ᠡᠨᠡ ᠭᠦ ᠳᠠᠯ᠎ᠠ ᠳᠤ ᠪᠢᠳᠠ ᠥᠨᠡᠭᠡᠷ ᠬᠠᠢ᠌ᠷᠠᠳᠠᠢ

ᠪᠠᠷᠭᠤ ᠮᠤᠩᠭ᠋ᠤᠯᠴᠤᠳ ᠢ ᠰᠡᠭᠦᠳᠡᠷᠯᠡᠭ᠍ᠰᠡᠨ ᠨᠢ ᠭᠦᠯᠤᠨ ᠪᠣᠢ᠌ᠷ ᠤᠨ ᠶ‍ᠡᠭᠡ ᠳᠠᠯ᠎ᠠ ᠳᠤ ᠣᠢᠨᠠᠨ ᠭᠤᠤᠯ ᠡᠴᠡ ᠪᠠᠨ ᠬᠠᠢ᠌ᠷᠠᠳᠠᠢ ᠪᠠᠢ᠌ᠳᠠᠭ ᠡᠴᠡ ᠮᠢᠨᠢ ᠪᠣᠯᠤᠭᠰᠠᠨ ᠶ‍ᠤᠮ ᠃ ᠪᠠᠷᠭᠤ ᠮᠤᠩᠭ᠋ᠤᠯᠴᠤᠳ ᠠᠵᠢᠯᠰᠠᠭ ᠬᠤᠶ‍ᠠᠷ ᠭᠠᠷ ᠶᠢᠡᠷ ᠶᠢᠡᠨ ᠡᠨᠡ ᠭᠦ ᠳᠠᠯ᠎ᠠ ᠪᠠᠨ ᠡᠷᠭᠦᠵᠤ ᠂ ᠳᠠᠪᠴᠢᠶ‍ᠠᠷᠢ ᠬᠠᠳᠠᠭᠤᠵᠢᠯ ᠶᠢᠡᠷ ᠶᠢᠡᠨ ᠡᠨᠡ ᠭᠦ ᠳᠠᠯ᠎ᠠ ᠪᠠᠨ ᠬᠠᠮᠠᠭᠠᠯᠠᠵᠤ ᠂ ᠣᠬᠠᠭᠠᠨ ᠪᠢᠯᠢᠭ᠌ ᠪᠣᠯᠤᠨ ᠴᠠᠢ᠌ᠯᠭᠠᠨ ᠰᠠᠤᠠᠭᠢᠯ ᠶᠢᠡᠷ ᠳᠠᠯ᠎ᠠ ᠲᠡᠶ ᠪᠠᠨ ᠬᠠᠮᠳᠤ ᠣᠷᠤᠰᠢᠵᠤ ᠂ ᠴᠢᠩ ᠰᠠᠤᠠᠭᠢᠯ ᠂ ᠣᠢᠨᠠᠨ ᠬᠠᠢ᠌ᠷ᠎ᠠ ᠪᠠᠷ ᠶᠢᠡᠨ ᠡᠨᠡ ᠭᠦ ᠳᠠᠯ᠎ᠠ ᠪᠠᠨ ᠬᠠᠮᠠᠭᠠᠯᠠᠵᠤ ᠪᠠᠢ᠌ᠳᠠᠭ ᠂ ᠡᠨᠡ ᠳᠠᠯ᠎ᠠ ᠨᠢ ᠣᠴᠢᠷ ᠦᠭᠡᠶ ᠳᠠᠩᠰᠤᠭ ᠭᠤᠶ‍ᠤ ᠪᠠᠢ᠌ᠳᠠᠭ ᠨᠢ ᠴᠤ ᠮᠤᠢᠨ ᠡᠵᠡᠨ ᠪᠠᠷᠭᠤᠴᠤᠳ ᠡᠴᠡ ᠯᠠ ᠪᠣᠯᠤᠭᠰᠠᠨ ᠠᠵᠢ ᠃

ᠪᠢᠳᠠ ᠴᠢᠩ ᠣᠢᠨᠠᠨ ᠰᠠᠤᠠᠭᠢᠯ ᠢ ᠪᠠᠷᠢᠵᠤ ᠂ ᠬᠤᠶ‍ᠠᠷ ᠵᠢᠯ ᠤᠨ ᠬᠤᠭᠤᠴᠠᠭᠠᠨ ᠳᠤ ᠳᠤᠢᠮᠠ ᠰᠢᠬᠠᠮ ᠭᠠᠵᠠᠷ ᠠᠶ‍ᠠᠯᠠᠭᠠᠤᠨ ᠂ ᠭᠦᠯᠤᠨ ᠪᠣᠢ᠌ᠷ ᠤᠨ ᠪᠦᠭᠦ ᠨᠤᠳᠤᠭ ᠶᠢᠡᠷ ᠣᠯᠠ ᠮᠤᠢᠷ ᠶᠢᠡᠨ ᠥᠯᠡᠳᠡᠭᠡᠵᠤ ᠂ ᠭᠦᠯᠤᠨ ᠪᠣᠢ᠌ᠷ ᠤᠨ ᠥᠷᠭᠡᠨ ᠳᠠᠯ᠎ᠠ ᠶᠢᠨ ᠥᠵᠡᠰᠭᠦᠯᠡᠩ ᠢ ᠡᠵᠡᠨ ᠨᠢ ᠪᠣᠯᠤᠭᠰᠠᠨ ᠰᠠᠢ᠌ᠬᠠᠨ ᠰᠠᠤᠠᠭᠢᠯᠳᠤ ᠪᠠᠷᠭᠤ ᠮᠤᠩᠭ᠋ᠤᠯᠴᠤᠳ ᠲᠡᠶ ᠬᠠᠮᠳᠤ ᠳ᠋ᠤᠨᠢ ᠵᠢᠷᠤᠭ ᠤᠨ ᠮᠠᠰᠢᠨ ᠶᠢᠡᠷ ᠶᠢᠡᠨ ᠳᠡᠮᠳᠡᠭᠯᠡᠵᠤ ᠶ‍ᠠᠪᠣᠯ᠎ᠠ ᠃ ᠴᠠᠰᠤ ᠰᠢᠭᠤᠷᠭᠠᠨ ᠶᠢᠡᠷ ᠪᠠᠷᠭᠤ ᠠᠢ᠌ᠯ ᠳᠤ ᠣᠷᠤᠬᠤ ᠪᠣᠯᠭᠠᠨ ᠪᠣᠴᠠᠯᠤᠮ᠎ᠠ ᠬᠠᠯᠠᠭᠤᠨ ᠴᠠᠢ ᠳ᠋ᠤᠨᠢ ᠳᠤᠯᠠᠭᠠᠴᠠᠵᠤ ᠶ‍ᠠᠪᠣᠯ᠎ᠠ ︔ ᠨᠠᠷᠠᠨ ᠳᠤᠨᠤᠷᠠᠭᠰᠠᠨ ᠳᠠᠯ᠎ᠠ ᠶᠢᠨ ᠡᠪᠠᠰᠤᠨ ᠤ ᠭᠢᠨᠢ ᠠᠩᠭᠢᠯᠤᠮ᠎ᠠ ᠳᠤ ᠰᠤᠭᠳᠤᠨ ᠂ ᠶ‍ᠠᠷᠢᠶ᠎ᠠ ᠭᠦᠭᠡᠷᠦᠭᠡ ᠡᠭᠦᠰᠭᠡᠭᠦ ᠪᠦᠷᠢ ᠪᠠᠷᠭᠤᠴᠤᠳ ᠤᠨ ᠴᠠᠪᠠᠷ ᠠᠷᠢᠭᠤᠬᠠᠨ ᠮᠤᠢᠷᠳᠠᠯ᠎ᠠ ᠠᠭᠤᠵᠢᠭᠤ ᠳᠦᠯᠭᠡᠨ ᠰᠠᠤᠠᠭᠢᠯ ᠤᠨ ᠳᠠᠭᠤᠨ ᠢ ᠨᠢ ᠴᠢᠩᠨᠠᠵᠤ ᠰᠠᠭᠤᠯ᠎ᠠ ︔ ᠪᠠᠷᠭᠤᠴᠤᠳ ᠲᠤ ᠬᠤᠪᠢᠯᠭᠠᠨ ᠠᠭᠤᠯᠠ ᠭᠡᠮᠡᠭ᠍ᠳᠡᠭ᠍ᠰᠡᠨ ᠪᠣᠭᠳᠠ ᠠᠭᠤᠯᠠᠨ ᠳᠤ ᠭᠠᠷᠴᠤ ᠂ ᠳᠠᠳᠠᠨ ᠤ ᠮᠥᠩᠭᠡ ᠳᠡᠭ᠍ᠷᠢ ᠡᠳᠦᠭᠡᠨ ᠡᠭᠡ ᠳᠤ ᠰᠥᠭᠦᠷᠡᠵᠤ ᠶ‍ᠠᠪᠣᠳᠠᠭ ᠰᠥᠰᠦᠭ᠌ ᠤᠨ ᠣᠢᠨᠠᠨ ᠢ ᠨᠢ ᠮᠠᠳᠠᠷᠠᠵᠤ ᠶ‍ᠠᠪᠣᠯ᠎ᠠ ︔ ᠮᠤᠩᠭ᠋ᠤᠯ ᠣᠢᠠᠳᠤᠰᠤᠳᠠᠨ ᠤ ᠡᠵᠢ ᠮᠤᠢᠷᠠᠨ ︱ ᠭᠡᠷᠦᠯᠤᠨ ᠤ ᠭᠦᠪᠠᠭᠡ ᠪᠠᠷ ᠭᠡᠰᠦᠭᠦᠴᠢᠯᠡᠭᠦ ᠳᠡᠭᠡᠨ ᠂ ᠣᠰᠤᠨ ᠳ᠋ᠤᠨᠢ ᠮᠤᠷᠢ ᠪᠠᠨ ᠣᠰᠤᠯᠠᠬᠤ ᠵᠠᠯᠠᠭᠤ ᠪᠠᠷᠭᠤ ᠶᠢᠨ ᠰᠢᠷᠪᠦᠰᠦᠯᠢᠭ᠌ ᠳᠦᠷᠭᠦ ᠶᠢ ᠪᠠᠬᠠᠳᠤᠵᠤ ᠵᠤᠭᠰᠤᠯ᠎ᠠ ᠃ ᠭᠦᠷᠦᠭ᠍ᠰᠡᠨ ᠪᠦᠭᠦᠨ ᠡᠷᠭᠢᠯᠳᠤᠨ ᠬᠤᠷᠭᠤᠳᠠᠬᠤ ᠳᠠᠯᠠᠢ ᠨᠠᠭᠤᠷ ᠂ ᠣᠭᠠᠯᠵᠠᠯᠠᠨ ᠮᠤᠰᠭᠢᠷᠠᠬᠤ ᠮᠡᠷᠭᠡᠯ ᠭᠤᠤᠯ ᠨᠢ ᠴᠤᠢᠮ ᠪᠠᠷᠭᠤᠴᠤᠳ ᠤᠨ ᠣᠢᠷᠠᠵᠢᠨ ᠣᠢᠰᠴᠤ ᠣᠷᠤᠰᠢᠨ ᠠᠮᠢᠳᠤᠷᠠᠬᠤ ᠥᠭ᠍ᠭᠢᠶ‍ᠡᠮᠦᠷ ᠪᠣᠶ‍ᠠᠠᠳᠤ ᠨᠤᠳᠤᠭ ᠨᠢ ᠪᠢᠯᠠ ᠃

ᠰᠤᠷᠪᠣᠯᠵᠢᠯᠠᠵᠤ ᠰᠡᠭᠦᠳᠡᠷᠯᠡᠭᠦ ᠳᠤᠮᠳᠠ ᠪᠠᠨ ᠪᠢᠳᠠ ᠴᠠᠰᠤ ᠰᠢᠭᠤᠷᠭᠠᠨ ᠲᠡᠶ ᠳᠠᠭᠠᠷᠠᠯᠳᠤᠵᠤ ᠪᠠᠢ᠌ᠭᠰᠠᠨ ᠂ ᠰᠢᠷᠣᠢ᠌ᠨ ᠰᠢᠭᠤᠷᠭᠠᠨ ᠳᠤ ᠴᠤ ᠳᠠᠭᠠᠷᠢᠭᠳᠠᠵᠤ ᠥᠩᠭᠡᠷᠡᠭ᠍ᠰᠡᠨ ᠃ ᠨᠡᠭᠦᠳᠡᠯ ᠣᠢ᠌ᠯᠠᠤᠠᠪᠣᠷᠢᠯᠠᠯ ᠠᠮᠢᠳᠤᠷᠠᠯ ᠤᠨ ᠬᠠᠳᠠᠭᠤ ᠪᠠᠷᠭᠡ ᠂ ᠮᠠᠯ ᠳᠤᠢᠯ ᠤᠨ ᠣᠢᠨᠢᠷ ᠣᠢᠰᠤᠯᠳᠠ ᠂ ᠳᠠᠭᠤᠷᠢ ᠮᠠᠳᠤ ᠪᠠᠷᠭᠤ ᠬᠤᠷᠢᠮ ᠂ ᠪᠠᠷᠭᠤ ᠨᠠᠰᠤᠳᠠᠤᠨ ᠤᠨ ᠵᠤᠯ ᠵᠢᠷᠭᠠᠯᠳᠤ ᠣᠢᠳᠠᠯ᠎ᠠ ᠨᠠᠰᠤ ᠂ ᠪᠠᠷᠭᠤ ᠪᠠᠭᠠᠴᠤᠳ ᠤᠨ ᠭᠡᠨᠡᠨ ᠴᠠᠢ᠌ᠯᠭᠠᠨ ᠵᠠᠩ ᠠᠭᠠᠯᠢ ᠵᠡᠷᠭᠡ ᠶᠢ ᠮᠠᠨ ᠤ ᠵᠢᠷᠤᠭ ᠤᠨ ᠳᠤᠷᠠᠨ ᠳᠠ ᠪᠦᠭᠦᠨ ᠳᠤ ᠬᠠᠷᠠᠭᠤᠯᠬᠤ ᠪᠣᠯᠤᠨ᠎ᠠ ᠃ ᠵᠢᠩᠭᠢᠨᠢ ᠣᠢᠨᠠᠨ ᠭᠦᠯᠤᠨ ᠪᠣᠢ᠌ᠷ ᠤᠨ ᠳᠠᠯ᠎ᠠ ᠨᠤᠳᠤᠭ ᠂ ᠵᠢᠩᠭᠢᠨᠢ ᠣᠢᠨᠠᠨ ᠪᠠᠷᠭᠤ ᠮᠤᠩᠭ᠋ᠤᠯᠴᠤᠳ ᠭᠡᠵᠤ ᠶ‍ᠠᠭᠤ ᠪᠠᠢ᠌ᠳᠠᠭ ᠢ ᠮᠤᠢᠨ ᠡᠳᠡᠭᠡᠷ ᠪᠦᠭᠦᠨ ᠭᠡᠯᠡᠵᠤ ᠥᠭ᠍ᠭᠦ ᠪᠣᠯᠤᠨ᠎ᠠ ᠃ ᠭᠡᠷᠪᠡ ᠣᠩᠰᠢᠭᠴᠢ ᠳᠠ ᠪᠦᠭᠦᠨ ᠪᠠᠷᠭᠤ ᠮᠤᠩᠭ᠋ᠤᠯᠴᠤᠳ ᠤᠨ ᠪᠠᠢ᠌ᠭᠠᠯᠢ ᠶᠢ ᠰᠢᠳᠤᠨ ᠪᠢᠰᠢᠷᠡᠭᠦ ᠂ ᠠᠮᠢ ᠰᠤᠢᠨᠠᠰᠤ ᠶᠢ ᠨᠠᠠᠳᠢᠩᠨᠠᠳᠠᠭ ᠰᠠᠤᠠᠭᠢᠯ ᠠᠬᠤᠢ ᠶᠢ ᠨᠢ ᠮᠠᠳᠠᠷᠠᠵᠤ ᠂ ᠳᠠᠳᠠᠨ ᠤ ᠨᠤᠮᠢᠨ ᠪᠠᠢ᠌ᠭᠠᠯᠢ ᠪᠠᠨ ᠡᠷᠡᠮᠡᠯᠵᠡᠨ ᠰᠠᠭᠢᠬᠤ ᠶᠢᠨ ᠬᠠᠳᠠᠭᠤ ᠪᠠᠷᠭᠡ ᠂ ᠭᠠᠩᠰᠠᠷᠠᠯ ᠭᠠᠴᠢᠭᠳᠠᠯ ᠵᠢᠴᠢ ᠳᠠᠳᠠᠨ ᠤ ᠪᠢᠯᠢᠭ᠌ ᠣᠶ‍ᠤᠨ ᠂ ᠠᠵᠢᠯᠰᠠᠭ ᠂ ᠨᠠᠮ ᠳᠠᠢ᠌ᠪᠣᠭᠤ ᠂ ᠣᠢᠨᠠᠠᠴᠢ ᠴᠠᠭᠠᠪᠣᠷ ᠵᠠᠩ ᠠᠷᠠᠠᠰᠢᠨ ᠢ ᠡᠳᠡᠭᠡᠷ ᠡᠴᠡ ᠣᠬᠠᠵᠤ ᠣᠢ᠌ᠯᠠᠭᠠᠬᠤ ᠳᠤ ᠭᠦᠷᠪᠠᠯ ᠳᠠᠷᠠ ᠨᠢ ᠮᠠᠨ ᠳᠤ ᠬᠠᠮᠤᠭ ᠶ‍ᠡᠭᠡ ᠳᠠᠢ᠌ᠤᠠᠬᠤᠷᠠᠯ ᠪᠣᠯᠵᠤ ᠳᠠᠭᠠᠷᠠᠨ᠎ᠠ ᠃ ( ᠮᠥᠩᠭᠡ ᠨᠠᠢ᠌ᠷᠠᠭᠤᠯᠤᠨ ᠣᠷᠴᠢᠭᠤᠯᠪᠠ )

ᠪᠠᠶ‍ᠠᠷ ᠤᠨ ᠡᠳᠦᠷ ᠤᠨ ᠭᠤᠶ‍ᠤᠯᠠᠯ

ᠬᠤᠨᠢᠴᠢᠨ

ᠥᠵᠡᠰᠭᠦᠯᠡᠩᠳᠤ ᠰᠠᠢ᠌ᠬᠠᠨ ᠮᠢᠨᠤ ᠨᠤᠳᠤᠭ

ᠵᠤᠰᠠᠯᠠᠩ

ᠰᠠᠴᠤᠯᠢ ᠡᠷᠭᠦᠨ᠎ᠡ

ᠳᠠᠯ᠎ᠠ ᠶᠢᠨ ᠣᠶ‍ᠠᠩᠭ᠋᠎ᠠ

ᠭᠦᠳᠡᠭᠡ ᠶᠢᠨ ᠮᠢᠬ᠎ᠠ ᠠᠮᠳᠠᠳᠠᠢ

ᠳᠡᠮᠡᠭᠡ ᠰᠠᠢ᠌ᠨ ᠣᠨᠤᠭ᠎ᠠ

ᠬᠤᠷᠤᠳ ᠬᠠᠳᠠᠭᠠᠨ᠎ᠠ

ᠠᠳᠤᠭᠤᠨ ᠰᠥᠷᠦᠭ᠌

ᠭᠦᠳᠡᠭᠡ ᠶᠢᠨ ᠥᠷᠯᠦᠭᠡ

ᠮᠤᠷᠢᠨ ᠤ ᠭᠡᠷᠡᠭ᠍ᠰᠡᠯ ᠪᠠᠯᠠᠳᠤᠨ᠎ᠠ

ᠬᠠᠷᠴᠠᠭᠠᠢ ᠪᠦᠵᠢᠭ᠌

ᠬᠤᠨᠢ ᠬᠠᠢ᠌ᠴᠢᠯᠠᠨ᠎ᠠ

ᠰᠢᠨ᠎ᠠ ᠮᠢᠬ᠎ᠠ ᠵᠠᠢ᠌ᠳᠠᠰᠤᠯᠠᠨ᠎ᠠ

ᠪᠠᠢ᠌ᠭᠠᠯᠢ ᠰᠢᠳᠦᠯᠭᠡ

ᠪᠣᠭᠳᠠ ᠠᠭᠤᠯᠠ ᠶᠢᠨ ᠳᠠᠭᠢᠯᠭ᠎ᠠ

ᠠᠪᠣ ᠶᠢᠨ ᠨᠠᠰᠤᠨ ᠪᠠᠶ‍ᠠᠷ

ᠬᠤᠷᠠᠭ᠎ᠠ ᠢᠮᠨᠡᠭᠡᠤᠨ ᠬᠠᠢ᠌ᠴᠢᠯᠠᠭᠰᠠᠨ ᠴᠢᠭᠢᠨ ᠤ ᠭᠢᠨᠢ ᠥᠵᠦᠭᠦᠷ ᠢ ᠪᠠᠯᠭᠡ ᠪᠣᠯᠭᠠᠨ ᠬᠠᠳᠠᠭᠠᠯᠠᠳᠠᠭ

ᠳᠠᠭᠢᠯᠭ᠎ᠠ ᠳᠠᠭᠠᠤᠠᠬᠠᠯ

ᠣᠯᠠᠮᠵᠢᠯᠠᠯᠳᠤ ᠳᠤᠭᠯᠠᠭᠠᠮ

ᠳᠠᠭᠢᠯ ᠤᠨ ᠡᠳ᠋

ᠨᠠᠭᠠᠳᠤᠮ ᠳᠤ ᠶ‍ᠠᠪᠣᠬᠤ ᠪᠠᠷ ᠪᠠᠢ᠌ᠨ᠎ᠠ

ᠵᠤᠰᠠᠭᠠᠯ ᠳᠡᠭᠡᠷ᠎ᠡ ᠪᠠᠨ

ᠵᠤᠬᠢᠶᠠᠭᠴᠢ᠄ ᠴᠠᠩ ᠱᠸᠩ ᠵᠢᠶ‍ᠧ ᠂ ᠸᠠᠩ ᠰᠢᠤᠸᠠᠢ ᠯᠠᠨ ᠂ ᠵᠠᠩ ᠪᠠᠢ ᠴᠢᠩ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄
ᠳᠠᠷᠤᠮ᠄ 549
ᠴᠠᠭ᠄ 2015 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁