ᠲᠠᠯ᠎ᠠ ᠨᠤᠲᠤᠭ ᠦᠨ ᠴᠠᠢ ᠵᠢᠨ ᠵᠠᠮ

1689ᠤᠨ ᠳᠦ ᠲᠤᠮᠳᠠᠳᠤ ᠤᠷᠤᠰ ᠬᠤᠶᠠᠷ ᠤᠯᠤᠰ ᠴᠠᠢ ᠵᠢᠨ ᠠᠷᠠᠯᠵᠢᠶ᠎ᠠ ᠬᠢᠬᠦ ᠪᠡᠷ ᠲᠤᠭᠳᠠᠪᠠ᠃1692ᠤᠨ ᠦ 3 ᠰᠠᠷ᠎ᠠ ᠵᠢᠨ 3 ᠦ ᠡᠳᠦᠷ᠂ᠤᠷᠤᠰ ᠦᠨ ᠬᠤᠳᠠᠯᠳᠤᠭᠠᠨ ᠦ ᠲᠡᠮᠡᠭᠡᠨ ᠵᠢᠩ ᠮᠤᠰᠺᠧᠠ ᠡᠴᠡ ᠮᠤᠷᠳᠠᠵᠦ᠂1693ᠤᠨ ᠦ11ᠰᠠᠷ᠎ᠠ ᠵᠢᠨ 3 ᠦ ᠡᠳᠦᠷ ᠪᠡᠭᠡᠵᠢᠩ ᠳᠦ ᠢᠷᠡᠵᠦ᠂1694ᠤᠨ ᠦ 2ᠰᠠᠷ᠎ᠠ ᠵᠢᠨ 19 ᠦ ᠡᠳᠦᠷ ᠲᠤᠮᠳᠠᠳᠦ ᠤᠯᠤᠰ ᠦᠨ ᠴᠠᠢ ᠵᠢ ᠲᠦᠭᠦᠷᠳᠡᠯ᠎ᠠ ᠠᠴᠢᠭᠠᠳ ᠪᠡᠭᠡᠵᠢᠩ ᠡᠴᠡ ᠮᠤᠷᠳᠡᠵᠦ᠂ᠲᠠᠷᠠᠭ᠎ᠠ ᠵᠢᠯ ᠦᠨ ᠬᠢ 2ᠰᠠᠷ᠎ᠠ ᠵᠢᠨ 1 ᠦ ᠡᠳᠦᠷ ᠮᠤᠰᠺᠧᠠ ᠳᠦ ᠪᠠᠨ ᠬᠠᠷᠢᠭᠰᠠᠨ ᠪᠠᠢᠢᠵᠠᠢ᠃ᠡᠭᠦᠨ ᠡᠴᠡ ᠬᠤᠢᠢᠰᠢ᠂ᠲᠡᠯᠡᠬᠡᠢ ᠵᠢᠨ ᠭᠠᠵᠠᠷ ᠦᠨ ᠵᠢᠷᠤᠭ ᠲᠡᠭᠡᠷ᠎ᠠ ᠹᠦᠵᠢᠶᠠᠨ ᠦ ᠡᠥ ᠢ ᠱᠠᠨ᠂ᠬᠤᠨᠠᠨ ᠦ ᠠᠨᠬᠤᠸᠠ ᠡᠴᠡ ᠡᠬᠢᠯᠡᠵᠦ᠂ᠬᠠᠨᠺᠧᠥ ᠂ᠪᠡᠭᠡᠵᠢᠩ᠂ᠬᠦᠢᠬᠤᠸᠠ(ᠡᠳᠦᠬᠡ ᠵᠢᠨ ᠬᠦᠬᠡᠬᠤᠳᠠ)᠂ᠬᠦᠷᠢᠶ᠎ᠠ(ᠡᠳᠦᠭᠡ ᠵᠢᠨ ᠮᠤᠩᠭ᠋ᠤᠯ ᠦᠨ ᠨᠡᠢᠢᠰᠯᠡᠯ ᠤᠯᠠᠭᠠᠨᠪᠠᠭᠠᠳᠤᠷ)᠂ᠬᠢᠶᠠᠨᠲᠦ ᠪᠡᠷ ᠲᠠᠮᠵᠢᠨ ᠤᠷᠤᠰ ᠦᠨ ᠢᠷᠺᠤᠢᠽᠢᠺ᠂ᠦᠷᠸᠠᠪᠤᠢᠷᠠᠭ᠌᠂ᠮᠤᠰᠺᠧᠠ ᠬᠦᠷᠴᠦ᠂ᠡᠴᠦᠰ ᠲᠦ ᠰᠠᠨᠲ ᠫᠧᠲ᠋ᠷᠪᠤᠢᠷᠡᠭ ᠲᠦ ᠤᠴᠢᠳᠠᠭ ᠲᠦᠮᠡᠨ ᠭᠠᠵᠠᠷ ᠦᠨ ᠬᠤᠳᠠᠯᠳᠤᠭᠠᠨ ᠦ ᠵᠠᠮ ᠭᠠᠷᠴᠠᠢ᠃ ᠡᠨᠡ ᠪᠤᠯ ᠴᠠᠢ ᠵᠢᠨ ᠠᠷᠠᠯᠵᠢᠶ᠎ᠠ ᠪᠡᠷ ᠡᠬᠢᠯᠡᠨ ᠨᠡᠭᠡᠭᠡᠭ᠍ᠳᠡᠵᠦ᠂ᠬᠤᠶᠠᠷ ᠵᠠᠭᠤ ᠵᠢᠯ ᠭᠠᠷᠤᠢ ᠵᠢᠯ ᠦᠷᠭᠦᠯᠵᠢᠯᠡᠭᠰᠡᠨ ᠠᠽᠢᠶ᠎ᠠ ᠡᠧᠤᠢᠷᠦᠫᠡ ᠵᠢᠨ ᠬᠤᠳᠠᠯᠳᠤᠭᠠᠨ ᠦ ᠵᠠᠮ ᠪᠦᠬᠡᠳ ᠴᠠᠢ ᠵᠢᠨ ᠵᠦᠬᠡᠬᠡᠪᠦᠷᠢ ᠪᠡᠷ ᠭᠤᠤᠯᠯᠠᠭ᠌ᠰᠠᠨ ᠤᠴᠢᠷ ᠲᠤᠮᠳᠠᠳᠤ ᠮᠤᠩᠭ᠋ᠤᠯ ᠤᠷᠤᠰ ᠭᠤᠷᠪᠠᠨ ᠤᠯᠤᠰ ᠦᠨ ᠬᠢᠨ 《ᠴᠠᠢ ᠵᠢᠨ ᠵᠠᠮ》ᠭᠡᠳᠡᠭ ᠪᠢᠯᠡ᠃

《ᠴᠠᠢ ᠵᠢᠨ ᠵᠠᠮ》 ᠦᠨ ᠲᠠᠸᠠᠷ ᠦᠨ ᠠᠴᠢᠶ᠎ᠠ ᠶᠡᠬᠡ ᠪᠦᠬᠡᠳ ᠠᠵᠦ ᠠᠬᠤᠢ ᠵᠢᠨ ᠠᠴᠢ ᠬᠤᠯᠪᠤᠭᠳᠠᠯ ᠨᠢ ᠴᠦ ᠮᠠᠰᠢ ᠶᠡᠬᠡ ᠶᠤᠮ᠃ᠲᠦᠮᠡ ᠪᠡᠷ ᠲᠤᠭᠠᠯᠠᠭᠳᠠᠬᠤ ᠲᠡᠮᠡᠭᠡᠨ ᠵᠢᠩ ᠮᠤᠨᠳᠠᠭ ᠶᠡᠬᠡ ᠬᠡᠮᠵᠢᠶᠡᠨ ᠦ ᠪᠠᠷᠠᠭ᠎ᠠ ᠲᠠᠸᠠᠷ ᠢ ᠠᠴᠢᠵᠦ ᠵᠦᠬᠡᠬᠡᠪᠦᠷᠢᠯᠡᠬᠦ ᠠᠶᠠᠨ ᠬᠤᠶᠠᠷ ᠵᠠᠭᠤᠨ ᠭᠠᠷᠦᠢ ᠬᠤᠭᠤᠴᠠᠭ᠎ᠠ ᠵᠢ ᠲᠠᠮᠵᠢᠭᠰᠠᠨ ᠪᠢᠯᠡ᠂ᠲᠤᠮᠳᠠᠳᠤ ᠮᠤᠩᠭ᠋ᠤᠯ ᠤᠷᠤᠰ ᠭᠤᠷᠪᠠᠨ ᠤᠯᠤᠰ ᠦᠨ ᠬᠤᠳᠠᠯᠳᠤᠭᠠᠴᠢᠳ ᠠᠮᠢ ᠨᠠᠰᠦ ᠬᠤᠪᠢ ᠵᠠᠶᠠᠭ᠎ᠠ ᠪᠡᠷ ᠵᠢᠡᠨ ᠲᠦᠰᠢᠯᠴᠡᠨ᠂ᠵᠢᠯ ᠪᠦᠷᠢ ᠲᠤᠮᠳᠠᠳᠦ ᠤᠯᠤᠰ ᠡᠴᠡ ᠤᠷᠤᠰ ᠲᠦ ᠬᠡᠳᠦᠨ ᠠᠷᠪᠠᠨ ᠲᠦᠮᠡᠨ ᠲᠠᠮᠨᠠᠭᠤᠷ ᠴᠠᠢ ᠵᠦᠭᠡᠭᠡᠳᠡᠭ ᠪᠠᠢᠢᠭᠰᠠᠨ ᠪᠦᠬᠡᠳ ᠲᠤᠮᠳᠠᠳᠦ ᠤᠯᠤᠰ ᠲᠦ ᠵᠦᠬᠡᠬᠡᠪᠦᠷᠢᠯᠡᠳᠡᠭ ᠠᠷᠠᠰᠦ ᠨᠤᠤᠰᠦ᠂ᠡᠮ ᠦᠨ ᠮᠠᠲ᠋ᠧᠷᠢᠶᠡᠯ᠂ᠬᠤᠨᠢ ᠠᠳᠤᠭᠤ ᠬᠡᠪᠡᠯ ᠨᠡᠩ ᠴᠦ ᠲᠤᠭ᠎ᠠ ᠲᠤᠮᠰᠢ ᠦᠭᠡᠢ ᠪᠠᠢᠢᠪᠠ᠃ᠡᠨᠡ ᠠᠯᠳᠠᠷᠲᠦ ᠴᠠᠢ ᠵᠢᠨ ᠵᠠᠮ ᠨᠢ ᠲᠤᠷᠤᠨ᠎ᠠ ᠦᠷᠦᠨ᠎ᠠ ᠵᠢᠨ ᠠᠷᠠᠯᠵᠢᠶ᠎ᠠ ᠳᠦ  ᠲᠦᠢᠯ ᠦᠨ ᠴᠢᠬᠤᠯᠠ ᠦᠢᠯᠡᠳᠦᠯ ᠦᠵᠡᠬᠦᠯᠵᠦ ᠪᠠᠢᠢᠭᠰᠠᠨ ᠪᠦᠬᠡᠳ ᠠᠽᠢᠶ᠎ᠠ ᠧᠤᠢᠷᠦᠫᠡ ᠵᠢᠨ ᠡᠬᠡ ᠬᠠᠭᠤᠷᠠᠢ ᠵᠢᠨ ᠲᠤᠳᠤᠭᠠᠳᠦ ᠵᠢᠨ ᠰᠤᠶᠤᠯ ᠦᠨ ᠰᠤᠯᠢᠯᠴᠠᠭ᠎ᠠ ᠠᠭᠤᠰᠤᠯᠴᠠᠯ ᠢ ᠪᠤᠢ ᠪᠤᠯᠭᠠᠪᠠ᠃ᠡᠨᠡ ᠬᠤᠶᠠᠷ ᠲᠢᠪ ᠦᠨ ᠠᠷᠠᠳ ᠲᠦᠮᠡᠨ ᠶᠠᠭ ᠡᠨᠡ ᠵᠠᠮ ᠵᠢᠡᠷ ᠬᠤᠶᠠᠷ ᠲᠠᠯ᠎ᠠ ᠵᠢᠨ ᠪᠤᠯᠪᠠᠰᠤᠨ ᠵᠢᠡᠨ ᠨᠡᠪᠲᠡᠷᠡᠭᠦᠯᠵᠦ ᠰᠤᠯᠢᠯᠴᠠᠵᠦ ᠴᠢᠳᠠᠭᠰᠠᠨ ᠪᠢᠯᠡ᠃

ᠡᠳᠦᠬᠡ ᠡᠨᠡ ᠬᠦ ᠴᠠᠢ ᠵᠢᠨ ᠵᠠᠮ ᠢ ᠭᠤᠷᠪᠠᠨ ᠤᠯᠤᠰ ᠦᠨ ᠡᠷᠳᠡᠮ ᠰᠢᠨᠵᠢᠯᠡᠭᠡᠨ᠂ᠰᠤᠶᠤᠯ᠂ᠠᠵᠦ ᠠᠬᠤᠢ ᠵᠢᠨ ᠬᠢᠨ ᠬᠠᠮᠳᠦ ᠵᠢᠨ ᠰᠤᠶᠤᠯ ᠲᠡᠥᠬᠡ ᠵᠢᠨ ᠨᠠᠨᠳᠢᠨ ᠪᠠᠶᠠᠯᠢᠭ ᠬᠡᠮᠡᠨ ᠦᠵᠡᠵᠦ ᠪᠤᠢ᠃ᠴᠠᠢ ᠵᠢᠨ ᠵᠠᠮ ᠢ ᠢᠳᠡᠪᠬᠢᠲᠡᠢ ᠪᠡᠷ ᠠᠭᠤᠳᠠᠯᠤᠨ ᠨᠡᠭᠡᠭᠡᠵᠦ᠂ᠭᠤᠷᠪᠠᠨ ᠤᠯᠤᠰ ᠦᠨ ᠴᠠᠢ ᠵᠢᠨ ᠵᠠᠮ ᠦᠨ ᠵᠤᠭᠠᠴᠠᠯ᠂ᠠᠷᠠᠯᠵᠢᠶ᠎ᠠ᠂ᠰᠤᠶᠤᠯ ᠦᠨ ᠰᠤᠯᠢᠯᠴᠠᠭ᠎ᠠ ᠵᠢ ᠡᠭᠦᠳᠴᠦ᠂ᠤᠯᠠᠨ ᠤᠯᠤᠰ ᠦᠨ ᠠᠷᠠᠯᠵᠢᠶ᠎ᠠ ᠬᠠᠮᠳᠤᠷᠠᠯᠴᠠᠭ᠎ᠠ ᠵᠢ ᠠᠬᠢᠭᠤᠯᠤᠨ᠂ᠠᠷᠠᠳ ᠲᠦᠮᠡᠨ ᠦ ᠬᠤᠭᠤᠷᠤᠨᠳᠦ ᠬᠢ ᠨᠠᠢᠢᠷᠠᠮᠳᠠᠯ ᠨᠦᠬᠦᠷᠯᠡᠯ ᠢ ᠵᠤᠵᠠᠭᠠᠳᠬᠠᠵᠦ᠂ᠡᠨᠡ ᠲᠡᠥᠬᠡ ᠪᠡ ᠬᠦᠮᠦᠯᠢᠭ ᠦᠨ ᠠᠴᠢ ᠬᠤᠯᠪᠤᠭᠳᠠᠯ ᠲᠠᠢ ᠠᠷᠠᠯᠵᠢᠶ᠎ᠠ ᠮᠠᠢᠢᠮᠠᠢ ᠵᠢᠨ ᠵᠠᠮ ᠢ ᠡᠳᠦᠬᠡ  ᠶᠠᠭ ᠰᠠᠢᠢᠬᠠᠨ ᠨᠦᠬᠦᠷᠯᠡᠯ᠂ᠡᠩᠬᠡ ᠲᠠᠢᠢᠪᠤᠩ᠂ᠡᠶ᠎ᠠ ᠵᠤᠬᠢᠴᠠᠯ ᠦᠨ ᠵᠠᠮ ᠪᠤᠯᠭᠠᠵᠦ ᠪᠠᠢᠢᠨ᠎ᠠ᠃

ᠴᠠᠢ ᠵᠢᠨ ᠵᠠᠮ ᠦᠨ ᠵᠢᠷᠤᠭ

ᠴᠦᠯ ᠢ ᠲᠤᠭᠤᠯᠬᠤ ᠲᠡᠮᠡᠬᠡᠨ ᠵᠢᠩ

ᠬᠡᠪ ᠦᠨ ᠴᠠᠢ

ᠬᠠᠨᠺᠧᠥ ᠳᠦ ᠬᠢ ᠴᠠᠢ ᠪᠤᠯᠪᠠᠰᠤᠷᠠᠭᠤᠯᠬᠤ ᠦᠢᠯᠡᠳᠪᠦᠷᠢ ᠳᠦ ᠠᠵᠢᠯᠴᠢᠳ ᠴᠠᠢ ᠪᠤᠭᠤᠳᠠᠯᠯᠠᠵᠦ ᠪᠤᠢ

ᠬᠦᠢᠬᠤᠸᠠ ᠵᠢᠨ ᠲᠡᠮᠡᠭᠡᠨ ᠵᠦᠬᠡᠬᠡᠪᠦᠷᠢ ᠵᠢᠨ ᠬᠤᠷᠢᠶ᠎ᠠ

ᠴᠠᠢ ᠵᠦᠬᠡᠬᠡᠬᠦ ᠤᠷᠤᠰ ᠦᠨ ᠲᠡᠮᠡᠬᠡᠨ ᠵᠢᠩ

ᠴᠢᠭᠤᠯᠤᠯᠲᠦ ᠬᠠᠭᠠᠯᠭ᠎ᠠ ᠵᠢᠨ ᠯᠠᠭᠤᠰᠠᠨ ᠲᠡᠷᠭᠡ ᠮᠤᠷᠢᠨ ᠲᠡᠷᠬᠡ

ᠤᠷᠤᠰ ᠦᠨ ᠬᠢᠶᠠᠨᠳᠦ ᠵᠢᠨ ᠪᠤᠭᠤᠮᠳᠠ ᠵᠢᠨ ᠴᠠᠢ ᠬᠠᠳᠠᠭᠠᠯᠠᠬᠤ ᠪᠠᠷᠠᠭᠠᠨ ᠦ ᠪᠠᠭᠤᠳᠠᠯ

ᠴᠠᠢ ᠵᠦᠬᠡᠬᠡᠳᠡᠭ ᠤᠷᠤᠰ ᠦᠨ ᠲᠡᠮᠡᠭᠡᠨ ᠵᠢᠩ

18 ᠳ᠋ᠤᠭᠠᠷ ᠵᠠᠭᠤᠨ ᠦ ᠰᠠᠨᠲ ᠫᠧᠲ᠋ᠧᠷᠪᠤᠢᠷᠡᠭ ᠪᠤᠯ ᠴᠠᠢ ᠵᠢᠨ ᠵᠠᠮ ᠦᠨ ᠪᠠᠷᠠᠭᠤᠨ ᠲᠡᠭᠦᠰᠭᠡᠯ

ᠬᠢᠶᠠᠨᠳᠦ ᠵᠢᠨ ᠴᠠᠢ ᠵᠨ ᠠᠷᠠᠯᠵᠢᠶ᠎ᠠ ᠵᠢᠨ ᠵᠠᠬ᠎ᠠ

ᠨᠠᠢᠮᠠᠨ ᠬᠤᠳᠠ ᠳᠦ ᠬᠢ ᠲᠤᠮᠳᠠᠳᠦ ᠤᠯᠤᠰ ᠦᠨ ᠮᠠᠢᠢᠮᠠᠢᠢᠴᠢᠨ

ᠴᠢᠩ ᠤᠯᠤᠰ ᠦᠨ ᠵᠠᠰᠠᠭ ᠦᠨ ᠤᠷᠳᠤᠨ ᠡᠴᠡ ᠬᠢᠶᠠᠨᠳᠦ ᠳᠦ ᠰᠠᠭᠤᠭ᠎ᠠ ᠲᠤᠰᠢᠶᠠᠯᠲᠠᠨ

ᠨᠠᠢᠮᠠᠨ ᠬᠤᠳᠠ

ᠲᠡᠥᠬᠡ ᠤᠯᠠᠮᠵᠢᠯᠠᠯ ᠲᠠᠢ ᠤᠷᠤᠰ ᠦᠨ ᠴᠠᠢ ᠵᠢᠨ ᠲᠡᠯᠬᠡᠬᠦᠷ

18 ᠳ᠋ᠤᠭᠠᠷ ᠵᠠᠭᠤᠨ ᠦ ᠦᠶ᠎ᠠ ᠵᠢᠨ ᠤᠷᠤᠰ ᠦᠨ ᠲᠤᠮᠳᠠᠳᠦ ᠤᠯᠤᠰ ᠦᠨ ᠴᠠᠢ ᠵᠢᠨ ᠲᠡᠯᠬᠡᠬᠦᠷ

ᠤᠳᠤ ᠵᠢᠨ ᠬᠢᠶᠠᠨᠳᠦ

ᠴᠠᠢ ᠵᠢᠨ ᠵᠠᠮ ᠵᠢᠡᠷ ᠲᠠᠬᠢᠨ ᠠᠶᠠᠯᠠᠬᠤ ᠲᠤᠮᠤ ᠬᠡᠯᠪᠡᠷᠢ ᠵᠢᠨ ᠠᠵᠢᠯᠯᠠᠭ᠎ᠠ



ᠵᠤᠬᠢᠶᠠᠭᠴᠢ᠄ ᠨᠠᠷᠠ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 253
ᠴᠠᠭ᠄ 2015 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁