☆ ᠵᠠᠭᠤᠨᠨᠠᠮᠤᠷ᠂ᠪᠠᠶᠠᠷ
ᠮᠤᠩᠭ᠋ᠤᠯ ᠡᠮᠨᠡᠯᠭᠡ ᠵᠢᠨ ᠶᠠᠰᠦ ᠪᠠᠷᠢᠬᠤ ᠵᠠᠰᠠᠯ
ᠮᠤᠩ᠋ᠭᠤᠯ ᠡᠮᠨᠡᠯᠭᠡ ᠵᠢᠨ ᠶᠠᠰᠦ ᠪᠠᠷᠢᠬᠤ ᠵᠠᠰᠠᠯ ᠨᠢ ᠪᠦᠬᠡ ᠵᠢᠨ ᠱᠠᠰᠢᠨ ᠡᠴᠡ ᠡᠭᠦᠰᠦᠯ ᠲᠠᠢ᠂ᠨᠡᠭᠦᠳᠡᠯ ᠮᠠᠯᠵᠢᠯ ᠡᠴᠡ ᠦᠨᠳᠦᠰᠦ ᠲᠠᠢ ᠪᠦᠬᠡᠳ ᠭᠤᠤᠯᠳᠠᠭᠤ ᠬᠤᠷᠴᠢᠨ ᠨᠤᠲᠤᠭ ᠲᠦ ᠬᠦᠭᠵᠢᠨ ᠲᠡᠯᠭᠡᠷᠡᠵᠡᠢ᠃ ᠮᠤᠩ᠋ᠭᠤᠯ ᠦᠨᠳᠦᠰᠦᠲᠡᠨ ᠦᠨᠢ ᠡᠷᠲᠡᠨ ᠡᠴᠡ ᠬᠦᠢᠳᠡᠨ ᠨᠤᠢᠢᠲᠠᠨ᠂ᠮᠦᠰᠦ ᠴᠠᠰᠦ ᠶᠡᠬᠡᠲᠡᠢ ᠤᠷᠴᠢᠨ ᠳᠦ ᠠᠮᠢᠳᠤᠷᠠᠳᠠᠭ ᠮᠦᠷᠳᠡᠭᠡᠨ ᠠᠩᠨᠠᠯ᠂ᠮᠠᠯᠵᠢᠯ᠂ᠲᠠᠢᠢᠨ ᠪᠠᠢᠢᠯᠳᠤᠭᠠᠨ ᠳᠦ ᠶᠠᠪᠤᠬᠤ ᠳᠦ ᠪᠠᠨ ᠮᠤᠷᠢᠨ ᠡᠴᠡ ᠪᠠᠨ ᠤᠢᠢᠴᠢᠵᠦ ᠶᠡᠰᠦ ᠪᠡᠷᠲᠡᠬᠦ ᠶᠠᠪᠤᠳᠠᠯ ᠤᠯᠠᠨᠲᠠ ᠤᠬᠢᠶᠠᠯᠳᠤᠳᠠᠭ ᠪᠤᠯᠬᠤᠷ ᠶᠠᠰᠤ ᠪᠠᠷᠢᠬᠤ ᠵᠠᠰᠠᠯ ᠠᠶᠠᠨᠳᠠᠭᠠᠨ ᠡᠭᠦᠰᠴᠦ ᠬᠦᠭᠵᠢᠭᠰᠡᠨ ᠠᠵᠠᠢ᠃ ᠮᠤᠩ᠋ᠭᠤᠯᠴᠤᠳ ᠠᠩ ᠬᠦᠷᠦᠭᠡᠨ ᠳᠦ ᠶᠠᠪᠤᠬᠤ ᠪᠠ ᠲᠠᠪᠤᠨ ᠬᠤᠰᠢᠭᠤ ᠮᠠᠯ ᠵᠢᠡᠨ ᠬᠡᠷᠰᠢᠬᠦᠯᠦᠨ ᠲᠡᠵᠢᠭᠡᠬᠦ ᠳᠦ ᠪᠠᠨ ᠮᠠᠯ ᠠᠮᠢᠲᠠᠳ ᠦᠨ ᠪᠡᠷᠲᠡᠭᠰᠡᠨ ᠶᠠᠰᠦ ᠬᠡᠷᠬᠢᠨ ᠠᠶᠠᠨᠳᠠᠭᠠᠨ ᠢᠯᠡᠷᠢᠰᠢᠨ ᠡᠳᠡᠭᠡᠬᠦ ᠵᠢ ᠤᠷᠲᠦ ᠬᠤᠭᠤᠴᠠᠭ᠎ᠠ ᠪᠡᠷ ᠠᠵᠢᠭᠯᠠᠨ ᠠᠩᠬᠠᠷᠳᠠᠭ ᠪᠠᠢᠢᠭᠰᠠᠨ ᠪᠠ ᠦᠪᠡᠷᠰᠡᠳ ᠵᠢᠡᠨ ᠠᠳᠤᠭᠤ ᠮᠠᠯ ᠦᠨ ᠵᠢᠡᠨ ᠪᠡᠷᠳᠡᠭᠰᠡᠨ ᠶᠠᠰᠦ ᠵᠢ ᠪᠠᠷᠢᠵᠦ ᠡᠳᠡᠭᠡᠭᠡᠵᠦ ᠦᠭᠳᠡᠭ ᠪᠠᠢᠢᠭᠰᠠᠨ ᠨᠢ ᠮᠤᠩ᠋ᠭᠤᠯ ᠡᠮᠨᠡᠯᠭᠡ ᠵᠢᠨ ᠶᠠᠰᠦ ᠪᠠᠷᠢᠬᠤ ᠵᠠᠰᠠᠯ ᠦᠨ ᠡ ᠭᠦᠰᠴᠦ ᠬᠦᠭᠵᠢᠬᠦ ᠵᠢᠨ ᠬᠦᠷᠦᠰᠦ ᠰᠢᠷᠤᠢ ᠪᠤᠯᠤᠭᠰᠠᠨ ᠪᠠᠢᠢᠨ᠎ᠠ᠃ ᠮᠤᠩ᠋ᠭᠤᠯᠴᠤᠳ ᠦᠨ ᠪᠦᠬᠡ ᠵᠢᠨ ᠱᠠᠰᠢᠨ ᠵᠢᠴᠢ ᠲᠦᠪᠡᠳ ᠤᠯᠠᠮᠵᠢᠯᠠᠯᠲᠦ ᠪᠤᠷᠬᠠᠨ ᠱᠠᠰᠢᠨ ᠦ ᠱᠤᠶᠤᠯ ᠦᠨ ᠠᠭᠤᠰᠤᠯᠴᠠᠯ᠂ᠬᠢᠳᠠᠳ ᠦᠨ ᠪᠤᠮᠪᠠ ᠵᠢᠨ ᠰᠤᠷᠭᠠᠯ ᠪᠠ ᠪᠢᠴᠢᠭ᠌ ᠦᠨ ᠰᠤᠷᠭᠠᠯ ᠦᠨ ᠦᠵᠡᠯ ᠰᠠᠨᠠᠭᠠᠨ ᠦ ᠨᠠᠪᠴᠢᠯᠲᠠ ᠵᠡᠷᠭᠡ ᠵᠢ ᠮᠤᠩ᠋ᠭᠤᠯ ᠡᠮᠨᠡᠯᠭᠡ ᠵᠢᠨ ᠶᠠᠰᠦ ᠪᠠᠷᠢᠬᠤ ᠵᠠᠰᠠᠯ ᠳᠦ ᠶᠠᠪᠤᠭᠠᠨ ᠳᠦ ᠪᠠᠨ ᠲᠡᠭᠦᠯᠳᠡᠷᠵᠢᠬᠦᠯᠬᠦ ᠦᠢᠯᠡᠳᠦᠯ ᠦᠵᠡᠭᠦᠯᠦᠭᠦᠰᠡᠨ ᠶᠤᠮ᠃
《ᠶᠠᠰᠦ ᠪᠡᠷᠳᠡᠯ ᠨᠢ ᠰᠢᠷᠬ᠎ᠠ ᠡᠴᠡ ᠪᠢᠰᠢ ᠡᠪᠡᠳᠴᠢᠨ ᠪᠤᠰᠤ》ᠭᠡᠰᠡᠨ ᠲᠠᠨᠢᠯᠲᠠ ᠳᠦ ᠰᠠᠭᠤᠷᠢᠯᠠᠭᠰᠠᠨ ᠮᠤᠩ᠋ᠭᠤᠯ ᠡᠮᠨᠡᠯᠬᠡ ᠵᠢᠨ ᠶᠠᠰᠦ ᠪᠠᠷᠢᠬᠤ ᠵᠠᠰᠠᠯ ᠨᠢ᠄ᠶᠠᠰᠦ ᠪᠡᠷᠳᠡᠯ ᠨᠢ ᠬᠦᠮᠦᠨ ᠦ ᠪᠡᠶ᠎ᠠ ᠵᠢᠨ ᠲᠡᠩᠴᠡᠭᠦᠷᠢ᠂ᠪᠡᠶ᠎ᠠ ᠴᠤᠭᠴᠠ ᠵᠢᠨ ᠦᠷᠭᠦᠯᠵᠢ ᠪᠦᠳᠦᠴᠡ᠂ᠪᠦᠷᠢᠨ ᠪᠦᠳᠦᠨ ᠴᠢᠳᠠᠪᠤᠷᠢ ᠵᠢ ᠨᠢ ᠡᠪᠳᠡᠭᠰᠡᠨ ᠡᠴᠡ ᠪᠤᠯᠤᠯ᠎ᠠ ᠬᠡᠮᠡᠨ ᠦᠵᠡᠳᠡᠭ᠃ᠶᠠᠰᠤᠨ ᠰᠢᠷᠬ᠎ᠠ᠂ᠶᠠᠰᠤᠨ ᠦ ᠪᠡᠷᠲᠡᠯ ᠢ ᠵᠠᠰᠠᠬᠤ ᠵᠢᠨ ᠬᠠᠮᠤᠭ ᠦᠨ ᠲᠡᠭᠡᠳᠦ ᠠᠷᠭ᠎ᠠ ᠨᠢ ᠪᠤᠯ ᠬᠦᠮᠦᠨ ᠦ ᠪᠡᠶ᠎ᠠ ᠵᠢᠨ《ᠪᠡᠶ᠎ᠠ ᠰᠡᠳᠭᠢᠯ ᠦᠨ ᠨᠢᠭᠡᠳᠦᠯ》《ᠪᠠᠢᠢᠭᠠᠯᠢ ᠬᠦᠮᠦᠨ ᠦ ᠨᠢᠭᠡᠳᠦᠯ》 ᠢ ᠨᠢ ᠰᠡᠷᠭᠦᠭᠡᠬᠦ ᠪᠠ ᠲᠠᠬᠢᠨ ᠪᠠᠢᠢᠭᠤᠯᠬᠤ᠂ᠪᠡᠷᠲᠡᠭᠰᠡᠨ ᠬᠰᠡᠭ ᠦᠨ《ᠦᠷᠭᠦᠯᠵᠢ ᠪᠦᠳᠦᠴᠡ》ᠪᠤᠯᠤᠨ《ᠪᠦᠷᠢᠨ ᠪᠦᠳᠦᠨ ᠴᠢᠳᠠᠪᠤᠷᠢ 》ᠵᠢ ᠨᠢ ᠵᠠᠰᠠᠨ ᠰᠡᠷᠭᠦᠭᠡᠬᠦ ᠪᠠ ᠠᠨᠠᠭᠠᠬᠤ ᠶᠠᠪᠤᠳᠠᠯ ᠶᠤᠮ᠃
ᠠᠷᠢᠬᠢ ᠰᠦᠷᠴᠢᠵᠦ ᠰᠢᠪᠳᠤᠷᠠᠬᠤ ᠵᠠᠰᠠᠯ ᠪᠤᠯ ᠮᠤᠩ᠋ᠭᠤᠯ ᠡᠮᠨᠡᠯᠬᠡ ᠵᠢᠨ ᠶᠠᠰᠦ ᠪᠠᠷᠢᠬᠤ ᠵᠠᠰᠠᠯ ᠳᠦ ᠯᠡ ᠪᠠᠢᠢᠳᠠᠭ ᠨᠢᠭᠡ ᠵᠦᠢᠯ ᠦᠨ ᠦᠪᠡᠷᠮᠢᠴᠠ ᠹᠢᠽᠢᠤᠯᠤᠬᠢ ᠰᠡᠳᠭᠢᠴᠡ ᠵᠢᠨ ᠡᠮᠴᠢᠯᠡᠭᠡᠨ ᠦ ᠵᠠᠰᠠᠯ ᠶᠤᠮ᠃ᠠᠷᠢᠬᠢ ᠰᠦᠷᠴᠢᠬᠦ ᠪᠡᠷ ᠰᠢᠷᠬᠠᠳᠠᠨ ᠦ ᠲᠠᠭᠤ ᠠᠯᠳᠠᠬᠤ ᠨᠢ ᠴᠢᠬᠢᠨ᠎ᠠ ᠠᠶᠠᠲᠠᠢ ᠪᠦᠬᠡᠳ ᠤᠢᠢᠯᠠᠭᠠᠭᠳᠠᠰᠢ ᠦᠭᠡᠢ ᠤᠴᠢᠷ ᠪᠢᠳᠠᠬᠦᠯᠢᠭ᠌ ᠪᠠᠢᠢᠳᠠᠭ᠂ᠠᠷᠠᠳ ᠦᠨ ᠲᠤᠮᠳᠠ ᠴᠦ ᠡᠨᠡ ᠲᠤᠬᠠᠢ ᠮᠠᠰᠢ ᠤᠯᠠᠨ ᠦᠯᠢᠭᠡᠷ ᠲᠤᠮᠤᠭ ᠶᠠᠷᠢᠭᠳᠠᠵᠦ ᠪᠠᠢᠢᠳᠠᠭ ᠪᠢᠯᠡ᠃ᠤᠳᠤ ᠦᠶ᠎ᠠ ᠵᠢᠨ ᠹᠢᠽᠢᠤᠯᠤᠬᠢ ᠰᠡᠳᠭᠢᠴᠡ᠂ᠠᠮᠢᠳᠤ ᠪᠤᠳᠠᠰ ᠦᠨ ᠬᠦᠮᠦᠨ ᠦ ᠤᠬᠠᠭᠠᠨ ᠦ ᠤᠭ ᠦᠨᠳᠦᠰᠦᠯᠡᠯ ᠵᠢᠡᠷ ᠪᠤᠯ ᠠᠮᠠ ᠪᠡᠷ ᠲᠦᠷᠭᠡᠨ ᠰᠦᠷᠴᠢᠭᠳᠡᠭᠰᠡᠨ ᠮᠠᠨᠠᠴᠢᠷ ᠬᠡᠯᠪᠡᠷᠢ ᠵᠢᠨ 《ᠠᠷᠢᠬᠢᠨ ᠦ ᠠᠭᠤᠷ》ᠨᠢ ᠬᠠᠯᠠᠭᠤᠨ ᠢ ᠰᠠᠷᠨᠢᠭᠤᠯᠬᠤ ᠦᠷ᠎ᠠ ᠦᠢᠯᠡᠳᠦᠯ ᠲᠠᠢ᠃ᠡᠨᠡ ᠨᠢ ᠶᠠᠭ ᠶᠠᠰᠦ ᠪᠡᠷᠲᠡᠭᠡᠳ ᠬᠠᠯᠠᠭᠤᠷᠠᠵᠦ᠂ᠬᠠᠪᠤᠳᠴᠦ᠂ᠡᠪᠡᠳᠴᠦ ᠪᠠᠢᠢᠭ᠎ᠠ ᠬᠡᠰᠡᠭ ᠦᠨ ᠬᠠᠯᠠᠭᠤᠨ ᠢ ᠭᠱᠠᠨ ᠵᠠᠭᠤᠷ᠎ᠠ ᠳᠦ ᠰᠠᠷᠨᠢᠭᠤᠯᠬᠤ᠂ᠬᠠᠪᠤᠳᠠᠷ ᠢ ᠬᠠᠷᠢᠭᠤᠯᠬᠤ᠂ᠡᠪᠡᠳᠬᠦ ᠵᠢ ᠵᠤᠭᠰᠤᠭᠠᠬᠤ ᠦᠢᠯᠡᠳᠦᠯ ᠦᠵᠡᠭᠦᠯᠳᠡᠭ᠃ᠶᠠᠰᠦ ᠪᠡᠷᠳᠡᠭᠰᠡᠨ ᠬᠡᠰᠡᠭ ᠦᠨ ᠲᠤᠭᠤᠷᠢᠨ ᠦ ᠪᠤᠯᠴᠢᠩ᠂ᠰᠢᠷᠪᠦᠰᠦ᠂ᠠᠷᠠᠰᠦ ᠲᠡᠭᠡᠷ᠎ᠠ ᠰᠦᠷᠴᠢᠭᠳᠡᠭᠰᠡᠨ ᠠᠷᠢᠬᠢᠨ ᠦ ᠹᠠᠺᠲ᠋ᠤᠷ ᠨᠢ ᠰᠢᠪᠳᠤᠷᠠᠬᠤ ᠢᠯᠢᠬᠦ ᠪᠡᠷ ᠲᠠᠮᠵᠢᠨ ᠨᠡᠪᠴᠢᠵᠦ ᠤᠷᠤᠭᠠᠳ ᠲᠤᠭᠤᠷᠢᠨ ᠦ ᠪᠡᠯᠡᠳᠭᠡᠯ《ᠴᠢᠰᠤᠨ ᠰᠤᠳᠠᠯ》ᠬᠢᠬᠡᠳ《ᠮᠡᠳᠡᠷᠡᠯ》 ᠢ ᠢᠳᠡᠪᠬᠢᠵᠢᠬᠦᠯᠳᠡᠭ᠃ᠡᠳᠡᠭᠡᠷ ᠪᠡᠯᠡᠳᠬᠡᠯ ᠴᠢᠰᠤᠨ ᠰᠤᠳᠠᠯ ᠵᠢᠴᠢ ᠮᠡᠳᠡᠷᠡᠯ ᠦᠨ ᠬᠤᠭᠤᠷᠤᠨᠳᠠᠬᠢ ᠨᠢᠬᠡ ᠨᠢᠬᠡᠨ ᠵᠢᠡᠨ ᠢᠳᠡᠪᠬᠢᠵᠢᠬᠦᠯᠬᠦ ᠨᠢᠬᠡ ᠨᠢᠭᠡᠨ ᠵᠢᠡᠨ ᠨᠦᠯᠦᠭᠡᠯᠡᠬᠦ ᠦᠢᠯᠡᠳᠦᠯ ᠨᠢ ᠬᠦᠮᠦᠨ ᠦ ᠪᠡᠶ᠎ᠠ ᠵᠢᠨ ᠮᠡᠳᠡᠷᠡᠯ ᠦᠨ《ᠬᠤᠷᠳᠤᠨ ᠵᠠᠮ》ᠵᠡᠷ ᠲᠠᠮᠵᠢᠨ ᠶᠡᠬᠡ ᠲᠠᠷᠢᠬᠢᠨ ᠦ ᠮᠡᠳᠡᠷᠡᠯ ᠦᠨ ᠰᠢᠰᠲ᠋ᠧᠮ ᠳᠦ ᠤᠯᠠᠮᠵᠢᠯᠠᠭᠳᠠᠨ ᠬᠦᠷᠴᠦ᠂ᠬᠦᠮᠦᠨ ᠦ ᠰᠡᠷᠡᠯᠵᠢᠬᠦ ᠲᠦᠷᠦᠯᠬᠢ ᠴᠢᠳᠠᠪᠤᠷᠢ ᠵᠢ ᠲᠦᠢᠯ ᠦᠨ ᠶᠡᠬᠡ ᠪᠡᠷ ᠬᠦᠭᠵᠢᠬᠡᠨ ᠲᠠᠢᠢᠴᠢᠯᠠᠵᠦ᠂ᠶᠠᠰᠦ ᠪᠡᠷᠳᠡᠭᠰᠡᠳ ᠢ《ᠬᠦᠬᠡᠷᠦᠭᠰᠡᠨ》ᠪᠠᠢᠢᠳᠠᠯ ᠳᠦ ᠤᠷᠤᠭᠤᠯᠵᠦ᠂ᠪᠡᠷᠲᠡᠭᠰᠡᠨ ᠶᠠᠰᠦ ᠵᠢ ᠤᠷᠤᠨᠰᠢᠭᠤᠯᠬᠤ ᠳᠦ ᠮᠠᠰᠢ ᠰᠠᠢᠢᠨ ᠹᠢᠽᠢᠤᠯᠤᠬᠢ ᠰᠡᠳᠭᠢᠴᠡ ᠵᠢᠨ ᠪᠠᠢᠢᠳᠠᠯ ᠢ ᠪᠤᠢ ᠪᠤᠯᠭᠠᠵᠦ ᠦᠭᠳᠡᠭ᠃
ᠮᠤᠩ᠋ᠭᠤᠯ ᠡᠮᠨᠡᠯᠬᠡ ᠵᠢᠨ ᠶᠠᠰᠦ ᠪᠠᠷᠢᠬᠤ ᠵᠠᠰᠠᠯ ᠨᠢ ᠤᠳᠠᠭᠠᠨ ᠠᠨ ᠦ ᠲᠡᠥᠬᠡ ᠵᠢᠨ ᠦᠭᠡᠳᠡᠯᠡᠯ ᠪᠠᠭᠤᠷᠠᠯ ᠢ ᠲᠤᠭᠤᠯᠵᠦ᠂20 ᠳᠤᠭᠠᠷ ᠵᠠᠭᠤᠨ ᠦ ᠲᠠᠯᠠᠭᠠᠳ ᠤᠨ ᠳᠦ ᠠᠷᠠᠳ ᠦᠮ ᠲᠤᠮᠳᠠ ᠪᠠᠢᠢᠭᠰᠠᠨ ᠡᠴᠡ ᠪᠠᠨ ᠤᠯᠤᠰ ᠦᠨ ᠠᠯᠪᠠᠨ ᠡᠴᠡ ᠪᠠᠢᠢᠭᠤᠯᠤᠭᠰᠠᠨ ᠲᠤᠰᠬᠠᠢ ᠰᠠᠯᠠᠭᠠᠨ ᠦ ᠡᠮᠨᠡᠯᠬᠡ ᠵᠢᠨ ᠬᠤᠷᠢᠶ᠎ᠠ ᠵᠢᠨ ᠨᠢᠭᠡᠨ ᠰᠠᠯᠠᠭ᠎ᠠ ᠪᠤᠯᠵᠦ᠂ᠨᠠᠶᠠᠭᠠᠳ ᠤᠨ ᠳᠦ《ᠲᠤᠮᠳᠠᠳᠤ ᠤᠯᠤᠰ ᠦᠨ ᠠᠨᠠᠭᠠᠬᠤ ᠤᠬᠠᠭᠠᠨ ᠦ ᠨᠡᠪᠲᠡᠷᠬᠡᠢ ᠪᠢᠴᠢᠭ᠌》ᠲᠦ ᠤᠷᠤᠵᠦ᠂ᠶᠡᠷᠡᠭᠡᠳ ᠤᠨ ᠳᠦ ᠲᠡᠭᠡᠳᠦ ᠰᠤᠷᠭᠠᠭᠤᠯᠢ ᠵᠢᠨ ᠲᠦᠷᠢᠮᠳᠦ ᠵᠢᠭᠠᠨ ᠰᠤᠷᠭᠠᠯᠲᠠ ᠬᠢᠬᠡᠳ ᠡᠮᠴᠢᠯᠡᠭᠡᠨ ᠦ ᠬᠦᠮᠦᠵᠢᠬᠦᠯᠦᠯᠲᠠ ᠵᠢᠨ ᠰᠢᠰᠲ᠋ᠧᠮ ᠳᠦ ᠤᠷᠤᠭᠰᠠᠨ ᠪᠠᠢᠢᠨ᠎ᠠ᠃2000ᠤᠨ ᠡᠴᠡ ᠦᠪᠡᠷᠮᠢᠴᠠ ᠤᠢᠢᠯᠠᠭᠠᠭᠳᠠᠬᠤᠨ᠂ᠠᠷᠭ᠎ᠠ ᠵᠠᠰᠠᠯ ᠦᠨ ᠰᠤᠳᠤᠯᠤᠯ ᠦᠨ ᠫᠷᠤᠵᠧᠺᠲ ᠨᠢ ᠤᠷᠢᠳ ᠬᠤᠵᠢᠳ ᠦᠪᠦᠷ ᠮᠤᠩᠭ᠋ᠤᠯ ᠦᠨ ᠦᠨᠳᠦᠰᠦᠲᠡᠨ ᠦ ᠶᠡᠬᠡ ᠰᠤᠷᠭᠠᠭᠤᠯᠢ᠂ᠦᠪᠦᠷ ᠮᠤᠩ᠋ᠭᠤᠯ ᠦᠨ ᠰᠤᠷᠭᠠᠨ ᠬᠦᠮᠦᠵᠢᠯ ᠦᠨ ᠲᠢᠩᠬᠢᠮ ᠪᠠ ᠦᠪᠦᠷ ᠮᠤᠩ᠋ᠭᠤᠯ ᠦᠨ ᠰᠢᠨᠵᠢᠯᠡᠬᠦ ᠤᠬᠠᠭᠠᠨ ᠲᠧᠩᠨᠢᠭ ᠮᠡᠷᠭᠡᠵᠢᠯ ᠦᠨ ᠲᠢᠩᠬᠢᠮ ᠦᠨ ᠲᠤᠰᠠᠯᠠᠮᠵᠢ ᠮᠦᠩᠬᠦ ᠵᠢ ᠬᠦᠷᠳᠡᠪᠡ᠃2003ᠤᠨ ᠳᠦ ᠮᠡᠳᠡᠬᠦᠯᠦᠭᠰᠡᠨ ᠲᠤᠮᠳᠠᠳᠦ ᠤᠯᠤᠰ ᠦᠨ ᠮᠤᠩ᠋ᠭᠤᠯ ᠡᠮᠨᠡᠯᠬᠡ ᠵᠢᠨ ᠶᠠᠰᠦ ᠪᠠᠷᠢᠬᠤ ᠵᠠᠰᠠᠯ ᠦᠨ《ᠲᠦᠷᠪᠡᠨ ᠠᠯᠬᠤᠮ ᠦᠨ ᠡᠮᠴᠢᠯᠡᠬᠡ》ᠵᠢᠨ ᠤᠬᠠᠭᠳᠠᠬᠤᠨ ᠵᠢᠴᠢ《ᠢᠳᠡᠪᠬᠢᠲᠠᠢ ᠤᠷᠤᠨᠰᠢᠭᠤᠯᠬᠤ—ᠴᠢᠳᠠᠪᠤᠷᠢ ᠵᠢ ᠡᠳᠡᠭᠡᠷᠡᠬᠦᠯᠬᠦ》ᠤᠢᠢᠯᠠᠭᠠᠭᠳᠠᠬᠤᠨ᠂ᠠᠷᠭ᠎ᠠ ᠵᠠᠰᠠᠯ ᠦᠨ ᠫᠷᠤᠵᠧᠺᠲ ᠨᠢ ᠰᠢᠨᠵᠢᠯᠡᠬᠦ ᠤᠬᠠᠭᠠᠨ ᠲᠧᠩᠨᠢᠭ᠍ ᠮᠡᠷᠭᠡᠵᠢᠯ ᠦᠨ ᠦᠷ᠎ᠠ ᠪᠦᠳᠦᠭᠡᠯ ᠦᠨ《ᠤᠯᠤᠰ ᠦᠨ ᠲᠤᠳᠤᠭᠠᠳᠦ ᠵᠢᠨ ᠲᠡᠷᠢᠬᠦᠨ》ᠵᠢᠡᠷ ᠪᠠᠳᠤᠯᠠᠭᠳᠠᠪᠠ᠃2006ᠤᠨ ᠳᠦ᠂ ᠮᠤᠩ᠋ᠭᠤᠯ ᠡᠮᠨᠡᠯᠬᠡ ᠵᠢᠨ ᠶᠠᠰᠦ ᠪᠠᠷᠢᠬᠤ ᠦᠪᠡᠷᠮᠢᠴᠠ ᠤᠢᠢᠯᠠᠭᠠᠭᠳᠠᠬᠤᠨ᠂ᠠᠷᠭ᠎ᠠ ᠵᠠᠰᠠᠯ ᠦᠨ ᠫᠷᠤᠵᠧᠺᠲ ᠨᠢ ᠮᠤᠩ᠋ᠭᠤᠯ ᠡᠮ ᠡᠮᠨᠡᠯᠭᠡ ᠵᠢᠨ ᠬᠦᠷᠢᠶᠡᠨ ᠳᠦ ᠤᠯᠤᠰ ᠦᠨ ᠪᠠᠢᠢᠭᠠᠯᠢ ᠵᠢᠨ ᠰᠢᠨᠵᠢᠯᠡᠬᠦ ᠤᠬᠠᠭᠠᠨ ᠦ ᠰᠠᠭᠤᠷᠢ ᠮᠦᠩᠬᠦᠨ ᠦ ᠲᠤᠰᠠᠯᠠᠮᠵᠢ ᠵᠢ ᠲᠦᠷᠦᠬᠦᠯᠦᠨ ᠬᠦᠷᠳᠡᠵᠦ᠂2009ᠤᠨ ᠪᠠ2012ᠤᠨ ᠳᠦ ᠤᠯᠤᠰ ᠦᠨ ᠪᠠᠢᠢᠭᠠᠯᠢ ᠵᠢᠨ ᠰᠢᠨᠵᠢᠯᠡᠬᠦ ᠤᠬᠠᠭᠠᠨ ᠦ ᠰᠠᠭᠤᠷᠢ ᠮᠦᠩᠬᠦᠨ ᠦ ᠲᠤᠰᠠᠯᠠᠮᠵᠢ᠂ᠦᠪᠦᠷ ᠮᠤᠩ᠋ᠭᠤᠯ ᠦᠨ ᠪᠠᠢᠢᠭᠠᠯᠢ ᠵᠢᠨ ᠰᠢᠨᠵᠢᠯᠡᠬᠦ ᠤᠬᠠᠭᠠᠨ ᠦ ᠰᠠᠭᠤᠷᠢ ᠮᠦᠩᠬᠦᠨ ᠦ ᠲᠤᠰᠠᠯᠠᠮᠵᠢ ᠪᠠ ᠦᠪᠦᠷ ᠮᠤᠩ᠋ᠭᠤᠯ ᠦᠨ ᠰᠢᠨᠵᠢᠯᠡᠬᠦ ᠤᠬᠠᠭᠠᠨ ᠲᠧᠩᠨᠢᠭ᠍ ᠮᠡᠷᠭᠡᠵᠢᠯ ᠦᠨ ᠲᠦᠯᠦᠪᠯᠡᠬᠡ ᠵᠢᠨ ᠴᠢᠬᠤᠯᠠ ᠶᠡᠬᠡ ᠫᠷᠤᠵᠧᠺᠲ ᠦᠨ ᠲᠤᠰᠠᠯᠠᠮᠵᠢ ᠮᠦᠩᠬᠦ ᠵᠢ ᠬᠦᠷᠳᠡᠭᠰᠡᠨ ᠪᠠᠢᠢᠨ᠎ᠠ᠃
ᠲᠡᠮᠳᠡᠭᠯᠡᠯ ᠢ ᠦᠨᠳᠦᠰᠦᠯᠡᠪᠡᠯ᠂ᠨᠠᠷᠠᠨ ᠠᠪᠠᠢ(1790—1875)ᠪᠤᠯ ᠬᠤᠷᠴᠢᠨ ᠦ ᠪᠤᠷᠵᠢᠭᠢᠨ ᠤᠪᠤᠭᠳᠠᠨ ᠦ ᠶᠠᠪᠤ ᠪᠠᠷᠢᠬᠤ ᠵᠠᠰᠠᠯ ᠦᠨ ᠬᠠᠮᠤᠭ ᠠᠩᠬᠠᠨ ᠦ ᠤᠯᠠᠮᠵᠢᠯᠠᠭᠴᠢ᠃ᠲᠡᠷᠡ ᠪᠤᠯ ᠴᠢᠩᠬᠢᠰ ᠬᠠᠭᠠᠨ ᠦ ᠬᠠᠮᠤᠭ ᠡᠴᠡ ᠪᠢᠰᠢᠷᠡᠵᠦ ᠬᠦᠨᠳᠦᠳᠭᠡᠳᠡᠭ ᠬᠤᠷᠴᠢᠨ ᠪᠦᠬᠡ ᠬᠤᠪᠤᠭᠲᠠᠢ ᠵᠢᠨ ᠬᠤᠢᠢᠴᠢᠰ ᠶᠤᠮ᠃ ᠨᠠᠷᠠᠨ ᠠᠪᠠᠢ ᠨᠢᠭᠡ ᠨᠠᠰᠦ ᠪᠡᠷ ᠵᠢᠡᠨ《ᠰᠦ᠋ ᠰᠢᠭ᠌ ᠴᠠᠪᠡᠷ ᠠᠷᠢᠭᠤᠨ᠂ᠪᠤᠷᠬᠠᠨ ᠰᠢᠭ ᠦᠷᠦᠪᠴᠢ ᠰᠡᠳᠭᠢᠯ》ᠵᠢᠡᠷ ᠡᠪᠡᠳᠴᠢᠲᠡᠨ ᠨᠢᠬᠡᠪᠦᠷᠢ ᠳᠦ ᠬᠠᠨᠳᠤᠵᠦ᠂ᠰᠢᠷᠬᠠᠳᠤᠨᠰᠠᠨ ᠭᠠᠵᠠᠷ ᠢ ᠨᠢ ᠪᠠᠢᠢᠴᠠᠭᠠᠵᠦ᠂ᠱᠠᠷᠭᠢᠷᠠᠬᠤ ᠲᠠᠭᠤᠨ ᠢ ᠨᠢ ᠰᠤᠨᠤᠰᠴᠦ᠂ᠦᠩᠬᠡᠷᠡᠯᠲᠡ ᠵᠢ ᠨᠢ ᠠᠰᠠᠭᠤᠵᠦ ᠯᠠᠪᠯᠠᠨ᠂ᠪᠡᠷᠳᠡᠭᠰᠡᠨ ᠬᠡᠷᠡᠭ ᠢ ᠨᠢ ᠲᠡᠮᠳᠡᠷᠢᠬᠦ ᠵᠡᠷᠭᠡ ᠪᠡᠷ ᠲᠠᠮᠵᠢᠨ ᠤᠨᠤᠰᠢᠯᠠᠳᠠᠭ ᠪᠦᠬᠡᠳ ᠶᠠᠰᠦ ᠪᠠᠷᠢᠬᠤ ᠠᠷᠭ᠎ᠠ ᠵᠠᠰᠠᠯ ᠦᠨ ᠬᠤᠤᠰ ᠦᠭᠡᠢ ᠭᠠᠢᠢᠬᠠᠮᠰᠢᠭ ᠵᠢᠡᠷ ᠵᠢᠡᠨ ᠲᠤᠮᠳᠠᠳᠦ ᠤᠯᠤᠰ ᠦᠨ ᠮᠤᠩᠭ᠋ᠤᠯ ᠡᠮᠨᠡᠯᠬᠡ ᠵᠢᠨ ᠶᠠᠰᠤ ᠪᠠᠷᠢᠬᠤ ᠵᠠᠰᠠᠯ ᠦᠨ《ᠢᠳᠤᠭᠠᠨ》ᠭᠡᠵᠦ ᠦᠨᠡᠯᠡᠭᠳᠡᠭᠰᠡᠨ ᠪᠠᠢᠢᠨ᠎ᠠ᠃ᠨᠠᠰᠤᠨ ᠦᠭᠡᠳᠡ ᠪᠤᠯᠤᠭᠰᠠᠨ ᠦ ᠬᠢᠨᠢ ᠲᠠᠷᠠᠭ᠎ᠠ ᠴᠢᠩ ᠤᠯᠤᠰ ᠦᠨ ᠵᠠᠰᠠᠭ ᠡᠴᠡ ᠲᠡᠭᠦᠨ ᠳᠦ ᠤᠩᠭ᠋ᠤᠨ ᠪᠠᠢᠢᠭᠤᠯᠵᠦ ᠴᠢᠯᠠᠭᠤᠨ ᠬᠦᠰᠢᠶ᠎ᠠ ᠪᠤᠰᠭᠠᠵᠦ ᠦᠭᠴᠡᠢ᠃ᠰᠡᠭᠦᠯᠡᠷ ᠨᠢ ᠬᠤᠷᠴᠢᠨ ᠤᠷᠤᠨ ᠳᠦ ᠪᠤᠤ ᠲᠠᠷᠮ᠎ᠠ᠂ᠪᠤᠤ ᠮᠠᠱᠠᠨ᠂ᠪᠤᠤ ᠵᠢᠨ ᠱᠠᠨ ᠵᠡᠷᠭᠡ ᠨᠢᠬᠡ ᠪᠦᠯᠦᠭ ᠶᠠᠰᠦ ᠪᠠᠷᠢᠬᠤ ᠠᠯᠳᠠᠷᠲᠦ ᠡᠮᠴᠢ ᠴᠤᠯᠭᠤᠷᠠᠭᠰᠠᠨ ᠪᠠᠢᠢᠨ᠎ᠠ᠃
ᠬᠤᠷᠴᠢᠨ ᠵᠡᠭᠦᠨ ᠭᠠᠷᠤᠨ ᠬᠤᠢᠢᠳᠦ ᠬᠤᠰᠢᠭᠤ ᠪᠦᠬᠡ ᠵᠢᠨ ᠱᠠᠰᠢᠨ ᠦ ᠰᠤᠶᠤᠯ ᠵᠢᠴᠢ ᠲᠤᠮᠳᠠᠳᠦ ᠤᠯᠤᠰ ᠦᠨ ᠮᠤᠩᠭ᠋ᠤᠯ ᠡᠮᠨᠡᠯᠬᠡ ᠵᠢᠨ ᠶᠠᠰᠦ ᠪᠠᠷᠢᠬᠤ ᠵᠠᠰᠠᠯ ᠦᠨ ᠡᠭᠦᠰᠦᠭᠰᠡᠨ ᠤᠷᠤᠨ ᠪᠤᠯᠤᠭᠰᠠᠨ ᠦ ᠬᠤᠪᠢ ᠳᠦ᠂ᠬᠤᠷᠴᠢᠨ ᠶᠠᠰᠦ ᠪᠠᠷᠢᠬᠤ ᠵᠠᠰᠠᠯ ᠦᠨ ᠪᠤᠰᠤᠳ ᠤᠷᠤᠰᠬᠠᠯ ᠪᠦᠯᠦᠭ ᠦᠨ ᠰᠢᠰᠲ᠋ᠧᠮ ᠢ ᠴᠦ ᠤᠳᠤ ᠪᠤᠯᠳᠠᠯ᠎ᠠ ᠬᠠᠳᠠᠭᠠᠯᠠᠭᠰᠠᠭᠠᠷ ᠪᠢᠯᠡ᠂ᠵᠢᠱᠢᠶᠡᠯᠡᠪᠡᠯ᠂ᠬᠠᠷᠠᠨᠤᠬᠠᠢ ᠵᠢᠨ ᠠᠢᠢᠮᠠᠭ ᠵᠡᠷᠭᠡ ᠨᠢ ᠶᠠᠰᠦ ᠰᠢᠷᠬᠠᠳᠤᠬᠤ ᠶᠠᠰᠤ ᠪᠡᠷᠳᠡᠬᠦ ᠵᠠᠰᠠᠯ ᠳᠦ ᠬᠤᠪᠢ ᠨᠡᠮᠡᠷᠢ ᠪᠠᠨ ᠡᠷᠭᠦᠭᠰᠡᠭᠡᠷ ᠪᠠᠢᠢᠭ᠎ᠠ ᠶᠤᠮ᠃
ᠮᠤᠩᠭ᠋ᠤᠯ ᠡᠮᠨᠡᠯᠬᠡ ᠵᠢᠨ ᠶᠠᠰᠦ ᠪᠠᠷᠢᠬᠤ ᠵᠠᠰᠠᠯ ᠨᠢ ᠬᠦᠳᠡᠬᠡ ᠨᠤᠲᠤᠭ ᠦᠨ ᠬᠦᠮᠦᠨ ᠪᠤᠯᠭᠠᠨ ᠳᠦ ᠮᠡᠳᠡᠷᠡᠭᠳᠡᠭᠰᠡᠨ ᠪᠦᠬᠡᠳ ᠠᠯᠢ ᠬᠡᠳᠦᠢᠢᠨ ᠲᠡᠯᠡᠬᠡᠢ ᠳᠦ ᠠᠯᠳᠠᠷᠰᠢᠭᠰᠠᠨ ᠪᠠᠢᠢᠨ᠎ᠠ᠃ᠮᠡᠷᠭᠡᠵᠢᠯ ᠦᠨ ᠤᠯᠠᠮᠵᠢᠯᠠᠭᠴᠢ ᠨᠢ ᠤᠯᠠᠮ ᠵᠢᠡᠷ ᠤᠯᠠᠰᠢᠷᠠᠭᠰᠠᠨ ᠮᠤᠩᠭ᠋ᠤᠯ ᠡᠮᠨᠡᠯᠬᠡ ᠵᠢᠨ ᠶᠠᠰᠤ ᠪᠠᠷᠢᠬᠤ ᠵᠠᠰᠠᠯ ᠨᠢ ᠡᠳᠦᠬᠡ ᠰᠢᠨᠵᠢᠯᠡᠬᠦ ᠤᠬᠠᠭᠠᠨ ᠲᠧᠩᠨᠢᠭ᠌ ᠮᠡᠷᠭᠡᠵᠢᠯ ᠦᠨ ᠲᠡᠮᠳᠡᠭ᠂ᠠᠵᠦ ᠠᠬᠤᠢ ᠵᠢᠨ ᠲᠡᠮᠳᠡᠭ᠂ᠨᠡᠩ ᠴᠦ ᠰᠤᠶᠤᠯ ᠦᠨ ᠲᠡᠮᠳᠡᠭ ᠪᠤᠯᠤᠭᠰᠠᠨ ᠪᠠᠢᠢᠨ᠎ᠠ᠃

ᠠᠷᠢᠬᠢ ᠰᠦᠷᠴᠢᠵᠦ ᠰᠢᠪᠳᠤᠷᠠᠵᠦ ᠢᠯᠢᠬᠦ ᠵᠠᠰᠠᠯ



ᠵᠢᠨᠵᠧᠥ ᠬᠤᠳᠠ ᠵᠢᠨ 11 ᠨᠠᠰᠤᠲᠠᠢ ᠬᠡᠥᠬᠡᠳ ᠼᠦᠢ ᠵᠢᠶᠠ ᠵᠢᠶᠦᠢᠨ ᠲᠤᠭᠯᠠᠵᠦ ᠪᠠᠢᠢᠭᠠᠳ ᠤᠪᠠᠢᠢᠨ ᠳᠦ ᠦᠭᠡᠢ ᠤᠢᠢᠴᠢᠵᠦ᠂ᠶᠠᠰᠤ ᠪᠡᠷᠳᠡᠭᠰᠡᠨ ᠵᠢᠡᠨ ᠴᠦ ᠮᠡᠳᠡᠭᠰᠡᠨ ᠦᠭᠡᠢ ᠪᠠᠢᠢᠵᠠᠢ᠃ᠬᠤᠶᠠᠷ ᠡᠳᠦᠷ ᠦᠨ ᠲᠠᠷᠠᠭ᠎ᠠ ᠠᠪᠤ ᠡᠵᠢ ᠨᠢ ᠲᠦᠩᠯᠢᠶᠤᠤ ᠬᠤᠳᠠ ᠵᠢᠨ ᠮᠤᠩᠭ᠋ᠤᠯ ᠡᠮᠨᠡᠯᠬᠡ ᠵᠢᠨ ᠶᠠᠰᠦ ᠪᠠᠷᠢᠬᠤ ᠡᠮᠨᠡᠯᠬᠡ ᠵᠢᠨ ᠬᠤᠷᠢᠶ᠎ᠠ ᠳᠦ ᠤᠨᠤᠰᠢᠯᠠᠭᠤᠯᠬᠤ ᠪᠡᠷ ᠠᠪᠴᠦ ᠬᠦᠷᠴᠡᠢ᠃ᠵᠠᠯᠠᠭᠤ ᠡᠮᠴᠢ ᠪᠤᠤ ᠭᠦᠸᠸ ᠴᠦᠨ ᠪᠠᠢᠢᠴᠠᠭᠠᠵᠦ ᠤᠨᠤᠰᠢᠯᠠᠭᠠᠳ ᠠᠷᠢᠬᠢ ᠰᠦᠷᠴᠢᠨ ᠰᠢᠪᠳᠤᠷᠠᠬᠤ ᠳᠦ᠂ᠬᠦᠦ ᠰᠤᠨᠢᠷᠬᠠᠨ ᠬᠠᠷᠠᠵᠦ ᠪᠠᠢᠢᠭᠰᠠᠨ ᠵᠢᠡᠨ ᠤᠳᠠᠯ ᠦᠭᠡᠢ ᠡᠪᠡᠳᠦᠯᠲᠡ ᠵᠢ ᠮᠡᠳᠡᠷᠡᠵᠦ ᠤᠷᠢᠯᠠᠨ ᠴᠢᠷᠯᠠᠭᠰᠠᠨ ᠪᠤᠯᠪᠠᠴᠦ ᠡᠴᠦᠡ ᠲᠦ ᠪᠠᠨ ᠫᠦᠰ ᠬᠢᠳᠡᠯ᠎ᠠ ᠢᠨᠢᠶᠡᠭᠰᠡᠨ ᠬᠡᠳᠡᠭ᠃ᠡᠮᠴᠢ ᠪᠡᠷᠲᠡᠭᠰᠡᠨ ᠶᠠᠰᠦ ᠵᠢ ᠨᠢ ᠬᠠᠪᠲᠠᠰᠦ ᠪᠡᠷ ᠲᠤᠭᠳᠠᠪᠤᠷᠢᠵᠢᠭᠤᠯᠵᠦ ᠦᠭᠭᠦᠭᠡᠳ ᠬᠦᠦ ᠵᠢ ᠬᠤᠶᠠᠷ ᠡᠳᠦᠷ ᠬᠢᠴᠢᠶᠡᠮᠵᠢᠲᠡᠢ ᠪᠠᠢᠢᠭᠠᠷᠠᠢ ᠭᠡᠵᠦ ᠰᠠᠨᠠᠭᠤᠯᠵᠠᠢ᠃ᠤᠨᠤᠰᠢᠯᠠᠬᠤ ᠡᠴᠡ ᠬᠠᠪᠳᠠᠰᠦ ᠪᠡᠷ ᠲᠤᠭᠳᠠᠪᠤᠷᠢᠵᠢᠭᠤᠯᠬᠤ ᠪᠤᠯᠲᠠᠯ᠎ᠠ 11 ᠮᠢᠨᠦᠢᠲ ᠬᠡᠷᠡᠭᠰᠡᠭᠰᠡᠨ ᠪᠦᠬᠡᠳ ᠵᠦᠪᠬᠡᠨ 120 ᠲᠦᠭᠦᠷᠢᠭ᠌ ᠯᠡ ᠵᠠᠷᠤᠭᠰᠠᠨ ᠪᠠᠢᠢᠪᠠ᠃

ᠲᠦᠩᠯᠢᠶᠤᠤ ᠬᠤᠳᠠ ᠵᠢᠨ ᠮᠤᠩᠭ᠋ᠤᠯ ᠡᠮᠨᠡᠯᠬᠡ ᠵᠢᠨ ᠶᠠᠰᠦ ᠪᠠᠷᠢᠬᠤ ᠡᠮᠨᠡᠯᠬᠡ ᠵᠢᠨ ᠬᠤᠷᠢᠶᠠᠨ ᠦ ᠲᠠᠷᠤᠭ᠎ᠠ ᠬᠤ ᠲᠠᠯᠠᠢ ᠬᠠᠮᠳᠦ ᠠᠵᠢᠯᠯᠠᠭᠰᠠᠳ ᠲᠠᠢ ᠪᠠᠨ ᠬᠠᠮᠳᠦ ᠤᠨᠤᠰᠢᠯᠠᠵᠦ ᠪᠠᠢᠢᠭ᠎ᠠ ᠨᠢ





ᠦᠪᠦᠷ ᠮᠤᠩᠭ᠋ᠤᠯ ᠦᠨ ᠬᠤᠷᠴᠢᠨ ᠵᠡᠭᠦᠨ ᠭᠠᠷᠤᠨ ᠬᠤᠢᠢᠳᠦ ᠬᠤᠰᠢᠭᠤᠨ ᠳᠦ ᠪᠠᠢᠢᠭ᠎ᠠ ᠲᠦᠩᠯᠢᠶᠤᠤ ᠬᠤᠳᠠ ᠵᠢᠨ ᠮᠤᠩᠭ᠋ᠤᠯ ᠡᠮᠨᠡᠯᠬᠡ ᠵᠢᠨ ᠶᠠᠰᠦ ᠪᠠᠷᠢᠬᠤ ᠡᠮᠨᠡᠯᠬᠡ ᠵᠢᠨ ᠬᠤᠷᠢᠶ᠎ᠠ ᠨᠢ ᠪᠦᠬᠦ ᠮᠤᠩᠭ᠋ᠤᠯ ᠡᠮᠨᠡᠯᠬᠡ ᠵᠢᠨ ᠶᠠᠰᠦ ᠪᠠᠷᠢᠬᠤ ᠵᠠᠰᠠᠯ ᠦᠨ ᠤᠷᠤᠨ ᠨᠤᠭᠤᠳ ᠦᠨ ᠲᠤᠳᠤᠷ᠎ᠠ ᠬᠠᠮᠤᠭ ᠦᠨ ᠭᠠᠢᠢᠬᠠᠮᠰᠢᠭᠲᠠᠢ ᠨᠢ ᠪᠢᠯᠡ᠃
ᠵᠤᠬᠢᠶᠠᠭᠴᠢ᠄ ᠵᠠᠭᠤᠨᠨᠠᠮᠤᠷ᠂ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠦᠨᠳᠦᠰᠦᠲᠡᠨ ᠤ ᠵᠢᠷᠤᠭᠲᠤ ᠰᠡᠳᠬᠦᠯᠳᠠᠷᠤᠮ᠄ 751
ᠴᠠᠭ᠄ 2015 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠰᠠᠴᠤᠷᠠᠯ