᠳᠠᠨ ᠮᠸᠲ᠋ᠠᠯ ᠣᠯᠵᠤ ᠂ ᠬᠤᠵᠢᠮ ᠨᠢ ︽ ᠳᠤᠢᠷᠪᠠᠨ ᠣᠢᠭᠢᠨ ︾ ᠬᠠᠮᠳᠤᠯᠢᠭ ᠢ ᠪᠠᠢ᠌ᠭᠤᠯᠵᠤ ᠂ 1999 ᠣᠨ ᠡᠴᠡ ᠡᠭᠢᠯᠡᠨ ᠭᠤᠴᠤᠯᠠᠨ ᠳᠠᠭᠤᠯᠠᠬᠤ ᠪᠣᠯᠪᠠ ᠃ ᠣᠷᠢᠤᠨ ᠬᠤᠵᠢᠤᠨ ᠳᠤᠮᠳᠠᠳᠤ ᠣᠯᠤᠰ ᠂ ᠠᠤᠢᠰᠲ᠋ᠷᠢᠶ᠎ᠠ ᠂ ᠠᠮᠸᠷᠢᠺᠠ ᠂ ᠪᠧᠯᠭᠢ ᠂ ᠣᠷᠤᠰ ᠵᠡᠷᠭᠡ ᠣᠯᠤᠰ ᠲᠤ ᠺᠤᠠᠼᠸᠷᠲ᠋ ᠶᠢᠡᠨ ᠭᠢᠵᠤ ᠰᠤᠨᠤᠰᠤᠭᠴᠢᠤᠨ ᠤᠨ ᠬᠠᠯᠠᠭᠤᠨ ᠭᠦᠷᠢᠶ‍ᠡᠯᠡᠯ ᠢ ᠣᠯᠤᠭᠰᠠᠨ ᠪᠠᠢ᠌ᠨ᠎ᠠ ᠃ ᠮᠤᠩᠭ᠋ᠤᠯ ᠣᠯᠤᠰ ᠤᠨ ︽ ᠠᠯᠳᠠᠨ ᠮᠢᠺᠷᠤᠹᠤᠨ ᠴᠤᠮᠤ ︾ ᠳᠠᠭᠤᠴᠢᠤᠨ ᠤᠨ ᠣᠷᠤᠯᠳᠤᠭᠠᠨ ᠤ ᠠᠯᠳᠠᠨ ᠮᠸᠲ᠋ᠠᠯ ᠂ ᠳᠤᠮᠳᠠᠳᠤ ᠣᠯᠤᠰ ᠤᠨ ᠱᠠᠩᠬᠠᠢ ᠶᠢᠨ ᠣᠯᠠᠨ ᠣᠯᠤᠰ ᠤᠨ ᠺᠤᠠᠼᠸᠷᠲ᠋ ᠤᠨ ᠰᠢᠯᠢᠳᠡᠭ᠌ ᠱᠠᠩᠨᠠᠯ ᠂ ᠣᠷᠤᠰ ᠤᠨ ᠰᠢᠨ᠎ᠠ ᠵᠢᠯ ᠤᠨ ᠳᠠᠭᠤᠤ ᠭᠦᠭ᠍ᠵᠢᠮ ᠤᠨ ᠥᠳᠡᠰᠢᠯᠡᠭᠡ ᠶᠢᠨ ᠠᠯᠳᠠᠨ ᠮᠸᠲ᠋ᠠᠯ ᠵᠡᠷᠭᠡ ᠶᠢ ᠣᠯᠵᠤ ᠂ ᠮᠤᠩᠭ᠋ᠤᠯ ᠣᠯᠤᠰ ᠤᠨ ᠭᠦᠳᠡᠯᠮᠦᠷᠢ ᠶᠢᠨ ᠵᠢᠱᠢᠶ‍ᠠᠴᠢ ᠂ ᠮᠤᠩᠭ᠋ᠤᠯ ᠣᠯᠤᠰ ᠤᠨ ᠭᠠᠪᠢᠶ‍ᠠᠳᠤ ᠵᠥᠴᠦᠭᠡᠴᠢᠨ ᠴᠤᠯᠠ ᠭᠦᠷᠳᠡᠵᠡᠢ ᠃ ᠳᠡᠭᠦᠨ ᠤ ᠳᠠᠭᠤᠯᠠᠭᠰᠠᠨ ︽ ᠵᠡᠭᠦᠳᠤᠨ ᠳᠤ ᠢᠷᠡᠳᠡᠭ᠌ ᠠᠩᠭᠢᠷᠬᠠᠨ ᠡᠵᠢ ︾ ᠂ ︽ ᠰᠠᠤᠠᠭᠢᠯ ᠤᠨ ᠥᠭᠡ ︾ ᠵᠡᠷᠭᠡ ᠳᠠᠭᠤᠤ ᠨᠢ ᠣᠢᠪᠣᠷ ᠮᠤᠩᠭ᠋ᠤᠯ ᠳᠤ ᠥᠷᠭᠡᠨ ᠳᠡᠯᠭᠡᠷᠡᠭ᠍ᠰᠡᠨ ᠪᠠᠢ᠌ᠨ᠎ᠠ ᠃ ᠳᠠᠷᠠ ᠪᠠᠷ ᠣᠳᠤ ᠪᠠᠭᠡᠵᠢᠩ ᠤᠨ ᠭᠡᠯᠡᠨ ᠤ ᠰᠤᠷᠭᠠᠭᠤᠯᠢ ᠳᠤ ᠭᠢᠳᠠᠤᠨ ᠭᠡᠯᠡ ᠰᠤᠷᠴᠤ ᠪᠣᠢ ᠃

ᠰᠢᠨ᠎ᠠ ᠭᠦᠷᠭᠡᠨ ᠪᠠᠶ‍ᠠᠷ ᠨᠢ ᠣᠢᠪᠣᠷ ᠮᠤᠩᠭ᠋ᠤᠯ ᠤᠨ ᠭᠡᠰᠢᠭ᠍ᠳᠡᠨ ᠬᠤᠰᠢᠭᠤᠨ ᠤ ᠭᠦᠮᠤᠨ ᠂ ᠪᠠᠷᠢᠯᠭ᠎ᠠ ᠂ ᠠᠭᠤᠷᠬᠠᠢ ᠵᠡᠷᠭᠡ ᠰᠠᠯᠪᠣᠷᠢ ᠳᠤ ᠶ‍ᠡᠭᠡ ᠠᠮᠵᠢᠯᠳᠠ ᠲᠡᠶ ᠠᠵᠢᠯᠯᠠᠵᠤ ᠪᠣᠢ ᠃ 2009 ᠣᠨ ᠳᠤ ᠣᠢᠪᠣᠷ ᠮᠤᠩᠭ᠋ᠤᠯ ᠤᠨ ᠭᠡᠰᠢᠭ᠍ᠳᠡᠨ ᠬᠤᠰᠢᠭᠤᠨ ᠳᠤ ︽ ᠠᠪᠣ ᠶᠢᠨ ᠳᠠᠯ᠎ᠠ ᠡᠵᠢ ᠶᠢᠨ ᠮᠤᠢᠷᠠᠨ ︾ ᠭᠡᠰᠢᠭ᠍ᠳᠡᠨ ᠤ ᠮᠠᠯᠴᠢᠤᠨ ᠤᠨ ᠨᠠᠭᠠᠳᠤᠮ ᠢ ᠬᠤᠪᠢ ᠪᠠᠷ ᠶᠢᠡᠨ ᠡᠷᠭᠢᠯᠡᠭᠡᠤᠨ ᠰᠠᠷᠴᠢᠮ᠎ᠠ ᠵᠡᠷᠭᠡ ᠳᠤᠭᠯᠠᠭᠴᠢᠤᠨ ᠢ ᠣᠷᠢᠭᠰᠠᠨ ᠪᠠᠢ᠌ᠨ᠎ᠠ ᠃ ᠡᠨᠡ ᠭᠦ ᠨᠠᠭᠠᠳᠤᠮ ᠳᠤ ᠰᠠᠷᠴᠢᠮ᠎ᠠ ᠪᠠᠶ‍ᠠᠷ ᠬᠤᠶ‍ᠠᠭᠤᠯᠠ ᠳᠠᠨᠢᠯᠴᠠᠵᠤ ᠂ ᠮᠤᠢᠨ ᠴᠠᠭᠠᠰᠢᠳᠠ ᠣᠷᠤᠭ ᠭᠡᠷ ᠪᠦᠯᠢ ᠪᠣᠯᠵᠠᠢ ᠃


ᠵᠤᠯ ᠵᠢᠷᠭᠠᠯ

ᠣᠷᠤᠭ ᠤᠨ ᠪᠦᠭᠡᠵᠢ ᠪᠠᠨ ᠰᠤᠯᠢᠯᠴᠠᠨ᠎ᠠ

ᠠᠷᠢᠭᠢ ᠪᠠᠷᠢᠨ᠎ᠠ

ᠬᠤᠷᠢᠮ ᠤᠨ ᠮᠠᠰᠢᠨ

ᠳᠦᠷᠭᠦᠮ ᠤᠨ ᠳᠠᠯ᠎ᠠ ᠶᠢᠨ ᠪᠠᠯᠡᠭ᠌

ᠰᠠᠷᠴᠢᠮ᠎ᠠ ᠭᠢᠭᠡᠤᠨ ︽ ᠳᠤᠢᠷᠪᠠᠨ ᠣᠢᠭᠢᠨ ︾ ᠬᠠᠮᠳᠤᠯᠢᠭ

ᠭᠦᠭ᠌ ᠨᠠᠮᠠᠨ᠎ᠠ

ᠰᠠᠷᠴᠢᠮ᠎ᠠ

ᠵᠤᠬᠢᠶᠠᠭᠴᠢ᠄ ᠢᠩᠭᠡᠷ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 439
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁