ᠬᠠᠩᠬᠢᠨ ᠬᠡᠥᠬᠡᠳ ᠦᠨ ᠴᠡᠩᠬᠡᠯ ᠦᠨ ᠤᠷᠳᠤᠨ
ᠦᠪᠦᠷ ᠮᠤᠩᠭ᠋ᠤᠯ ᠦᠨ ᠬᠠᠩᠬᠢᠨ ᠬᠤᠰᠢᠭᠤᠨ ᠦ ᠮᠤᠩᠭ᠋ᠤᠯ ᠦᠨᠳᠦᠰᠦᠲᠡᠨ ᠦ ᠬᠡᠥᠬᠡᠳ ᠦᠨ ᠴᠡᠴᠡᠷᠯᠢᠭ᠌ ᠢ ᠲᠡᠮᠳᠡᠭᠯᠡᠪᠡ

ᠤᠷᠳᠤᠰ ᠬᠤᠳᠠ ᠵᠢᠨ ᠬᠠᠩᠬᠢᠨ ᠬᠤᠰᠢᠭᠤᠨ ᠦ ᠬᠡᠥᠬᠡᠳ ᠦᠨ ᠴᠡᠴᠡᠷᠯᠢᠭ᠌1981ᠤᠨ ᠳᠦ ᠪᠠᠢᠢᠭᠤᠯᠤᠭᠳᠠᠪᠠ᠃ ᠴᠡᠴᠡᠷᠯᠢᠭ᠌ ᠦᠨ ᠬᠦᠷᠢᠶᠡᠨ ᠳᠡᠬᠡᠨ ᠲᠡᠷᠢᠬᠦᠨ ᠦ ᠲᠤᠨᠤᠭ ᠲᠦᠬᠦᠬᠡᠷᠦᠮᠵᠢ ᠲᠠᠢ ᠪᠦᠬᠡᠳ ᠤᠷᠴᠢᠨ ᠲᠤᠭᠤᠷᠢᠨ ᠨᠢ ᠭᠤᠢᠢᠳᠠ ᠰᠠᠢᠢᠬᠠᠨ ᠪᠠᠢᠢᠵᠦ᠂ᠦᠪᠡᠷᠲᠡᠭᠡᠨ ᠵᠠᠰᠠᠬᠤ ᠤᠷᠤᠨ ᠦ ᠨᠢᠬᠡᠳᠦᠬᠡᠷ ᠲᠡᠰ ᠦᠨ ᠬᠦᠬᠡ ᠲᠦᠷᠦᠯ ᠦᠨ ᠬᠡᠥᠬᠡᠳ ᠦᠨ ᠴᠡᠴᠡᠷᠯᠢᠭ᠌᠂ᠬᠤᠳᠠ ᠵᠢᠨ ᠲᠡᠰ ᠦᠨ ᠵᠢᠱᠢᠶ᠎ᠠ ᠦᠵᠡᠬᠦᠯᠬᠦ ᠬᠡᠥᠬᠡᠳ ᠦᠨ ᠴᠡᠴᠡᠷᠯᠢᠭ᠌ ᠪᠤᠯᠤᠨ᠎ᠠ᠃

ᠴᠡᠴᠡᠷᠯᠢᠭ᠌ ᠦᠨ ᠲᠠᠷᠤᠭ᠎ᠠ ᠪᠤᠶᠠᠨᠳᠠᠯᠠᠢ᠄《ᠮᠠᠨ ᠦ ᠴᠡᠴᠡᠷᠯᠢᠭ〈ᠬᠦᠮᠦᠨ ᠵᠢᠡᠷ ᠦᠨᠳᠦᠰᠦ ᠪᠤᠯᠭᠠᠬᠤ᠂ᠶᠤᠰᠤ ᠮᠤᠷᠠᠯ ᠵᠢᠡᠷ ᠴᠡᠴᠡᠷᠯᠢᠭ᠌ ᠵᠢᠡᠨ ᠵᠠᠰᠠᠬᠤ〉ᠰᠤᠷᠭᠠᠨ ᠬᠦᠮᠦᠵᠢᠯ ᠡᠷᠬᠢᠯᠡᠬᠦ ᠤᠢᠢᠯᠠᠭᠠᠭᠳᠠᠬᠤᠨ ᠢ ᠪᠠᠷᠢᠮᠳᠠᠯᠠᠵᠦ᠂ᠲᠤᠳᠤᠭᠠᠳᠦ ᠳᠦ ᠪᠠᠨ ᠬᠠᠮᠢᠶᠠᠷᠤᠯᠲᠠ ᠵᠢ ᠠᠳᠬᠤᠨ᠂ᠭᠠᠳᠠᠭᠰᠢ ᠪᠠᠨ ᠰᠠᠢᠢᠨ ᠰᠠᠢᠢᠬᠠᠨ ᠲᠦᠷᠢ ᠲᠦᠷᠬᠦ ᠪᠠᠨ ᠢᠯᠡᠷᠡᠬᠦᠯᠬᠦ ᠵᠢ ᠡᠷᠬᠢᠮᠯᠡᠵᠦ᠂ᠪᠦᠬᠦ ᠠᠵᠢᠯᠲᠠᠨ ᠦ ᠴᠤᠴᠠᠰᠢ ᠦᠭᠡᠢ ᠴᠢᠷᠮᠠᠢᠢᠯᠠᠭ᠎ᠠ ᠪᠡᠷ ᠴᠡᠴᠡᠷᠯᠢᠭ᠌ ᠲᠦ ᠪᠠᠢᠢᠬᠤ ᠬᠡᠥᠬᠡᠳ ᠪᠠᠢᠢᠭᠤᠯᠤᠭᠳᠠᠬᠤ ᠦᠶ᠎ᠠ ᠵᠢᠨ 60 ᠭᠠᠷᠤᠢ ᠪᠠᠢᠢᠭᠰᠠᠨ ᠡᠴᠡ ᠪᠠᠨ ᠤᠳᠤ600 ᠭᠠᠷᠤᠢ ᠪᠤᠯᠤᠭᠰᠠᠨ ᠪᠠᠢᠢᠨ᠎ᠠ᠃ᠬᠡᠥᠬᠡᠳ ᠦᠨ ᠰᠤᠷᠭᠠᠨ ᠬᠦᠮᠦᠵᠢᠯ ᠦᠨ ᠲᠤᠰᠬᠠᠢ ᠮᠡᠷᠬᠡᠵᠢᠯ ᠦᠨ ᠴᠢᠳᠠᠪᠤᠷᠢ ᠪᠡᠷ ᠴᠢᠩᠭ᠋᠎ᠠ᠂ᠬᠡᠪ ᠴᠢᠨᠠᠷ ᠵᠢᠡᠷ ᠦᠨᠳᠦᠷ ᠪᠠᠭᠰᠢ ᠵᠢᠨ ᠡᠭᠨᠡᠭᠡ ᠲᠠᠢ ᠪᠤᠯᠤᠭᠰᠠᠨ ᠪᠠᠢᠢᠨ᠎ᠠ᠃ᠡᠭᠦᠨ ᠦ ᠬᠠᠮᠳᠦ ᠦᠷᠭᠡᠨ ᠤᠯᠠᠨ ᠬᠡᠷ ᠦᠨ ᠠᠬᠠᠮᠠᠳ ᠪᠠ ᠨᠡᠢᠢᠭᠡᠮ ᠦᠨ ᠡᠯ᠎ᠠ ᠡᠳᠡᠬᠡᠳ ᠦᠨ ᠬᠢᠨ ᠦ ᠨᠡᠢᠢᠳᠡᠮ ᠦᠨ ᠰᠠᠢᠢᠨ ᠦᠨᠡᠯᠡᠯᠲᠡ ᠵᠢ ᠤᠯᠵᠦ᠂ᠬᠤᠳᠠ ᠵᠢᠨ ᠲᠡᠰ ᠦᠨ ᠪᠤᠯᠪᠠᠰᠤᠨ ᠨᠢᠬᠡᠴᠢ ᠪᠠ ᠬᠡᠷ ᠦᠨ ᠠᠬᠠᠮᠠᠳ ᠦᠨ ᠰᠤᠷᠭᠠᠭᠤᠯᠢ᠂ᠤᠨᠴᠠᠯᠢᠭᠲᠦ ᠰᠤᠷᠭᠠᠨ ᠬᠦᠮᠦᠵᠢᠯ ᠦᠨ ᠬᠡᠥᠬᠡᠳ ᠦᠨ ᠴᠡᠴᠡᠷᠯᠢᠭ᠌ ᠵᠡᠷᠬᠡ ᠢᠷᠠᠭᠤ ᠠᠯᠳᠠᠷ ᠢ ᠬᠦᠷᠳᠡᠪᠡ》ᠭᠡᠵᠦ ᠲᠠᠨᠢᠯᠴᠠᠭᠤᠯᠪᠠ᠃

ᠴᠡᠴᠡᠷᠯᠢᠭ᠌ ᠦᠨ ᠰᠤᠷᠭᠠᠨ ᠬᠦᠮᠦᠵᠢᠯ ᠢ ᠬᠤᠪᠢᠶᠠᠨ ᠬᠠᠮᠢᠶᠠᠷᠴᠦ ᠪᠠᠢᠢᠭ᠎ᠠ ᠲᠡᠳ᠋ ᠲᠠᠷᠤᠭ᠎ᠠ ᠤᠳᠤᠨᠳᠤᠶᠠᠭ᠎ᠠ᠄《ᠰᠤᠷᠬᠤ ᠡᠴᠡ ᠡᠮᠦᠨᠡᠬᠢ ᠰᠤᠷᠭᠠᠨ ᠬᠦᠮᠦᠵᠢᠯ ᠦᠨ ᠠᠵᠢᠯ ᠦᠳᠲᠦᠷ ᠲᠦᠷᠭᠡᠨ ᠬᠦᠭᠵᠢᠭᠰᠡᠨ ᠪᠠ ᠬᠡᠷ ᠦᠨ ᠠᠬᠠᠮᠠᠳ ᠦᠨ ᠴᠢᠨᠠᠷᠯᠢᠭ ᠬᠦᠮᠦᠵᠢᠬᠦᠯᠦᠯ ᠦᠨ ᠲᠤᠯᠭᠠᠮ᠎ᠠ ᠬᠡᠷᠡᠭᠴᠡᠬᠡ ᠳᠦ ᠴᠢᠭ᠍ᠯᠡᠭᠦᠯᠦᠨ᠂ᠮᠠᠨ ᠦ ᠴᠡᠴᠡᠷᠯᠢᠭ᠌ ᠦᠵᠡᠯᠲᠡ ᠤᠢᠯᠠᠭᠠᠭᠳᠠᠬᠤᠨ ᠵᠢᠡᠨ ᠲᠠᠰᠤᠷᠤᠯᠲᠠ ᠦᠭᠡᠢ ᠰᠢᠨᠡᠴᠢᠯᠡᠵᠦ᠂ᠰᠤᠷᠬᠤ ᠨᠠᠰᠤᠨ ᠡᠴᠡ ᠡᠮᠦᠨᠡᠬᠢ ᠰᠤᠷᠭᠠᠨ ᠬᠦᠮᠦᠵᠢᠯ ᠦᠨ ᠲᠤᠬᠠᠢ ᠤᠯᠤᠰ ᠦᠨ ᠲᠤᠳᠤᠭᠠᠳᠦ ᠭᠠᠳᠠᠭᠠᠳᠦ ᠵᠢᠨ ᠬᠠᠮᠤᠭ ᠦᠨ ᠰᠢᠨ᠎ᠠ ᠤᠢᠢᠯᠠᠭᠠᠭᠳᠠᠬᠤᠨ ᠢ ᠰᠢᠩᠭᠡᠭᠡᠨ ᠠᠪᠴᠦ᠂ᠮᠤᠩᠭ᠋ᠤᠯ ᠬᠡᠥᠬᠡᠳ ᠦᠨ ᠪᠡᠶ᠎ᠠ ᠰᠡᠳᠭᠢᠴᠡ ᠵᠢᠨ ᠬᠦᠭᠵᠢᠯᠲᠡ ᠵᠢᠨ ᠵᠢᠮ᠎ᠠ ᠶᠤᠰᠦ ᠵᠢ ᠢᠳᠡᠪᠬᠢᠲᠡᠢ ᠰᠦᠪᠡᠭ᠍ᠴᠢᠯᠡᠵᠦ᠂ᠬᠡᠥᠬᠡᠳ ᠦᠨ ᠡᠷᠡᠭᠦᠯ ᠵᠢᠡᠷ ᠪᠠᠶᠠᠷ ᠬᠦᠷ ᠲᠠᠢ ᠦᠰᠦᠨ ᠪᠤᠢᠢᠵᠢᠬᠤ ᠵᠢ ᠪᠠᠳᠤᠯᠠᠪᠠ᠃ᠡᠬᠦᠨ ᠡᠴᠡ ᠭᠠᠳᠠᠨ᠎ᠠ᠂ᠮᠤᠩᠭ᠋ᠤᠯ ᠦᠨᠳᠦᠰᠦᠲᠡᠨ ᠦ ᠲᠠᠭᠤᠤ ᠬᠦᠭᠵᠢᠮ᠂ᠪᠦᠵᠢᠭ᠌᠂ᠤᠷᠠᠨ ᠵᠢᠷᠤᠭ ᠵᠡᠷᠬᠡ ᠤᠷᠠᠯᠢᠭ ᠦᠨ ᠰᠤᠶᠤᠯ ᠦᠨ ᠡᠳ᠋ ᠪᠠᠶᠠᠯᠢᠭ ᠢ ᠬᠦᠢᠴᠡᠳ ᠠᠰᠢᠭᠯᠠᠨ᠂ᠵᠢᠭᠠᠨ ᠰᠤᠷᠭᠠᠬᠤ ᠠᠭᠤᠯᠭ᠎ᠠ ᠪᠠᠨ ᠪᠠᠶᠠᠯᠢᠭᠵᠢᠭᠤᠯᠵᠦ᠂ᠦᠨᠳᠦᠰᠦᠲᠡᠨ ᠦ ᠤᠨᠴᠠᠯᠢᠭ ᠵᠢᠡᠷ ᠦᠳᠭᠡᠨ ᠤᠷᠤᠨ ᠨᠤᠲᠤᠭ ᠦᠨ ᠬᠡᠥᠬᠡᠳ ᠦᠨ ᠴᠡᠴᠡᠷᠯᠢᠭ᠍ ᠢ ᠴᠢᠷᠮᠠᠢᠢᠨ ᠪᠠᠢᠢᠭᠤᠯᠵᠦ᠂ᠬᠡᠥᠬᠡᠳ ᠦᠨ ᠨᠠᠰᠤᠨ ᠲᠤᠷᠰᠢᠳᠠ ᠵᠢᠨ ᠬᠦᠭᠵᠢᠯᠲᠡ ᠳᠦ ᠪᠠᠳᠦ ᠪᠡᠬᠢ ᠰᠠᠭᠤᠷᠢ ᠵᠢ ᠲᠠᠯᠪᠢᠨ᠎ᠠ》ᠭᠡᠵᠦ ᠬᠡᠯᠡᠪᠡ᠃

ᠶᠡᠬᠡ ᠠᠩᠬᠢ ᠵᠢᠨ ᠠᠰᠠᠨ᠎ᠠ ᠵᠢᠨ ᠠᠬᠠᠮᠠᠳ ᠨᠠᠶᠠᠨᠳᠡᠯᠬᠡᠷ᠄《ᠬᠡᠥᠬᠡᠳ ᠴᠡᠴᠡᠷᠯᠢᠭ᠌ ᠲᠦ ᠪᠠᠨ ᠡᠷᠡᠭᠦᠯ ᠵᠢᠡᠷ ᠦᠰᠦᠨ ᠪᠤᠢᠢᠵᠢᠵᠦ ᠪᠠᠢᠢᠭ᠎ᠠ ᠳᠦ ᠪᠢᠳᠠ ᠰᠠᠨᠠᠭ᠎ᠠ ᠠᠮᠤᠷ ᠪᠠᠢᠢᠨ᠎ᠠ᠃ᠪᠠᠭᠰᠢ ᠨᠠᠷ ᠲᠤᠢᠢᠯ ᠦᠨ ᠶᠡᠬᠡ ᠡᠨᠡᠷᠢᠩᠭᠦᠢ ᠰᠡᠳᠭᠢᠯ᠂ᠬᠦᠯᠢᠴᠡᠩᠭᠦᠢ ᠤᠪᠤᠷ ᠪᠠ ᠬᠠᠷᠢᠭᠤᠴᠠᠯᠭᠠᠳᠦ ᠰᠡᠳᠭᠢᠯᠭᠡ ᠪᠡᠷ ᠬᠡᠥᠬᠡᠳ ᠢ ᠬᠠᠢᠢᠷᠠᠯᠠᠨ ᠬᠠᠯᠠᠮᠵᠢᠯᠠᠵᠦ᠂ᠵᠤᠷᠢᠭᠵᠢᠭᠤᠯᠤᠨ ᠤᠷᠮᠠᠰᠢᠭᠤᠯᠵᠦ᠂ᠪᠠᠬᠠᠷᠬᠠᠨ ᠰᠠᠢᠢᠰᠢᠶᠠᠬᠤ᠂ᠤᠷᠤᠯᠴᠠᠭᠤᠯᠬᠤ ᠵᠡᠷᠬᠡ ᠬᠦᠮᠦᠵᠢᠯ ᠦᠨ ᠠᠷᠭ᠎ᠠ ᠪᠡᠷ ᠬᠡᠥᠬᠡᠳ ᠨᠢᠭᠡᠪᠦᠷᠢ ᠵᠢ ᠬᠠᠪᠰᠤᠷᠴᠦ ᠪᠠᠢᠢᠨ᠎ᠠ᠂ᠴᠡᠴᠡᠷᠯᠢᠭ᠌ ᠲᠦ ᠤᠴᠢᠬᠤ ᠶᠠᠪᠤᠳᠠᠯ ᠨᠢ ᠬᠡᠥᠬᠡᠳ ᠦᠨ ᠬᠠᠮᠤᠭ ᠦᠨ ᠪᠠᠶᠠᠷᠲᠠᠢ ᠶᠠᠪᠤᠳᠠᠯ ᠪᠤᠯᠤᠭᠰᠠᠨ ᠪᠠᠢᠢᠨ᠎ᠠ᠃ᠴᠡᠴᠡᠷᠯᠢᠭ᠌ ᠦᠨ ᠪᠠᠭᠰᠢ ᠨᠠᠷ ᠪᠢᠳᠡᠨ ᠲᠡᠢ ᠦᠷᠭᠦᠯᠵᠢ ᠪᠤᠳᠤᠯ ᠰᠠᠨᠠᠯ ᠵᠢᠡᠨ ᠨᠡᠪᠲᠡᠷᠡᠯᠴᠡᠵᠦ᠂ᠬᠡᠥᠬᠡᠳ ᠦᠨ ᠴᠡᠴᠡᠷᠯᠢᠭ᠌ ᠲᠦ ᠪᠠᠢᠢᠭ᠎ᠠ ᠪᠠᠢᠢᠳᠠᠯ ᠢ ᠡᠳᠦᠷ ᠪᠦᠷᠢ ᠪᠢᠳᠡᠨ ᠳᠦ ᠲᠠᠮᠵᠢᠭᠤᠯᠵᠦ᠂ᠬᠡᠥᠬᠡᠳ ᠦᠨ ᠵᠢᠡᠨ ᠪᠠᠶᠠᠯᠢᠭ ᠰᠠᠢᠢᠬᠠᠨ ᠠᠮᠢᠳᠤᠷᠠᠯ ᠢ ᠤᠢᠢᠯᠠᠭᠠᠬᠤ ᠳᠦ ᠲᠦᠭᠦᠮ ᠦᠵᠡᠭᠦᠯᠳᠡᠭ᠃ᠬᠡᠥᠬᠡᠳ ᠮᠠᠨᠢ ᠴᠡᠴᠡᠷᠯᠢᠭ᠌ ᠦᠨ ᠦᠨᠳᠦᠰᠦᠲᠡᠨ ᠦ ᠰᠤᠶᠤᠯ ᠦᠨ ᠬᠦᠨ ᠵᠤᠵᠠᠭᠠᠨ ᠨᠦᠯᠦᠬᠡᠯᠡᠯ ᠲᠤᠤᠷ᠎ᠠ ᠮᠤᠩᠭ᠋ᠤᠯ ᠬᠡᠯᠡᠨ ᠦ ᠦᠨᠳᠦᠰᠦᠨ ᠴᠢᠳᠠᠪᠤᠷᠢ ᠵᠢ ᠡᠵᠡᠮᠰᠢᠵᠦ᠂ᠮᠤᠩᠭ᠋ᠤᠯ ᠰᠤᠶᠤᠯ ᠦᠨ ᠦᠪᠡᠷᠮᠢᠴᠡ ᠷᠢᠳᠢ ᠰᠢᠳᠢ ᠵᠢ ᠠᠩᠬ᠎ᠠ ᠠᠯᠬᠤᠮ ᠤᠢᠢᠯᠠᠭᠠᠵᠦ᠂ᠬᠤᠢᠢᠰᠢᠳᠠ ᠵᠢᠨ ᠦᠰᠦᠨ ᠪᠤᠢᠢᠵᠢᠯᠲᠠ ᠳᠦ ᠰᠠᠭᠤᠷᠢ ᠲᠠᠯᠪᠢᠵᠦ ᠦᠭᠭᠦᠭᠰᠡᠨ ᠪᠠᠢᠢᠨ᠎ᠠ᠃《ᠦᠨᠳᠦᠰᠦᠲᠡᠨ ᠦ ᠬᠤᠸᠠᠷ ᠴᠡᠴᠡᠭ》 ᠢ ᠬᠦᠮᠦᠵᠢᠬᠦᠯᠵᠦ ᠪᠠᠢᠢᠭ᠎ᠠ ᠴᠡᠴᠡᠷᠯᠢᠭᠴᠢ ᠳᠦ ᠴᠢᠩ ᠰᠡᠳᠭᠢᠯ ᠡᠴᠡ ᠪᠠᠨ ᠲᠠᠯᠠᠷᠬᠠᠵᠦ ᠪᠠᠢᠢᠨ᠎ᠠ᠂ᠲᠡᠳᠡ ᠨᠠᠷ ᠦᠨ ᠰᠢᠷᠭᠠᠭᠤ ᠬᠦᠳᠡᠯᠮᠦᠷᠢ ᠳᠦ ᠲᠠᠯᠠᠷᠬᠠᠵᠦ ᠪᠠᠢᠢᠨ᠎ᠠ 》ᠭᠡᠵᠦ ᠬᠡᠯᠡᠵᠦ ᠪᠠᠢᠢᠯ᠎ᠠ᠃

ᠬᠠᠩᠬᠢᠨ ᠬᠤᠰᠢᠭᠤ《ᠴᠡᠩᠭᠡᠯ ᠦᠨ ᠤᠷᠳᠤᠨ》ᠮᠡᠳᠦ ᠬᠡᠥᠬᠡᠳ ᠦᠨ ᠴᠡᠴᠡᠷᠯᠢᠭ᠌ ᠲᠠᠢ ᠪᠠᠢᠬᠤ ᠨᠢ ᠡᠨᠳᠡ ᠪᠠᠢᠢᠭ᠎ᠠ ᠬᠡᠥᠬᠡᠳ ᠦᠨ ᠬᠤᠪᠢ ᠪᠤᠶᠠᠨ ᠪᠢᠯᠡ᠃


ᠬᠠᠩᠬᠢᠨ ᠬᠡᠥᠬᠡᠳ ᠦᠨ ᠴᠡᠴᠡᠷᠯᠢᠭ᠌


ᠪᠠᠭᠰᠢ ᠵᠢᠨ ᠵᠢᠡᠨ ᠵᠤᠬᠢᠶᠠᠭᠰᠠᠨ ᠨᠠᠭᠠᠳᠤᠮ ᠦᠨ ᠵᠦᠢᠯ ᠵᠢᠡᠷ ᠨᠠᠭᠠᠳᠤᠨ ᠴᠡᠩᠭᠡᠵᠦ ᠪᠤᠢ

ᠴᠡᠴᠡᠷᠯᠢᠭ᠌ ᠦᠨ ᠲᠠᠷᠤᠭ᠎ᠠ ᠪᠤᠶᠠᠨᠳᠠᠯᠠᠢ ᠤᠳᠤᠷᠢᠳᠤᠯᠭ᠎ᠠ ᠪᠠ ᠭᠡᠷ ᠦᠨ ᠠᠬᠠᠮᠠᠳ ᠲᠦ ᠠᠵᠢᠯ ᠮᠡᠳᠡᠭᠦᠯᠦᠨ᠎ᠠ

ᠪᠠᠭᠰᠢ ᠨᠠᠷ ᠬᠢᠴᠢᠶᠡᠯ ᠦᠨ ᠬᠡᠷ ᠵᠢᠡᠨ ᠵᠠᠰᠠᠨ ᠴᠢᠮᠡᠵᠦ ᠪᠤᠢ

ᠨᠠᠷᠢᠨ ᠬᠢᠨᠠᠮᠠᠭᠠᠢ ᠵᠢᠯᠤᠭᠤᠳᠤᠨ᠎ᠠ

ᠦᠷᠭᠦᠯᠵᠢ ᠵᠢᠭᠠᠨ ᠰᠤᠷᠭᠠᠯᠲᠠ ᠵᠢᠨ ᠲᠤᠷᠰᠢᠯᠭ᠎ᠠ ᠰᠤᠯᠢᠯᠴᠠᠳᠠᠭ
ᠮᠤᠩᠭ᠋ᠤᠯ ᠬᠤᠪᠴᠠᠰᠤᠨ ᠦ ᠤᠨᠴᠠᠯᠢᠭ ᠢ ᠲᠠᠢᠢᠯᠠᠪᠤᠷᠢᠯᠠᠨ᠎ᠠ

ᠵᠢᠭᠰᠠᠭᠠᠯ ᠳᠦ ᠤᠷᠤᠯᠴᠠᠬᠤ ᠪᠡᠷ ᠪᠡᠯᠡᠳᠭᠡᠵᠦ ᠪᠠᠢᠢᠭ᠎ᠠ ᠮᠤᠩᠭ᠋ᠤᠯ ᠵᠠᠩ ᠠᠭᠠᠯᠢ ᠵᠢᠨ ᠶᠤᠰᠤᠯᠠᠯ ᠦᠨ ᠡᠩᠨᠡᠭᠡ

ᠬᠠᠳᠠᠭ ᠪᠠᠷᠢᠬᠤ ᠶᠤᠰᠤ ᠵᠢ ᠵᠢᠭᠠᠵᠦ ᠪᠤᠢ

ᠵᠢᠷᠤᠭ ᠵᠢᠷᠤᠨ᠎ᠠ

ᠲᠦᠷᠦᠭᠰᠡᠨ ᠡᠳᠦᠷ ᠦᠨ ᠪᠠᠶᠠᠷ ᠲᠡᠮᠳᠡᠭᠯᠡᠵᠦ ᠪᠤᠢ

《ᠡᠯᠡᠰᠦ ᠵᠢ ᠵᠠᠰᠠᠮᠤᠢ》

ᠮᠤᠷᠢᠨ ᠬᠤᠭᠤᠷ ᠦᠨ ᠠᠩᠬᠢ

ᠬᠡᠥᠬᠡᠳ ᠲᠦ ᠲᠠᠪᠤᠨ ᠬᠤᠰᠢᠭᠤ ᠮᠠᠯ ᠢ ᠲᠠᠨᠢᠯᠴᠠᠭᠤᠯᠵᠦ ᠪᠤᠢ

ᠨᠠᠭᠠᠳᠤᠨ ᠴᠡᠩᠭᠡᠯᠳᠦᠨ᠎ᠠ

ᠪᠢᠴᠢᠬᠠᠨ ᠪᠦᠬᠡᠴᠢᠨ




ᠵᠤᠬᠢᠶᠠᠭᠴᠢ᠄ ᠲᠡᠮᠦᠷᠪᠠᠭᠠᠨ᠎ᠠ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 346
ᠴᠠᠭ᠄ 2015 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁