ᠲᠡᠭᠷᠢ ᠤᠷᠤᠰᠢᠯ

(ᠠᠯᠳᠠᠨ ᠤᠳᠤᠨ ᠱᠠᠩᠨᠠᠯᠳᠤ)


ᠨᠡᠬᠥᠳᠡᠯ ᠪᠦᠷ ᠵᠤᠭᠰᠣᠴᠢᠬᠠᠭᠰᠠᠨ ᠪᠠᠢ᠌ᠳᠠᠯ᠎ᠠ ᠲᠣᠭᠳᠣᠯᠣᠯ ᠮᠢᠨᠢ ᠲᠠᠭᠣᠰᠣᠭ᠎ᠠ ᠦᠭᠡᠶ

ᠨᠢᠳᠣᠨ ᠳᠤ ᠪᠦᠷ ᠵᠠᠢ᠌ᠷ ᠬᠦᠶᠥᠴᠢᠬᠡᠭ᠍ᠰᠡᠨ ᠪᠠᠢ᠌ᠳᠠᠯ᠎ᠠ ᠭᠣᠨᠢᠭ ᠶᠢᠠᠨ ᠡᠢᠳᠡᠬᠡᠬᠡ ᠦᠭᠡᠶ

ᠠᠳᠣᠭᠣ ᠦᠭᠡᠶ ᠪᠣᠯᠴᠢᠬᠠᠭᠰᠠᠨ ᠪᠠᠢ᠌ᠳᠠᠯ᠎ᠠ ᠨᠣᠳᠣᠭ ᠡᠴᠡ ᠪᠠᠨ ᠶᠠᠪᠣᠭ᠎ᠠ ᠦᠭᠡᠶ

ᠠᠳᠭᠣᠨ ᠳᠤ ᠮᠢᠨᠢ ᠪᠠᠢ᠌ᠭ᠎ᠠ ᠮᠣᠩᠭ᠋ᠣᠯ ᠰᠢᠷᠣᠢ ᠪᠠᠨ ᠠᠯᠳᠠ ᠪᠠᠷ ᠰᠣᠯᠢᠬᠤ ᠦᠭᠡᠶ

ᠠᠮᠢ ᠨᠠᠰᠣᠨ ᠤ ᠦᠶᠡᠷ ᠲᠠᠳᠠᠭᠣᠷᠠᠵᠣ ᠪᠣᠴᠠᠬᠣ ᠰᠢᠭ ᠲᠡᠣᠬᠡ ᠥᠩᠬᠡᠷᠡᠨᠡᠮ︕

ᠠᠷᠤ ᠡᠴᠡ ᠨᠢ ᠬᠦᠶᠥᠭᠰᠡᠨ ᠪᠢ ᠮᠦᠬᠥᠯᠢᠭ᠌ ᠰᠣᠪᠣᠳ ᠪᠣᠯᠵᠣ ᠬᠢᠯᠠᠯᠵᠠᠨ ᠬᠣᠴᠣᠷᠣᠨᠠᠮ︕

ᠠᠶᠠᠯᠭᠣ ᠲᠠᠭᠣᠤ ᠦᠷᠬᠥᠭ᠍ᠰᠡᠨ ᠵᠠᠬᠡᠷ᠎ᠡ ᠰᠢᠭ᠌ ᠭᠠᠵᠠᠷ ᠤᠨ ᠬᠠᠶᠠᠭᠠᠨ ᠳᠤ ᠴᠠᠢ᠌ᠯᠵᠠᠨᠠᠮ︕

ᠠᠯᠢᠪᠠ ᠪᠦᠷ ᠣᠳᠣᠭᠰᠠᠨ ᠬᠣᠢ᠌ᠨ᠎ᠠ ᠴᠤ ᠪᠢ ᠮᠦᠨ ᠯᠠ ᠨᠣᠳᠣᠭ ᠲᠠᠭᠠᠨ ᠁

ᠣᠩᠭ᠋ᠣᠳ ᠢ ᠪᠢ ᠰᠦᠵᠢᠭ᠍ᠯᠠᠳᠡᠭ ︱ ᠲᠠᠷᠠ ᠰᠠᠳᠬᠢᠯ ᠳᠤ ᠮᠢᠨᠢ ᠰᠢᠳᠢᠯᠠᠵᠣ ᠦᠯᠠᠳᠡᠭ᠍ᠰᠡᠨ

ᠣᠳᠣᠳᠠᠢ ᠰᠠᠠᠰᠠᠷ ᠢ ᠪᠢ ᠪᠠᠬᠠᠷᠬᠠᠳᠠᠭ ︱ ᠲᠠᠷᠠ ᠬᠦᠨ ᠴᠠᠩᠬᠡᠷ ᠬᠡᠪ ᠶᠢᠡᠷ ᠶᠢᠡᠨ

ᠪᠣᠷᠬᠠᠨ ᠢ ᠪᠢ ᠦᠷᠤ ᠡᠪᠡᠣᠠᠳᠡᠭ ︱ ᠲᠡᠬᠥᠨ ᠢ ᠬᠡᠷᠡᠯ ᠬᠡᠬᠡ ᠪᠠᠷ ᠲᠣᠳᠠᠭᠣᠯᠣᠭᠰᠠᠭᠠᠷ

ᠪᠣᠳᠠᠩᠳᠣ ᠲᠡᠯᠠᠬᠡᠢ ᠶᠢ ᠪᠢ ᠣᠢ᠌ᠯᠠᠭᠠᠨ᠎ᠠ ︱ ᠲᠠᠷᠠ ᠲᠠᠩᠳᠡᠬᠥᠤ ᠵᠤᠪᠠᠭᠰᠠᠨ ᠠᠮᠢᠳᠠᠨ ᠤ ᠬᠣᠩᠭ᠋ᠣᠷ ᠡᠬᠡ

ᠵᠤᠯᠭᠠᠷᠠᠭᠰᠠᠨ ᠬᠡᠯ᠎ᠡ ᠴᠤ ᠴᠡᠴᠡᠭ ᠪᠣᠯ ᠭᠣᠸ᠎ᠠ ᠰᠠᠢ᠌ᠬᠠᠨ ᠤ ᠲᠠᠰᠣᠷᠬᠠᠢ

ᠵᠤᠣᠠᠯᠠᠭᠰᠠᠨ ᠬᠡᠯ᠎ᠡ ᠴᠤ ᠬᠠᠪᠣᠷ ᠪᠣᠯ ᠠᠮᠢᠯᠠᠯ ᠤᠨ ᠬᠡᠢ᠌ᠷᠬᠡᠯ

ᠭᠠᠩᠳᠠᠭᠰᠠᠨ ᠬᠡᠯ᠎ᠡ ᠴᠤ ᠲᠠᠯ᠎ᠠ ᠪᠣᠯ ᠬᠢᠵᠠᠭᠠᠷ ᠦᠭᠡᠶ ᠠᠭᠣᠳᠠᠮ ᠤᠨ ᠴᠠᠯ ᠨᠣᠭᠣᠭᠠᠨ ᠣᠣᠠᠬ᠎ᠠ

ᠭᠠᠭᠴᠠᠭᠠᠷᠳᠠᠭᠰᠠᠨ ᠬᠡᠯ᠎ᠡ ᠴᠤ ᠪᠠᠢ᠌ᠭ᠎ᠠ ᠪᠠᠶ᠎ᠠ ᠮᠢᠨᠢ ᠣᠷᠣᠰᠢᠯ ᠤᠨ ᠵᠦᠩᠨᠡᠯ

ᠲᠦᠬᠡ ᠲᠠᠮᠣᠷ ᠦᠭᠡᠶ ᠶᠠᠪᠣᠭ᠎ᠠ ᠴᠤ ᠪᠢ ᠪᠠᠭᠠᠳᠣᠷ ᠤᠨ ᠬᠣᠢ᠌ᠴᠢᠰ

ᠲᠥᠮᠡᠨ ᠤ ᠬᠦᠯ ᠳᠤ ᠲᠡᠪᠰᠡᠭ᠍ᠳᠡᠬᠡ ᠴᠤ ᠪᠢ ᠡᠢᠯᠠᠯᠳᠠ ᠶᠢᠨ ᠲᠣᠷᠠᠳᠬᠠᠯ

ᠪᠠᠶ᠎ᠠ ᠪᠠᠨ ᠮᠠᠷᠳᠠᠬᠣ ᠶᠢᠨ ᠲᠠᠢ᠌ᠪᠣᠰᠢᠷᠠᠯ ᠶᠢᠡᠷ ᠭᠣᠳᠣᠵᠣ ᠴᠢᠳᠠᠬᠣ ᠦᠭᠡᠶ

ᠪᠢ ᠬᠠᠳᠠᠨ ᠳᠤ ᠬᠠᠰᠢᠭᠳᠠᠭᠰᠠᠨ ᠴᠢᠨᠣ᠎ᠠ ᠰᠢᠭ ᠰᠢᠨ᠎ᠠ ᠡᠬᠢᠯᠠᠯ

ᠦᠷᠡᠭ᠍ᠳᠡᠭ᠍ᠰᠡᠨ ᠴᠤ ᠪᠢ ᠠᠰᠠᠨ ᠲᠥᠷᠡᠯᠵᠡᠭ᠍ᠰᠡᠨ ᠡᠢᠷᠠᠭᠣ ᠨᠠᠢ᠌ᠷᠠᠭ

ᠦᠨᠡᠨ ᠵᠠᠶᠠᠭᠠᠳᠠᠢ ᠲᠥᠮᠡᠨ ᠤ ᠪᠠᠨ ᠪᠦᠯᠢᠶᠡᠨ ᠬᠦᠰᠡᠯ ᠤᠨ ᠡᠬᠡᠰᠢᠭ᠌

ᠬᠠᠭᠠᠴᠠᠨ ᠰᠠᠯᠣᠭᠰᠠᠨ ᠴᠤ ᠬᠠᠢ᠌ᠷ᠎ᠠ ᠮᠢᠨᠢ ᠠᠳᠣᠭᠣ ᠲᠠᠪᠬᠢᠭᠰᠠᠨ ᠲᠠᠯ᠎ᠠ ᠳᠠᠭᠠᠨ

ᠬᠠᠯᠠᠭᠣᠨ ᠠᠮᠢᠰᠭᠣᠭ᠎ᠠ ᠮᠢᠨᠢ ᠨᠡᠬᠥᠳᠡᠯ ᠢ ᠮᠣᠢᠩᠬᠡᠯᠡᠭ᠍ᠰᠡᠨ ᠲᠡᠭ᠍ᠷᠢ ᠳᠡᠭᠡᠨ︕


ᠵᠤᠬᠢᠶᠠᠭᠴᠢ ᠶᠢᠨ ᠬᠠᠶ‍ᠢᠭ᠄ ᠰᠦᠨᠢᠥᠨ ᠪᠠᠷᠠᠭᠣᠨ ᠬᠣᠰᠢᠭᠣᠨ ᠤ ᠣᠣᠠᠬ᠎ᠠ ᠣᠷᠠᠯᠢᠭ ᠤᠨ ᠬᠢᠨ ᠤ ᠬᠣᠯᠪᠣᠭ᠎ᠠ

ᠵᠤᠬᠢᠶᠠᠭᠴᠢ᠄ ᠪ᠂ᠳᠤᠭᠳᠠᠮᠵᠢ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 416
ᠴᠠᠭ᠄ 2015 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁