ᠵᠢᠪᠡ ᠲᠡᠢ ᠨᠠᠮᠤᠷ

ᠬᠠᠭᠣᠷᠠᠢ ᠰᠡᠮᠡᠷᠡᠭ᠍ᠰᠡᠨ ᠲᠡᠭ᠍ᠷᠢ ᠶᠢᠨ ᠬᠠᠶᠠᠭ᠎ᠠ ᠡᠮᠵᠢᠵᠣ

ᠣᠯᠠᠪᠣᠷ ᠡᠬᠥᠯᠡᠰ ᠨᠠᠷᠠ ᠪᠠᠨ ᠬᠠᠰᠢᠵᠣ ᠰᠣᠪᠣᠷᠭᠠᠯᠠᠨ᠎ᠠ

ᠬᠠᠪᠣᠷ ᠤᠨ ᠡᠢᠷᠡᠭ᠍ᠰᠡᠨ ᠭᠠᠯᠠᠭᠣᠳ ᠨᠣᠳᠣᠭ ᠡᠵᠡᠬᠦᠢᠢᠷᠡᠬᠥᠯᠵᠦ

ᠨᠠᠮᠣᠷ ᠡᠴᠡ ᠪᠠᠨ ᠡᠷᠳᠠ ᠪᠣᠴᠠᠨ᠎ᠠ

ᠬᠠᠮᠢᠭᠠᠰᠢ ᠪᠡᠯᠴᠢᠬᠥ ᠪᠠᠨ ᠮᠡᠳᠡᠬᠥ ᠦᠭᠡᠶ ᠬᠣᠨᠢᠨ ᠰᠥᠷᠥᠭ

ᠬᠠᠰᠢᠶᠠᠨ ᠲᠣᠮᠳᠠ ᠲᠣᠭᠣᠢ᠌ᠷᠠᠨ᠎ᠠ

ᠬᠠᠮᠢᠭ᠎ᠠ ᠡᠴᠡ ᠡᠢᠷᠡᠭ᠍ᠰᠡᠨ ᠢ ᠮᠡᠳᠡᠬᠥ ᠦᠭᠡᠶ ᠰᠠᠷᠢᠭᠠᠴᠢᠳ

ᠬᠠᠰᠢᠶᠠᠨ ᠭᠠᠳᠠᠨ᠎ᠠ ᠠᠷᠬᠠᠢ᠌ᠯᠴᠠᠨ᠎ᠠ

ᠠᠪᠣ ᠶᠢᠨ ᠮᠣᠢᠩᠬᠥᠨ ᠰᠠᠠᠴᠢᠭ ᠲᠤ ᠲᠠᠮᠠᠬᠢᠨ ᠣᠳᠣᠭ᠎ᠠ ᠡᠪᠰᠢᠶᠠᠵᠣ

ᠬᠡᠨ ᠳᠤ ᠴᠤ ᠬᠡᠯᠡᠵᠦ ᠲᠡᠢᠢᠯᠬᠥ ᠦᠭᠡᠶ ᠭᠣᠨᠢᠭ ᠨᠢᠳᠣᠨ ᠳᠤ ᠮᠠᠨᠠᠠᠳᠣᠨ᠎ᠠ

ᠬᠠᠳᠥᠯᠡᠨᠭ᠌ ᠶᠢᠠᠨ ᠦᠬᠡᠢ᠌ᠯᠡᠭ᠍ᠰᠡᠨ ᠰᠠᠠᠳᠣᠤ ᠶᠢᠨ ᠡᠢᠷ ᠲᠤ ᠵᠢᠪᠠ ᠰᠠᠭᠣᠵᠣ

ᠬᠠᠩᠭ᠋ᠠᠢ ᠶᠢᠨ ᠲᠠᠯ᠎ᠠ ᠶᠢᠨ ᠭᠠᠰᠢᠭᠣᠨ ᠨᠠᠮᠣᠷ ᠰᠠᠯᠬᠢᠨ ᠬᠦᠶᠥᠳᠡᠯ ᠲᠡᠶ ᠡᠢᠷᠠᠨ᠎ᠠ


ᠵᠤᠬᠢᠶᠠᠭᠴᠢ ᠶᠢᠨ ᠬᠠᠶ‍ᠢᠭ᠄ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ ᠤ ᠪᠠᠶᠠᠨᠮᠠᠩᠬ᠎ᠠ ᠲᠣᠮᠳᠠᠳᠣ ᠰᠣᠷᠭᠠᠭᠣᠯᠢ

ᠵᠤᠬᠢᠶᠠᠭᠴᠢ᠄ ᠬᠤᠤᠰᠪᠤᠯᠠᠭ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 514
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁