ᠴᠢᠩᠪᠠᠭᠠᠳᠤᠷ ᠄ ᠴᠠᠭᠢᠯᠭᠠᠨ ᠳᠤᠯᠭᠢᠶ‍ᠠᠨ ᠪᠠ ᠳᠠᠭᠤᠤ ᠳᠤᠢᠷᠰᠤ ᠳᠤᠮᠳᠠᠭᠤᠷ ᠵᠤᠷᠴᠢᠭᠴᠢ

ᠣᠢᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠪᠣᠯᠤᠨ ᠣᠢᠪᠣᠷ ᠮᠤᠩᠭ᠋ᠤᠯ ᠤᠨ ᠷᠠᠳᠢᠣ᠊ ᠨᠡᠪᠳᠡᠷᠡᠭᠦᠯᠭᠡ ᠶᠢᠨ ᠥᠵᠡᠭ᠍ᠴᠢᠤᠨ ᠰᠤᠨᠤᠰᠤᠭᠴᠢᠤᠨ ᠴᠢᠩᠪᠠᠭᠠᠳᠤᠷ ᠢ ᠰᠠᠢ᠌ᠨ ᠮᠠᠳᠠᠨ᠎ᠠ ᠃

ᠴᠢᠩᠪᠠᠭᠠᠳᠤᠷ ᠪᠣᠯ ᠰᠢᠯᠢ ᠶᠢᠨ ᠭᠤᠤᠯ ᠠᠢ᠌ᠮᠠᠭ ᠤᠨ ᠭᠦᠪᠠᠭᠡᠳᠤ ᠰᠢᠷ᠎ᠠ ᠬᠤᠰᠢᠭᠤᠨ ᠤ ᠭᠦᠮᠤᠨ ᠶ‍ᠤᠮ ᠃ ᠪᠠᠭ᠎ᠠ ᠨᠠᠰᠤᠨ ᠳᠠᠭᠠᠨ ᠡᠪᠦᠭᠡ ᠳᠡᠭᠡᠨ ᠶ‍ᠡᠭᠡ ᠡᠷᠭᠡᠯᠡᠳᠡᠭ᠌ ᠪᠠᠢ᠌ᠭᠰᠠᠨ ᠴᠤ ᠰᠤᠷᠤᠯᠭ᠎ᠠ ᠶᠢᠨ ᠭᠢᠷᠢ ᠪᠦᠳᠦᠮᠵᠢ ᠨᠢ ᠬᠠᠷᠢᠨ ᠠᠩᠭᠢ ᠳᠠᠭᠠᠨ ᠳᠦᠷᠦᠭᠦᠯᠡᠵᠤ ᠂ ᠰᠤᠷᠭᠠᠭᠤᠯᠢ ᠶᠢᠨ ᠵᠤᠭᠢᠶ‍ᠠᠨ ᠪᠢᠴᠢᠯᠭᠡ ᠂ ᠣᠷᠠᠨ ᠣᠩᠰᠢᠯᠭ᠎ᠠ ᠶᠢᠨ ᠣᠷᠤᠯᠳᠤᠭᠠᠨ ᠳᠤ ᠪᠠᠢ᠌ᠩᠭ᠋ᠤ ᠣᠷᠤᠯᠴᠠᠳᠠᠭ ᠪᠠᠢ᠌ᠵᠠᠢ ᠃

1995 ᠣᠨ ᠳᠤ ᠂ ᠨᠠᠭᠠᠴᠤ ᠡᠭᠡ ᠶᠢᠨ ᠶᠢᠡᠨ ᠳᠤᠰᠠᠯᠠᠯᠭ᠎ᠠ ᠪᠠᠷ ᠪᠠᠷᠠᠭᠤᠨ ᠬᠣᠢ᠌ᠳᠤ ᠶᠢᠨ ᠣᠢᠠᠳᠤᠰᠤᠳᠠᠨ ᠤ ᠳᠡᠭᠡᠳᠤ ᠰᠤᠷᠭᠠᠭᠤᠯᠢ ᠳᠤ ᠣᠷᠤᠵᠤ ᠰᠤᠷᠤᠯᠴᠠᠪᠠ ᠂ ᠡᠡᠳᠡ ᠪᠠᠢ᠌ᠬᠤ ᠳᠠᠭᠠᠨ ᠳᠠᠷᠠ ᠨᠠᠢ᠌ᠵᠠ ᠨᠥᠭᠦᠤᠨ ᠠᠷᠪᠢᠨ ᠂ ᠬᠠᠷᠢᠯᠴᠠᠭ᠎ᠠ ᠭᠦᠳᠡᠯᠭᠡᠭᠡᠨ ᠶ‍ᠡᠭᠡᠳᠡᠢ ᠰᠤᠷᠤᠭᠴᠢ ᠪᠠᠢ᠌ᠵᠠᠢ ᠃ ᠰᠤᠷᠭᠠᠭᠤᠯᠢ ᠪᠠᠨ ᠳᠡᠭᠦᠰᠭᠡᠭᠡᠤᠨ ᠴᠢᠩᠪᠠᠭᠠᠳᠤᠷ CD ᠬᠤᠳᠠᠯᠳᠤᠭᠴᠢ ᠂ ᠥᠢᠯᠡᠴᠢᠯᠡᠭ᠍ᠴᠢ ᠭᠡᠭᠦ ᠮᠠᠳᠤ ᠶᠢᠨ ᠠᠵᠢᠯ ᠢ ᠴᠤ ᠭᠢᠵᠤ ᠥᠩᠭᠡᠷᠡᠪᠡ ᠃ 1997 ᠣᠨ ᠤ ᠡᠪᠦᠯ ᠂ ᠣᠢᠪᠣᠷ ᠮᠤᠩᠭ᠋ᠤᠯ ᠤᠨ ᠷᠠᠳᠢᠣ᠊ ᠬᠤᠷᠢᠶ‍ᠠᠨ ᠤ ᠨᠡᠪᠳᠡᠷᠡᠭᠦᠯᠦᠭ᠍ᠴᠢ ᠶᠢᠨ ᠰᠢᠯᠭᠠᠯᠳᠠ ᠳᠤ ᠣᠷᠤᠭᠠᠤᠨ ᠠᠮᠵᠢᠯᠳᠠ ᠳᠤ ᠭᠦᠷᠴᠤ ᠴᠢᠳᠠᠭ᠎ᠠ ᠦᠭᠡᠶ ᠃ ᠡᠭᠡ ᠶᠢᠨ ᠶᠢᠡᠨ ᠵᠢᠯᠤᠭᠤᠳᠤᠯᠭ᠎ᠠ ᠪᠠᠷ ᠠᠯᠪᠠᠨ ᠳᠤᠰᠢᠶ‍ᠠᠯᠳᠠᠨ ᠤ ᠰᠢᠯᠭᠠᠯᠳᠠ ᠳᠤ ᠣᠷᠤᠭᠠᠤᠨ ᠠᠵᠢᠯ ᠤᠨ ᠪᠠᠢ᠌ᠷᠢᠨ ᠳᠤ ᠭᠠᠷᠤᠮᠠᠷ ᠪᠠᠢ᠌ᠳᠠᠯ᠎ᠠ ᠣᠢᠪᠣᠷ ᠮᠤᠩᠭ᠋ᠤᠯ ᠤᠨ ᠷᠠᠳᠢᠣ᠊ ᠬᠤᠷᠢᠶ‍ᠠᠨ ᠡᠴᠡ ᠣᠳᠠᠰᠤ ᠢᠷᠡᠭᠦᠯᠵᠤ ᠂ ᠳᠤᠰ ᠬᠤᠷᠢᠶ‍ᠠᠨ ᠳᠤ ᠳᠠᠳᠤᠯᠭ᠎ᠠ ᠭᠢᠭᠦ ᠳᠤᠷᠠᠳᠠᠢ ᠡᠰᠡᠭᠦ ᠶᠢ ᠨᠢ ᠠᠰᠠᠭᠤᠭᠰᠠᠨ ᠪᠠᠢ᠌ᠪᠠ ᠃ ᠥᠴᠦᠭᠡᠨ ᠴᠠᠯᠢᠩ ᠲᠡᠶ ᠳᠠᠳᠤᠯᠭ᠎ᠠ ᠶᠢᠨ ᠠᠵᠢᠯ ᠪᠠ ᠣᠢᠠᠳᠤᠷ ᠣᠷᠤᠯᠭ᠎ᠠ ᠲᠡᠶ ᠠᠯᠪᠠᠨ ᠳᠤᠰᠢᠶ‍ᠠᠯᠳᠠᠨ ᠤ ᠠᠵᠢᠯ ᠬᠤᠶ‍ᠠᠷ ᠡᠴᠡ ᠳᠠᠷᠠ ᠶ‍ᠠᠮᠠᠷ ᠴᠤ ᠡᠷᠡᠭᠡᠯᠵᠡᠯ ᠦᠭᠡᠶ ᠨᠡᠪᠳᠡᠷᠡᠭᠦᠯᠦᠭ᠍ᠴᠢ ᠶᠢᠨ ᠠᠵᠢᠯ ᠢ ᠰᠤᠩᠭ᠋ᠤᠵᠠᠢ ᠃ 2001 ᠣᠨ ᠪᠣᠯᠬᠤ ᠳᠤ ᠂ ᠳᠠᠷᠠ ᠣᠢᠪᠣᠷ ᠮᠤᠩᠭ᠋ᠤᠯ ᠤᠨ ᠷᠠᠳᠢᠣ᠊ ᠬᠤᠷᠢᠶ‍ᠠᠨ ᠤ ᠪᠣᠱᠤᠭ᠎ᠠ ᠶᠢ ᠵᠢᠩᠭᠢᠨᠢ ᠪᠠᠷ ᠠᠯᠬᠤᠵᠤ ︽ ᠣᠢᠳᠠᠰᠢ ᠶᠢᠨ ᠴᠢᠯᠦᠭᠡ ︾ ᠫᠷᠦᠭ᠍ᠷᠡᠮ ᠢ ᠰᠢᠭᠤᠳ ᠨᠡᠪᠳᠡᠷᠡᠭᠦᠯᠵᠤ ᠡᠭᠢᠯᠡᠭᠡᠤᠨ ᠂ ᠨᠡᠪᠳᠡᠷᠡᠭᠦᠯᠦᠭ᠍ᠴᠢ ᠪᠣᠯᠬᠤ ᠵᠡᠭᠦᠳᠤ ᠨᠢ ᠪᠠᠶ‍ᠡᠯᠡᠭ᠍ᠳᠡᠪᠡ ᠃

2005 ᠣᠨ ᠡᠴᠡ ᠡᠭᠢᠯᠡᠵᠤ ᠂ ᠮᠤᠩᠭ᠋ᠤᠯ ᠣᠳᠤᠨ ᠳᠸᠯᠸᠢᠰ ᠤᠨ ︽ ᠰᠤᠶ‍ᠤᠯ ᠡᠷᠳᠡᠨᠢ ᠳᠡᠯᠭᠡᠴᠡ ︾ ᠫᠷᠦᠭ᠍ᠷᠡᠮ ᠢ ᠬᠠᠪᠰᠤᠷᠭᠠᠨ ᠭᠦᠳᠦᠯᠪᠡ ᠂ 2008 ᠣᠨ ᠡᠴᠡ ᠡᠭᠢᠯᠡᠨ ᠂ ᠮᠤᠩᠭ᠋ᠤᠯ ᠣᠳᠤᠨ ᠳᠸᠯᠸᠢᠰ ᠤᠨ ᠵᠤᠭ᠎ᠠ ᠴᠡᠩᠭᠡᠭᠡᠨ ᠤ ᠫᠷᠦᠭ᠍ᠷᠡᠮ ︽ ᠭᠤᠷᠪᠠᠨ ᠳᠠᠪᠠᠭ᠎ᠠ ︾ ᠶᠢ ᠭᠦᠳᠦᠯᠵᠡᠢ ᠃ ᠨᠠᠢᠮᠠᠨ ᠮᠤᠵᠢ ᠣᠷᠤᠨ ᠤ ᠮᠤᠩᠭ᠋ᠤᠯ ᠳᠠᠭᠤᠤ ᠶᠢᠨ ᠳᠸᠯᠸᠢᠰ ᠱᠠᠩᠨᠠᠯᠳᠤ ᠣᠷᠤᠯᠳᠤᠭᠠᠨ ᠂ ᠨᠠᠢᠮᠠᠨ ᠮᠤᠵᠢ ᠣᠷᠤᠨ ᠤ ᠮᠤᠩᠭ᠋ᠤᠯ ᠭᠡᠯᠡᠨ ᠤ ᠨᠡᠪᠳᠡᠷᠡᠭᠦᠯᠦᠭ᠍ᠴᠢ ᠭᠦᠳᠦᠯᠦᠭ᠍ᠴᠢ ᠶᠢᠨ ᠳᠸᠯᠸᠢᠰ ᠱᠠᠩᠨᠠᠯᠳᠤ ᠣᠷᠤᠯᠳᠤᠭᠠᠨ ᠂ ᠣᠯᠠᠨ ᠣᠯᠤᠰ ᠤᠨ ᠣᠷᠳᠤ ᠶᠢᠨ ᠳᠠᠭᠤᠤ ᠶᠢᠨ ᠠᠩᠬᠠᠳᠤᠭᠠᠷ ᠣᠳᠠᠭᠠᠨ ᠤ ᠳᠸᠯᠸᠢᠰ ᠱᠠᠩᠨᠠᠯᠳᠤ ᠣᠷᠤᠯᠳᠤᠭᠠᠨ ᠂ ᠣᠢᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ 60 ᠵᠢᠯ ᠤᠨ ᠣᠢ ᠳᠤ ᠵᠤᠷᠢᠭᠤᠯᠤᠭᠰᠠᠨ ᠪᠦᠭᠡ ᠶᠢᠨ ᠠᠪᠣᠷᠭᠤᠴᠤᠳ ᠤᠨ ᠨᠠᠢ᠌ᠷ ᠢ ᠣᠷᠢᠤᠨ ᠬᠤᠵᠢᠤᠨ ᠭᠦᠳᠦᠯᠵᠤ ᠥᠩᠭᠡᠷᠡᠵᠡᠢ ᠃ 2007 ᠣᠨ ᠤ ᠳᠤᠮᠳᠠᠳᠤ ᠮᠤᠩᠭ᠋ᠤᠯ ᠬᠤᠶ‍ᠠᠷ ᠣᠯᠤᠰ ᠤᠨ ᠴᠠᠭᠠᠨ ᠰᠠᠷ᠎ᠠ ᠶᠢᠨ ᠥᠳᠡᠰᠢᠯᠡᠭᠡ ᠂ ᠮᠤᠩᠭ᠋ᠤᠯ ᠣᠳᠤᠨ ᠳᠸᠯᠸᠢᠰ ᠤᠨ ᠴᠠᠭᠠᠨ ᠰᠠᠷ᠎ᠠ ᠶᠢᠨ ᠥᠳᠡᠰᠢᠯᠡᠭᠡ ᠂ ᠮᠤᠩᠭ᠋ᠤᠯ ᠣᠳᠤᠨ ᠳᠸᠯᠸᠢᠰ ᠤᠨ 30 ᠵᠢᠯ ᠤᠨ ᠣᠢ ᠶᠢ ᠪᠠᠯᠭᠡᠯᠡᠭᠦ ᠥᠳᠡᠰᠢᠯᠡᠭᠡ ᠵᠡᠷᠭᠡ ᠣᠷᠠᠨ ᠰᠠᠢ᠌ᠬᠠᠨ ᠤ ᠥᠳᠡᠰᠢᠯᠡᠭᠡ ᠳᠤ ᠭᠦᠳᠦᠯᠦᠭ᠍ᠴᠢ ᠪᠣᠯᠵᠤ ᠂ ᠥᠵᠡᠭ᠍ᠴᠢ ᠣᠯᠠᠨ ᠤ ᠭᠦᠷᠢᠶ‍ᠡᠯᠡᠯ ᠢ ᠣᠯᠤᠭᠰᠠᠨ ᠪᠠᠢ᠌ᠨ᠎ᠠ ᠃

2005 ᠳᠤ ︽ ᠣᠢᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠷᠠᠳᠢᠣ᠊ ᠳᠸᠯᠸᠢᠰ ᠬᠤᠷᠢᠶ‍ᠠᠨ ᠤ ᠰᠤᠳᠤᠨ ᠠᠵᠢᠯᠳᠠᠨ ︾ ᠶᠢᠡᠷ ᠂ 2007 ᠣᠨ ᠳᠤ ︽ ᠣᠢᠪᠣᠷ ᠮᠤᠩᠭ᠋ᠤᠯ ᠤᠨ ᠭᠠᠳᠠᠭᠠᠳᠤ ᠣᠬᠠᠭᠤᠯᠭ᠎ᠠ ᠶᠢᠨ ᠳᠡᠷᠢᠭᠦᠨ ᠤ ᠠᠵᠢᠯᠳᠠᠨ ︾ ᠂ ︽ ᠣᠢᠪᠣᠷ ᠮᠤᠩᠭ᠋ᠤᠯ ᠤᠨ ᠳᠸᠯᠸᠢᠰ ᠬᠤᠷᠢᠶ‍ᠠᠨ ᠤ ᠠᠩᠬᠠᠳᠤᠭᠠᠷ ᠣᠳᠠᠭᠠᠨ ᠤ ᠠᠷᠪᠠᠨ ᠰᠢᠯᠢᠳᠡᠭ᠌ ᠨᠡᠪᠳᠡᠷᠡᠭᠦᠯᠦᠭ᠍ᠴᠢ ᠭᠦᠳᠦᠯᠦᠭ᠍ᠴᠢ ︾ ᠵᠡᠷᠭᠡ ᠪᠠᠷ ᠥᠨᠡᠯᠡᠭ᠍ᠳᠡᠪᠡ ᠃ ︽ ᠠᠯᠳᠠᠨ ᠮᠸᠳᠠᠯ ᠂ ᠮᠥᠩᠭᠦᠨ ᠮᠸᠳᠠᠯ ᠢ ᠪᠢ ᠭᠦᠭᠡᠭᠡᠴᠡᠯᠳᠦᠭᠦ ᠦᠭᠡᠶ ᠂ ᠬᠠᠮᠤᠭ ᠭᠤᠤᠯ ᠨᠢ ᠠᠵᠢᠯ ᠳᠠᠭᠠᠨ ᠣᠰᠤᠯᠳᠠᠬᠤ ᠦᠭᠡᠶ ᠪᠠᠢ᠌ᠬᠤ ᠭᠡᠷᠡᠭ᠍ᠳᠡᠢ ᠂ ᠰᠤᠨᠤᠰᠤᠭᠴᠢᠤᠨ ᠥᠵᠡᠭ᠍ᠴᠢᠤᠨ ᠲᠡᠭᠡᠨ ᠰᠢᠳᠤᠷᠭᠤ ᠪᠠᠷ ᠥᠢᠯᠡᠴᠢᠯᠡᠭᠦ ᠯᠠ ᠭᠡᠷᠡᠭ᠍ᠳᠡᠢ ᠭᠡᠵᠤ ᠣᠢᠪᠠᠷ ᠢ ᠪᠠᠨ ᠱᠠᠭᠠᠷᠳᠠᠳᠠᠭ ︾ ᠭᠡᠵᠤ ᠴᠢᠩᠪᠠᠭᠠᠳᠤᠷ ᠭᠡᠯᠡᠵᠤ ᠪᠠᠢ᠌ᠪᠠ ᠃ ( шараа ᠨᠠᠢ᠌ᠷᠠᠭᠤᠯᠤᠨ ᠣᠷᠴᠢᠭᠤᠯᠪᠠ )


ᠨᠠᠮᠪᠠᠭᠠᠯᠢᠭ ᠳᠦᠷᠭᠦ

ᠰᠢᠯᠢᠩᠬᠤᠳᠠ ᠳᠤ ᠫᠷᠦᠭ᠍ᠷᠡᠮ ᠭᠦᠳᠦᠯᠵᠤ ᠪᠠᠢ᠌ᠭ᠎ᠠ ᠨᠢ

ᠨᠤᠳᠤᠭ ᠲᠠᠭᠠᠨ ᠫᠷᠦᠭ᠍ᠷᠡᠮ ᠭᠦᠳᠦᠯᠵᠤ ᠪᠠᠢ᠌ᠭ᠎ᠠ ᠨᠢ

ᠨᠡᠪᠳᠡᠷᠡᠭᠦᠯᠭᠡ ᠶᠢᠨ ᠥᠷᠦᠭᠡᠨ ᠳᠤ

︽ ᠭᠤᠷᠪᠠᠨ ᠳᠠᠪᠠᠭ᠎ᠠ ︾ ᠫᠷᠦᠭ᠍ᠷᠡᠮ ᠤᠨ ᠠᠬᠤᠢ ᠳᠠᠯᠠᠪᠠᠢ

ᠥᠵᠡᠭ᠍ᠴᠢᠤᠨ ᠤᠨ ᠳᠤᠮᠳᠠ

ᠣᠢᠵᠤᠮᠤᠴᠢᠨ ᠳᠤ

ᠵᠤᠬᠢᠶᠠᠭᠴᠢ᠄ ᠢᠩᠭᠡᠷ
ᠢᠷᠡᠯᠲᠡ᠄ ᠣᠢᠠᠳᠤᠰᠤᠳᠠᠨ ᠤ ᠵᠢᠷᠤᠭᠳᠤ ᠰᠡᠦᠡᠭᠦᠯ ᠤᠨ ᠬᠤᠷᠢᠶ᠎ᠠ
ᠬᠠᠷᠢᠶ᠎ᠠ᠄
ᠳᠠᠷᠤᠮ᠄ 352
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁