ᠡᠵᠢ ᠡ᠂ ᠪᠢ ᠲᠠᠨ ᠤᠷᠤᠭᠤ ᠶᠠᠪᠤᠵᠦ ᠪᠠᠢ᠌ᠨ᠎ᠠ

          ︱ ᠡᠵᠢ ᠶᠢ ᠪᠠᠨ ᠪᠢᠴᠢᠬᠥ ᠦᠭᠡᠶ

          ᠦᠬᠡᠷ᠎ᠡ ᠬᠡᠨ ᠢ ᠪᠢᠴᠢᠬᠥ ᠶᠣᠮ ᠪᠣᠢ

          ᠡᠵᠢ ᠳᠡᠭᠡᠨ ᠣᠴᠢᠬᠤ ᠦᠭᠡᠶ

          ᠦᠬᠡᠷ᠎ᠡ ᠬᠡᠨ ᠳᠤ ᠣᠴᠢᠬᠤ ᠶᠣᠮ ᠪᠣᠢ

                    (ᠰᠤᠯᠠ ᠳᠡᠮᠳᠡᠭᠯᠡᠯ ᠡᠴᠡ )


ᠡᠪᠠᠰᠣ ᠡᠪᠠᠰᠣᠨ ᠤ ᠮᠣᠢᠩᠬᠥᠨ ᠦᠵᠦᠬᠥᠷ ᠲᠡᠬᠡᠷ᠎ᠡ ᠣᠳᠣᠳ ᠤᠨ ᠬᠡᠬᠡ ᠶᠢ ᠲᠣᠭᠳᠠᠭᠠᠵᠣ

ᠡᠳᠣᠷ ᠡᠳᠣᠷ ᠤᠨ ᠴᠠᠢ ᠶᠢᠨ ᠲᠡᠬᠡᠵᠢ ᠪᠠᠷ ᠲᠡᠯᠠᠬᠡᠢ ᠶᠢᠨ ᠠᠷᠠᠠᠰᠢᠨ ᠢ ᠠᠷᠭᠠᠳᠠᠵᠣ

ᠵᠠᠬᠥᠲᠦ ᠵᠠᠬᠥᠳᠥᠨ ᠤ ᠡᠬᠢᠨ ᠳᠤ ᠬᠦᠤ ᠲᠡᠶ ᠪᠠᠨ ᠣᠴᠠᠷᠠᠨ ᠵᠢᠷᠭᠠᠵᠣ

ᠵᠦᠡᠭ ᠰᠣᠪᠢᠡᠭ ᠤᠨ ᠡᠷᠬᠡ ᠪᠠᠷ ᠦᠪᠡᠷ ᠢ ᠪᠠᠨ ᠬᠠᠭᠣᠷᠣᠨ ᠲᠠᠢᠢᠳᠬᠣᠷᠠᠵᠣ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠰᠢᠪᠰᠢᠵᠣ ᠣᠷᠬᠢᠭᠰᠠᠨ ᠶᠢᠰᠣᠨ ᠵᠤᠭᠣᠰ ᠶᠢᠠᠷ ᠬᠦᠤ ᠶᠢᠨ ᠶᠢᠠᠨ ᠠᠨᠢᠷ ᠢ ᠨᠠᠭᠠᠰᠢᠯᠠᠭᠣᠯᠵᠣ

ᠰᠢᠪᠠᠨᠠᠵᠣ ᠲᠣᠭᠠᠯᠠᠭᠰᠠᠨ ᠮᠠᠨᠢ ᠶᠢᠨ ᠡᠷᠢᠬᠡ ᠪᠠᠷ ᠬᠦᠤ ᠶᠢᠨ ᠶᠢᠠᠨ ᠰᠡᠬᠥᠳᠡᠷ ᠢ ᠬᠡᠷᠡᠯᠲᠦᠬᠥᠯᠵᠦ

ᠰᠢᠳᠠᠵᠣ ᠲᠥᠷᠡᠯᠵᠡᠭ᠍ᠰᠡᠨ ᠵᠠᠭ ᠤᠨ ᠭᠠᠯ ᠲᠡᠬᠡᠬᠥᠷ ᠬᠦᠤ ᠶᠢᠨ ᠶᠢᠠᠨ ᠵᠠᠶᠠᠭ᠎ᠠ ᠶᠢ ᠠᠷᠢᠭᠣᠯᠠᠵᠣ

ᠰᠢᠷᠢᠭ᠍ᠯᠠᠵᠣ ᠣᠭᠣᠬᠢᠭᠣᠯᠣᠭᠰᠠᠨ ᠰᠡᠨᠭ᠌ ᠤᠨ ᠣᠳᠣᠭ᠎ᠠ ᠪᠠᠷ ᠬᠦᠤ ᠶᠢᠨ ᠶᠢᠠᠨ ᠪᠠᠷᠴᠢᠳ ᠢ ᠦᠷᠬᠥᠬᠡᠵᠦ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠬᠦᠬᠡ ᠲᠡᠭ᠍ᠷᠢ ᠶᠢᠨ ᠬᠣᠷᠮᠣᠢ ᠶᠢ ᠲᠣᠷᠭ᠎ᠠ ᠮᠠᠳᠣ ᠰᠠᠮᠠᠯᠠᠵᠣ ᠨᠠᠮᠠᠢᠢ ᠬᠠᠷᠠᠯ᠎ᠠ᠂ ᠡᠵᠢ ᠮᠢᠨᠢ

ᠬᠦᠭ᠍ᠯᠡᠷᠡᠭ᠍ᠰᠡᠨ ᠶᠡᠬᠡ ᠮᠠᠨᠠᠨ ᠢ ᠬᠠᠶᠠᠭ᠎ᠠ ᠮᠠᠳᠣ ᠰᠢᠭᠣᠵᠣ ᠨᠠᠮᠠᠢᠢ ᠰᠠᠷᠠᠪᠴᠢᠯᠠᠯ᠎ᠠ᠂ ᠡᠵᠢ ᠮᠢᠨᠢ

ᠬᠦᠬᠡᠮᠳᠥᠭ ᠬᠦᠢᠳᠡᠨ ᠵᠢᠪᠠᠷ ᠢ ᠠᠢ᠌ᠷᠠᠭ ᠮᠠᠳᠣ ᠵᠠᠯᠬᠢᠯᠠᠵᠣ ᠨᠠᠮᠠᠢᠢ ᠰᠠᠨᠠᠯ᠎ᠠ᠂ ᠡᠵᠢ ᠮᠢᠨᠢ

ᠬᠦᠮᠥᠰᠬᠡᠨ ᠰᠠᠷᠠᠨ ᠤ ᠨᠢᠯᠪᠣᠰᠣ ᠶᠢ ᠠᠭᠠᠷᠣᠣᠯ ᠮᠠᠳᠣ ᠡᠭᠰᠢᠬᠡᠵᠦ ᠨᠠᠮᠠᠢᠢ ᠬᠦᠯᠢᠶᠡᠯ᠎ᠡ᠂ ᠡᠵᠢ ᠮᠢᠨᠢ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠴᠢᠳᠣᠷ ᠲᠡᠶ ᠮᠣᠷᠢ ᠡᠢᠨᠴᠠᠭᠠᠵᠣ ᠰᠢᠬᠥᠳᠡᠷᠢ ᠰᠢᠯᠬᠡᠬᠡᠭ᠍ᠰᠡᠨ ᠦᠷᠯᠦᠬᠡ

ᠴᠡᠴᠡᠭ ᠤᠨ ᠰᠣᠯᠣᠩᠭ᠋ᠠᠨ ᠡᠴᠡ ᠣᠷᠭᠣᠭᠰᠠᠨ ᠨᠠᠷᠠᠨ ᠤ ᠰᠣᠷᠮᠣᠣᠰᠣ ᠡᠢᠷᠪᠡᠬᠡᠨᠡᠬᠥᠯᠵᠦ

ᠴᠠᠢ ᠪᠠᠨ ᠬᠣᠪᠢᠶᠠᠯᠴᠠᠬᠣ ᠬᠦᠮᠥᠨ ᠦᠭᠡᠶ ᠭᠠᠭᠴᠠᠭᠠᠷᠳᠠᠵᠤ ᠰᠠᠭᠣᠭᠰᠠᠨ ᠡᠵᠢ ᠳᠡᠭᠡᠨ

ᠴᠠᠪᠢᠳᠠᠷ ᠰᠠᠭᠠᠷᠠᠯ ᠵᠠᠷᠬᠡᠯᠬᠡ ᠵᠦᠰᠦᠵᠦ ᠲᠠᠨ ᠣᠷᠣᠭᠣ ᠪᠢ ᠶᠠᠪᠣᠵᠣ ᠪᠠᠢ᠌ᠨ᠎ᠠ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠲᠡᠮᠠᠬᠡᠨ ᠳᠡᠭᠡᠨ ᠶᠠᠪᠣᠭᠰᠠᠨ ᠬᠣᠢ᠌ᠭᠣᠷ ᠬᠦᠤ ᠮᠢᠨᠢ ᠡᠢᠷᠡᠴᠢᠬᠡᠭ᠍ᠰᠡᠨ ᠪᠠᠢ᠌ᠭᠠᠰᠠᠢ ᠬᠡᠵᠦ

ᠲᠥᠯᠠᠬᠡ ᠬᠣᠭᠣᠴᠢᠬᠤ ᠶᠢᠨ ᠠᠭᠱᠠᠨ ᠳᠤ ᠪᠠᠷᠠᠭᠣᠨ ᠴᠢᠬᠢ ᠮᠢᠨᠢ ᠴᠣᠩᠬᠢᠨᠠᠭᠠᠰᠠᠢ ᠬᠡᠵᠦ

ᠲᠣᠭᠬᠢᠬᠡᠥᠨ ᠰᠡᠷᠠᠬᠥ ᠶᠢᠨ ᠵᠠᠬᠥᠳᠥᠨ ᠳᠤ ᠬᠦᠤ ᠪᠠᠨ ᠨᠢᠬᠡ ᠬᠠᠷᠠᠬᠣ ᠰᠠᠨ ᠬᠡᠵᠦ

ᠲᠠᠭᠣᠤ ᠠᠶᠠᠰᠯᠠᠬᠣ ᠶᠢᠨ ᠴᠢᠯᠦᠬᠡᠨ ᠳᠤ ᠬᠣᠷᠸ᠎ᠠ ᠶᠢ ᠠᠮᠤᠭᠤᠯᠠᠩ ᠪᠠᠢ᠌ᠭ ᠬᠡᠵᠦ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠪᠠᠭᠣᠭᠠᠳ ᠨᠡᠬᠥᠭ᠍ᠰᠡᠨ ᠪᠠᠭᠣᠴᠠ ᠡᠪᠠᠰᠣ ᠣᠷᠭᠣᠵᠣ ᠲᠠᠢᠢᠳᠬᠣᠷᠠᠭᠰᠠᠨ ᠪᠠᠢ᠌ᠳᠠᠭ

ᠪᠣᠯᠭᠣᠯᠠᠭᠰᠠᠨ ᠭᠠᠳᠠᠰᠣᠨ ᠤ ᠰᠢᠷᠬ᠎ᠠ ᠴᠡᠴᠡᠭ ᠶᠢᠡᠷ ᠡᠢᠨᠢᠶᠠᠵᠣ ᠠᠨᠠᠭᠰᠠᠨ ᠪᠠᠢ᠌ᠳᠠᠭ

ᠮᠠᠨᠠᠵᠣ ᠲᠠᠯᠪᠢᠭᠰᠠᠨ ᠭᠠᠯ ᠤᠨ ᠦᠨᠡᠰᠤ ᠨᠢ ᠪᠦᠯᠢᠶᠡᠨ ᠬᠡᠪ ᠶᠢᠡᠷ ᠶᠢᠡᠨ ᠪᠠᠢ᠌ᠳᠠᠭ

ᠮᠠᠢ᠌ᠵᠢᠬᠢᠷ ᠡᠵᠢ ᠶᠢᠨ ᠮᠢᠨᠢ ᠬᠢᠰᠬᠢᠭ᠍ᠰᠡᠨ ᠮᠦᠷ ᠲᠡᠬᠡᠷ᠎ᠡ ᠣᠳᠣᠳ ᠬᠦᠯᠪᠡᠷᠢᠵᠦ ᠬᠣᠨᠣᠭᠰᠠᠨ ᠪᠠᠢ᠌ᠳᠠᠭ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠦᠬᠡ ᠪᠠᠷ ᠵᠤᠯᠠ ᠪᠠᠷᠢᠭᠠᠳ ᠦᠨᠡᠬᠡᠨ ᠬᠠᠷᠠᠩᠭ᠋ᠣᠢ ᠶᠢ ᠬᠡᠢ᠌ᠬᠥᠯᠳᠡᠭ ᠪᠠᠢ᠌ᠭᠰᠠᠨ᠂ ᠡᠵᠢ ᠮᠢᠨᠢ

ᠦᠯᠢᠬᠡᠷ ᠶᠢᠡᠷ ᠣᠬᠠᠭᠠᠨ ᠵᠠᠳᠠᠯᠣᠭᠠᠳ ᠣᠨᠠᠭᠠᠨ ᠮᠥᠷᠣᠬᠡᠳᠥᠯ ᠢ ᠴᠠᠬᠢᠳᠠᠭ ᠪᠠᠢ᠌ᠭᠰᠠᠨ᠂ ᠡᠵᠢ ᠮᠢᠨᠢ

ᠦᠥᠷ ᠶᠢᠡᠷ ᠰᠠᠴᠣᠯᠢ ᠡᠷᠬᠥᠬᠡᠥᠨ ᠠᠭᠣᠯᠠᠰ ᠤᠨ ᠴᠠᠩᠭ᠋ᠠᠭ᠎ᠠ ᠶᠢ ᠲᠠᠢ᠌ᠯᠳᠠᠭ ᠪᠠᠢ᠌ᠭᠰᠠᠨ᠂ ᠡᠵᠢ ᠮᠢᠨᠢ

ᠣᠢ᠌ᠯᠠ ᠶᠢᠨ ᠬᠠᠢ᠌ᠴᠢ ᠪᠠᠷ ᠭᠣᠨᠢᠭ ᠶᠢᠠᠨ ᠬᠠᠢ᠌ᠴᠢᠯᠠᠭᠠᠳ ᠵᠢᠷᠭᠠᠯ ᠡᠰᠬᠡᠳᠡᠭ ᠪᠠᠢ᠌ᠭᠰᠠᠨ᠂ ᠡᠵᠢ ᠮᠢᠨᠢ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠪᠣᠳᠣᠭᠣ ᠪᠠᠨ ᠦᠬᠥᠬᠡᠷᠳᠡᠬᠡᠥᠨ ᠨᠠᠭᠠᠰᠢ ᠪᠠᠨ ᠡᠷᠬᠢᠬᠥ ᠳ᠋ᠣᠨᠢ ᠣᠶᠠᠭᠠᠨ ᠲᠡᠬᠡᠷ᠎ᠡ ᠪᠠᠨ ᠪᠠᠭᠣᠮᠠᠷ ᠪᠠᠢ᠌ᠨ᠎ᠠ

ᠪᠣᠴᠢᠬᠢᠨᠠᠭᠣᠷ ᠤᠨ ᠦᠨᠳᠥᠰᠤ ᠰᠢᠭ᠌ ᠭᠠᠷ ᠶᠢᠠᠷ ᠴᠢᠨᠢ ᠬᠡᠮᠰᠢᠯ ᠤᠨ ᠨᠢᠯᠪᠣᠰᠣ ᠪᠠᠨ ᠠᠷᠴᠢᠭᠣᠯᠣᠮᠠᠷ ᠪᠠᠢ᠌ᠨ᠎ᠠ

ᠪᠣᠭᠣᠷᠣᠯ ᠲᠡᠬᠡᠳᠥᠰ ᠤᠨ ᠵᠢᠮᠡᠯᠡᠭ᠍ᠰᠡᠨ ᠬᠠᠷᠠᠴᠠ ᠪᠠᠷ ᠦᠪᠡᠷ ᠢ ᠪᠠᠨ ᠨᠢᠬᠡ ᠣᠷᠢᠶᠠᠯᠭᠠᠮᠠᠷ ᠪᠠᠢ᠌ᠨ᠎ᠠ

ᠪᠣᠷᠬᠠᠨ ᠤ ᠠᠯᠠᠭᠠᠨ ᠡᠴᠡ ᠷᠠᠰᠢᠶᠠᠨ ᠠᠮᠰᠠᠭᠣᠯᠵᠣ ᠡᠵᠢ ᠶᠢ ᠪᠠᠨ ᠮᠣᠢᠩᠬᠡ ᠵᠢᠷᠭᠠᠭᠠᠮᠠᠷ ᠪᠠᠢ᠌ᠨ᠎ᠠ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠠᠯᠳᠠᠨ ᠨᠠᠷᠠᠨ ᠤ ᠴᠠᠭᠠᠨ᠎ᠠ ᠡᠴᠡ ᠬᠦᠤ ᠴᠢᠨᠢ ᠲᠠᠪᠬᠢᠵᠣ ᠶᠠᠪᠣᠨ᠎ᠠ

ᠠᠨᠢᠵᠣ ᠦᠵᠡᠬᠡ ᠦᠭᠡᠶ ᠪᠣᠷᠬᠠᠨ ᠤ ᠮᠠᠯᠮᠠᠢ ᠡᠴᠡ ᠲᠠᠨ ᠳᠠᠭᠠᠨ ᠡᠢᠷᠠᠵᠣ ᠶᠠᠪᠣᠨ᠎ᠠ

ᠠᠳᠠᠨ ᠲᠡᠮᠠᠬᠡᠨ ᠤ ᠵᠤᠠᠵᠢᠶᠠᠨ ᠳᠤ ᠬᠠᠨ ᠭᠠᠷᠣᠳᠢ ᠰᠢᠭ ᠨᠢᠰᠴᠣ ᠶᠠᠪᠣᠨ᠎ᠠ

ᠠᠷᠭᠠᠯ ᠤᠨ ᠣᠳᠣᠭ᠎ᠠ ᠭᠣᠭᠴᠣᠭᠠᠷᠠᠭᠰᠠᠨ ᠲᠣᠯᠣᠭᠣᠳ ᠤᠨ ᠴᠠᠭᠠᠨᠠᠬᠠᠨ ᠬᠦᠷᠴᠦ ᠶᠠᠪᠣᠨ᠎ᠠ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠲᠡᠮᠠᠬᠡ ᠲᠡᠷᠬᠡᠭ᠍ᠰᠡᠨ ᠰᠣᠯᠢ ᠲᠡᠶ ᠲᠠᠠᠵᠢᠨ ᠳᠤ ᠬᠡᠷ ᠮᠢᠨᠢ ᠪᠠᠢ᠌ᠳᠠᠭ

ᠲᠡᠭ᠍ᠷᠢ ᠶᠢᠨ ᠰᠣᠯᠣᠩᠭ᠋ᠠᠨ ᠤ ᠨᠢᠬᠡᠨ ᠦᠵᠦᠬᠥᠷ ᠲᠤ ᠡᠵᠢ ᠮᠢᠨᠢ ᠪᠠᠢ᠌ᠳᠠᠭ

ᠡᠷᠬᠡᠰ ᠭᠠᠷᠠᠭ ᠤᠨ ᠣᠷᠣᠰᠬᠠᠯ ᠪᠦᠬᠥᠨ ᠨᠠᠷᠠ ᠵᠦᠪ ᠡᠷᠬᠢᠵᠣ ᠪᠠᠢ᠌ᠳᠠᠭ

ᠡᠵᠢ ᠳᠡᠭᠡᠨ ᠣᠴᠢᠬᠤ ᠵᠦᠭ᠌ ᠮᠢᠨᠢ ᠪᠣᠷᠬᠠᠨ ᠤ ᠵᠦᠭ᠌ ᠪᠠᠢ᠌ᠳᠠᠭ ᠡ

ᠡᠵᠢ ᠮᠢᠨᠢ ᠨᠠᠮᠠᠢᠢ ᠬᠦᠯᠢᠶᠡᠵᠦ ᠪᠠᠢ᠌ᠨ᠎ᠠ

ᠡᠵᠢ ᠡ︕ ᠪᠢ ᠲᠠᠨ ᠣᠷᠣᠭᠣ ᠶᠠᠪᠣᠵᠣ ᠪᠠᠢ᠌ᠨ᠎ᠠ


ᠵᠤᠬᠢᠶᠠᠭᠴᠢ ᠶᠢᠨ ᠬᠠᠶ‍ᠢᠭ᠄ ᠠᠯᠠᠱᠠ ᠠᠢ᠌ᠮᠠᠭ ᠤᠨ ᠦᠨᠳᠥᠰᠣᠳᠡᠨ ᠤ ᠪᠦᠷᠢᠨ ᠲᠣᠮᠳᠠᠳᠣ ᠰᠣᠷᠭᠠᠭᠣᠯᠢ

ᠵᠤᠬᠢᠶᠠᠭᠴᠢ᠄ ᠪᠤᠶᠠᠨᠪᠠᠳᠤ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ ᠦᠨᠢᠷ ᠴᠡᠴᠡᠭ
ᠳᠠᠷᠤᠮ᠄ 1028
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁