ᠰᠦ᠋ ᠡᠴᠡ ᠡᠬᠦᠰᠦᠭᠰᠡᠨ ᠭᠤᠷᠪᠠᠨ ᠦᠯᠢᠭᠡᠷ

ᠴᠠᠭᠠᠨ ᠰᠥ᠋ ᠭᠠᠵᠠᠷ ᠤᠨ ᠰᠢᠷᠬ᠎ᠠ ᠠᠨᠠᠭᠠᠨ᠎ᠠ


ᠬᠣᠷᠠᠭ᠎ᠠ ᠡᠢᠰᠢᠬᠡ ᠬᠦᠷᠥᠪᠡᠵᠢᠨ ᠲᠣᠷᠨᠢᠵᠣ᠂ ᠬᠣᠨᠢ ᠮᠠᠯ ᠨᠣᠣᠰᠣᠨ ᠡᠴᠡ ᠪᠠᠨ ᠰᠠᠯᠣᠭᠠᠳ ᠵᠤᠰᠠᠭᠠᠯ ᠳᠤ ᠭᠠᠷᠬᠣ ᠴᠠᠭ ᠶᠠᠭᠠᠬᠢᠬᠣ ᠶ᠋‍ᠢᠨ ᠠᠷᠭ᠎ᠠ ᠦᠭᠡᠶ ᠲᠣᠯᠵᠣ ᠡᠢᠷᠡᠭ᠍ᠰᠡᠨ ᠪᠠᠶ᠋‍ᠢᠯ᠎ᠠ᠃ ᠰᠦᠨᠢ ᠳ᠋ᠣᠨᠢ ᠬᠣᠨᠢ ᠡᠢᠮᠠᠭᠠᠳ ᠬᠣᠳᠠᠨ ᠡᠴᠡ ᠪᠠᠨ ᠵᠠᠶ᠋‍ᠢᠳᠠᠨ ᠰᠢᠯᠢ ᠲᠡᠨᠵᠢᠷᠬᠡᠭ᠌ ᠭᠠᠵᠠᠷ ᠰᠢᠯᠢᠨ ᠬᠡᠪᠳᠡᠷᠢᠯᠡᠵᠦ᠂ ᠵᠤᠨ ᠤ ᠡᠬᠢᠨ ᠤ ᠬᠠᠯᠠᠭᠣᠨ ᠠᠮᠢᠰᠭᠣᠯ ᠨᠣᠭᠣᠭᠠᠨ ᠤ ᠦᠨᠥᠷ ᠢᠶᠡᠷ ᠨᠥᠯᠬᠢᠨ᠎ᠡ᠃

《 ᠬᠠᠯᠠᠭᠣᠨ ᠵᠤᠨ ᠢᠶᠡᠷ ᠡᠪᠣᠯᠵᠢᠶᠠᠨ ᠳᠡᠭᠡᠨ ᠰᠢᠷᠭᠣᠵᠣ ᠬᠡᠪᠳᠡᠬᠥ ᠬᠡᠳᠡᠭ ᠣᠯᠠᠨ ᠤ ᠡᠯᠡᠭ᠂ ᠵᠤᠰᠡᠯᠡᠨᠭ᠌ ᠳᠤ ᠲᠥᠷᠬᠡᠨ ᠭᠠᠷᠬᠣ ᠦᠬᠡᠢ ᠦᠦ 》 ᠬᠡᠵᠦ ᠡᠵᠢ ᠬᠡᠨᠡᠳᠳᠡ ᠪᠠᠶ᠋‍ᠢᠭᠠᠳ ᠠᠪᠣ ᠶᠢ ᠱᠠᠭᠠᠷᠳᠠᠳᠠᠭ ᠪᠣᠯᠪᠠ᠃

《 ᠨᠡᠬᠡᠷᠡᠨ ᠴᠤ ᠲᠠᠶ᠋‍ᠢᠮᠣ ᠶᠣᠮ ᠡ 》 ᠬᠡᠵᠦ ᠡᠵᠢ ᠶᠢᠨ ᠦᠬᠡ ᠶᠢ ᠵᠦᠪᠳᠡᠬᠡᠬᠥ ᠪᠣᠯᠪᠠᠴᠣ ᠠᠪᠣ ᠶᠠᠭᠣ ᠨᠢᠬᠡᠨ ᠳᠤ ᠬᠣᠷᠭᠣᠳᠠᠭᠰᠠᠨ ᠪᠠᠶ᠋‍ᠢᠷᠢ ᠲᠡᠶ ᠮᠦᠨ ᠯᠠ ᠬᠡᠲᠦ ᠬᠣᠨᠣᠭ ᠢ ᠥᠩᠬᠡᠷᠡᠬᠡᠪᠡ᠃ ᠵᠤᠰᠠᠭᠠᠯ ᠳᠤ ᠭᠠᠷᠬᠣ ᠡᠴᠡ ᠡᠮᠣᠨ᠎ᠠ ᠠᠪᠣ ᠪᠣᠷᠣᠭᠠᠨ ᠡᠴᠡ ᠰᠡᠷᠬᠡᠶ᠋‍ᠢᠯᠡᠵᠦ ᠪᠣᠭᠣᠨᠢᠬᠠᠨ ᠪᠣᠷᠣ ᠪᠡᠶ᠋‍ᠢᠰᠢᠡᠭ ᠤᠨ ᠢᠶᠡᠨ ᠣᠷᠣᠢ ᠳᠤ ᠵᠠᠪᠠᠯ ᠰᠢᠪᠠᠷ ᠭᠠᠷᠭᠠᠨ᠎ᠠ᠃ ᠲᠠᠷᠠ ᠠᠵᠢᠯ ᠳᠤ ᠶᠡᠬᠡᠩᠬᠢ ᠲᠠᠮ ᠪᠣᠯᠳᠠᠭ ᠨᠢ ᠪᠢ ᠶᠣᠮ᠂ ᠬᠡᠳᠦᠢᠢᠪᠡᠷ ᠲᠣᠯᠣᠭᠠᠬᠠᠨ ᠨᠠᠰᠣᠳᠠᠢ ᠬᠡᠣᠬᠡᠥᠨ ᠬᠡᠯ᠎ᠡ ᠴᠤ᠂ ᠶᠠᠭᠠᠬᠢᠵᠣ ᠬᠡᠯᠡᠭ᠍ᠰᠡᠨ ᠴᠤ 《 ᠡᠷ᠎ᠠ ᠬᠦᠮᠥᠨ 》 ᠶᠣᠮ ᠭᠠᠵᠠᠷ ᠳ᠋‍ᠠ᠃ ᠮᠠᠨ ᠤ ᠬᠢ ᠠᠭᠣᠯᠠᠨ ᠭᠠᠵᠠᠷ ᠰᠠᠭᠣᠳᠠᠭ ᠪᠤᠯᠬᠤᠷ ᠡᠪᠣᠯᠵᠢᠶᠠᠨ ᠤ ᠬᠠᠪᠢ ᠳᠤ ᠰᠢᠪᠠᠷ ᠪᠠᠢᠢᠳᠠᠭ ᠦᠭᠡᠶ᠂ ᠪᠡᠶ᠋‍ᠢᠰᠢᠡᠭ ᠡᠢᠯᠢᠬᠥ ᠪᠠᠷ ᠯᠠ ᠠᠷᠭ᠎ᠠ ᠪᠣᠶᠣ ᠬᠡᠳᠥᠨ ᠭᠠᠵᠠᠷ ᠤᠨ ᠠᠯᠣᠰ ᠡᠴᠡ ᠣᠨᠣᠭ᠎ᠠ ᠪᠠᠷ ᠰᠢᠷᠣᠢ ᠲᠡᠬᠡᠬᠡᠬᠥ ᠠᠵᠢᠯ ᠭᠠᠷᠳᠠᠭ᠃ ᠠᠪᠣ ᠪᠢᠳᠠ ᠬᠣᠶᠠᠷ ᠪᠡᠶ᠋‍ᠢᠰᠢᠡᠭ ᠢᠶᠡᠨ ᠡᠢᠯᠢᠵᠣ ᠪᠠᠷᠠᠳᠠᠯ᠎ᠠ ᠪᠠᠷᠣᠭ ᠠᠷᠪᠠᠭᠠᠳ ᠡᠳᠣᠷ ᠪᠣᠯᠣᠭᠰᠠᠨ ᠪᠠᠶ᠋‍ᠢᠬ᠎ᠠ᠃

ᠨᠢᠬᠡ ᠡᠳᠣᠷ ᠠᠪᠣ ᠨᠠᠳᠠ ᠳᠤ ᠠᠷᠢᠬᠢᠨ ᠤ ᠴᠠᠭᠠᠨ ᠵᠢᠷᠣᠭ᠎ᠠ (ᠯᠤᠩᠬᠤ ) ᠳᠤ ᠰᠥ᠋ ᠬᠢᠵᠣ ᠡᠬᠥᠷᠥᠬᠥᠯᠦᠬᠡᠥᠨ ᠬᠡᠬᠡᠷ᠎ᠡ ᠦᠨᠦ ᠰᠢᠪᠠᠷ ᠠᠪᠣᠭᠰᠠᠨ ᠭᠠᠵᠠᠷ ᠢᠶᠡᠨ ᠣᠴᠢᠪᠠ᠃ ᠠᠪᠣ ᠠᠮᠠᠨ ᠳᠠᠭᠠᠨ ᠦᠯᠤ ᠮᠡᠳᠡᠭ᠍ᠳᠡᠬᠥ ᠰᠢᠪᠰᠢᠯᠬᠡ ᠰᠢᠣᠬᠠᠨ ᠶᠠᠭᠣᠮ᠎ᠠ ᠬᠡᠯᠡᠵᠦ ᠪᠢᠴᠢᠬᠠᠨ ᠲᠦᠳᠡᠭ ᠨᠣᠴᠣᠭᠠᠨ ᠠᠷᠢᠭᠣᠨ ᠰᠡᠨᠭ᠌ ᠣᠩᠭ᠋ᠣᠰᠬᠠᠵᠣ᠂ ᠮᠢᠨᠣ ᠠᠪᠴᠣ ᠣᠴᠢᠭᠰᠠᠨ ᠯᠣᠩᠬᠤ ᠲᠡᠶ ᠰᠥ᠋ ᠶᠢ ᠵᠦᠬᠡᠯᠡᠨ ᠣᠷᠳᠣᠣᠯ ᠤᠨ ᠨᠠᠮᠠᠭᠠᠨ ᠳᠤ ᠲᠣᠰᠣᠭᠠᠨ ᠰᠢᠪᠠᠷ ᠣᠬᠣᠭᠰᠠᠨ ᠦᠨᠦ ᠬᠣᠩᠬᠣᠷ ᠣᠷᠣᠭᠣ ᠰᠠᠴᠣᠯ᠎ᠠ᠃ ᠴᠢᠩᠬᠢᠭ᠍ᠰᠡᠨ ᠢᠶᠡᠨ ᠰᠣᠭᠣᠪᠴᠢᠯᠠᠵᠣ ᠶᠠᠪᠣᠭᠰᠠᠨ ᠬᠦᠷᠵᠡ ᠪᠠᠷ ᠢᠶᠡᠨ ᠬᠦᠷᠥᠰᠥᠨ ᠲᠡᠬᠡᠷᠡᠬᠢ ᠡᠷᠠᠬᠥᠯ ᠰᠢᠷᠣᠢ ᠶᠢ ᠬᠠᠮᠣᠨ ᠨᠦᠬᠥᠬᠡ ᠭᠠᠵᠠᠷ ᠤᠨ ᠢᠶᠡᠨ ᠰᠢᠷᠬ᠎ᠠ ᠶᠢ ᠪᠣᠯᠠᠭᠰᠠᠨ ᠪᠣᠯᠪᠠ᠃ ᠠᠪᠣ ᠠᠯᠵᠢᠶᠠᠭᠰᠠᠨ ᠪᠣᠯᠣᠯᠳᠠᠢ᠂ ᠬᠠᠳᠠᠭᠣ ᠭᠠᠵᠠᠷ ᠵᠠᠪᠢᠯᠠᠨ ᠰᠠᠭᠣᠵᠣ ᠡᠪᠣᠷ ᠡᠴᠡ ᠪᠠᠨ ᠬᠠᠭᠣᠴᠢᠨ ᠮᠠᠭᠣ ᠮᠣᠳᠣ ᠲᠣᠯᠣᠭᠠᠢ ᠭᠠᠷᠭᠠᠨ ᠭᠠᠣᠯᠢᠨ ᠬᠦᠵᠦᠬᠥᠤ ᠨᠢ ᠥᠩᠬᠡ ᠣᠷᠣᠵᠣ ᠲᠠᠯ᠎ᠠ ᠨᠢ ᠬᠡᠯᠳᠡᠢᠢᠭ᠍ᠰᠡᠨ ᠲᠣᠭᠣᠭᠠᠨ ᠳᠤ ᠲᠠᠮᠠᠬᠢ ᠨᠡᠷᠠᠬᠡᠥᠨ ᠰᠢᠨᠣᠭᠬᠠᠨ ᠬᠡᠲᠦ ᠰᠣᠷᠣᠪᠠ᠃ ᠠᠪᠣ ᠵᠠᠩᠰᠢᠭᠰᠠᠨ ᠬᠡᠮᠡᠷ ᠬᠦᠠᠳᠡᠢᠢᠬᠡᠨ ᠬᠣᠶᠠᠷ ᠪᠥᠭ᠍ᠰᠢᠭ᠍ᠰᠡᠨ ᠢᠶᠡᠨ ᠭᠠᠩᠰᠠᠨ ᠤ ᠪᠠᠨ ᠲᠣᠯᠣᠭᠠᠢ ᠶᠢ ᠬᠦᠴᠥᠳᠡᠢ ᠬᠡᠲᠦ ᠰᠡᠳᠬᠡᠵᠦ᠂ 《 ᠪᠣᠷᠣᠭᠠᠨ ᠣᠷᠣᠬᠣ ᠨᠢ ᠦᠦ ᠳ᠋‍ᠠ᠂ ᠭᠠᠩᠰᠠ ᠲᠠᠭᠯᠠᠷᠠᠭᠠᠳ 》 ᠬᠡᠪᠡ᠃ ᠬᠣᠷᠣᠬᠠᠢ ᠰᠢᠪᠠᠵᠢ ᠳᠤ ᠬᠠᠳᠬᠣᠭᠣᠯᠪᠠᠯ ᠠᠪᠣ ᠲᠠᠮᠠᠬᠢᠨ ᠤ ᠪᠠᠨ ᠦᠳᠬᠡᠨ ᠬᠠᠷ᠎ᠠ ᠪᠣᠬᠢ ᠶᠢ ᠭᠠᠷ ᠬᠦᠯ ᠲᠡᠬᠡᠷ᠎ᠡ ᠲᠥᠷᠬᠢᠵᠦ ᠦᠭᠳᠡᠭ ᠪᠤᠯᠬᠤᠷ᠂ ᠭᠠᠩᠰᠠ ᠲᠠᠭᠯᠠᠷᠠᠭᠰᠠᠨ ᠨᠢ ᠨᠠᠳᠠ ᠳᠤ ᠲᠠᠳᠣᠢ ᠯᠨ ᠬᠠᠴᠢᠨ ᠰᠠᠨᠠᠭᠳᠠᠭᠰᠠᠨ ᠦᠭᠡᠶ᠂ ᠬᠠᠷᠢᠨ ᠠᠪᠴᠢᠷᠠᠭᠰᠠᠨ ᠰᠥ᠋ ᠪᠠᠨ ᠬᠡᠷᠡᠭ ᠪᠣᠯᠭᠠᠨ ᠭᠠᠵᠠᠷ ᠲᠤ ᠰᠠᠴᠣᠳᠠᠭ ᠢ ᠨᠢ ᠶᠡᠬᠡ ᠭᠠᠶ᠋‍ᠢᠬᠠᠵᠣ᠄

《 ᠡᠵᠢ ᠰᠥ᠋ ᠪᠠᠨ ᠲᠠᠩᠳᠠ ᠲᠡᠭ᠍ᠷᠢ ᠳᠤ ᠡᠷᠬᠥᠳᠡᠭ ᠰᠢᠳᠠ᠂ ᠠᠪᠣ ᠦᠨᠦᠳᠥᠷ ᠶᠠᠭᠠᠬᠢᠭᠠᠳ ᠭᠠᠵᠠᠷ ᠲᠤ ᠡᠷᠬᠥᠵᠦ ᠪᠠᠶ᠋‍ᠢᠳᠠᠭ ᠶᠣᠮ︖》 ᠬᠡᠪᠡᠯ᠄

《 ᠭᠠᠵᠠᠷ ᠣᠰᠣ ᠶᠡᠬᠡ ᠬᠦᠠᠳᠡᠬᠥ ᠴᠡᠬᠡᠷ ᠲᠡᠶ ᠶᠣᠮ ᠯᠠ ᠳ᠋‍ᠠ᠂ ᠴᠢᠩᠬᠢᠬᠥ ᠳᠤ ᠴᠠᠭᠠᠨ ᠰᠥ᠋ ᠭᠠᠵᠠᠷ ᠤᠨ ᠰᠢᠷᠬ᠎ᠠ ᠠᠨᠠᠭᠠᠳᠠᠭ ᠲ᠋ᠣᠮ ᠲᠡᠶ ᠶᠣᠮ 》 ᠬᠡᠪᠡ᠃ ᠭᠠᠵᠠᠷ ᠲᠤ ᠰᠥ ᠡᠷᠬᠥᠳᠡᠭ ᠤᠨ ᠣᠴᠢᠷ ᠢ ᠲᠠᠷᠠ ᠣᠳᠠᠭ᠎ᠠ ᠪᠢ ᠰᠠᠶᠢ ᠣᠶ᠋‍ᠢᠯᠠᠭᠠᠭᠰᠠᠨ ᠪᠢᠯᠠ᠃

ᠮᠠᠨ ᠤ ᠬᠢ ᠣᠳᠠᠯ ᠦᠭᠡᠶ ᠬᠡᠳᠥᠨ ᠨᠢᠴᠥᠬᠥᠨ ᠲᠡᠮᠠᠬᠡᠨ ᠳᠡᠭᠡᠨ ᠬᠡᠷ ᠮᠠᠶ᠋‍ᠢᠬᠠᠨ ᠢᠶᠡᠨ ᠠᠴᠢᠶᠠᠯᠠᠵᠣ ᠬᠦᠷᠡᠨᠭ᠌ ᠲᠡᠪᠰᠡᠭ ᠤᠨ ᠰᠢᠯᠢ ᠬᠡᠮᠡᠬᠥ ᠵᠤᠰᠠᠭᠠᠯ ᠤᠨ ᠭᠠᠵᠠᠷ ᠲᠠᠭᠠᠨ ᠨᠡᠬᠥᠵᠦ ᠣᠴᠢᠪᠠ᠃ ᠬᠦᠷᠡᠨᠭ᠌ ᠲᠡᠪᠰᠡᠭ ᠪᠣᠯ ᠲᠠᠯ᠎ᠠ ᠠᠳᠠᠷᠠᠭ᠎ᠠ ᠬᠣᠣᠰᠯᠠᠭᠰᠠᠨ᠂ ᠬᠣᠯᠠᠭᠣᠷ ᠢᠶᠡᠨ ᠪᠠᠯᠠᠷ ᠲᠡᠶ᠂ ᠪᠣᠯᠠᠭ ᠲᠠᠭᠠᠭᠠᠴᠠ ᠣᠯᠠᠨ᠂ ᠣᠷᠭᠣᠴᠠ ᠰᠢᠮ᠎ᠠ ᠲᠡᠬᠥᠯᠳᠡᠷ ᠠᠭᠣᠵᠢᠮ ᠲᠡᠨᠢᠬᠥᠨ ᠭᠠᠵᠠᠷ ᠶᠣᠮ᠃ ᠰᠢᠷ᠎ᠠ ᠲᠣᠰᠣ ᠬᠠᠪᠴᠢᠭᠣᠯᠣᠭᠰᠠᠨ ᠪᠣᠣᠪᠣ ᠡᠪᠣᠷᠳᠣᠯᠠᠵᠣ᠂ ᠲᠣᠰᠣᠨ ᠬᠣᠯᠢᠮᠠᠭ ᠰᠠᠪᠠᠨ ᠳᠤ ᠲᠠᠭᠯᠠᠵᠣ ᠡᠬᠥᠷᠥᠬᠡᠥᠨ ᠬᠣᠨᠢᠨ ᠳᠤ ᠶᠠᠪᠣᠬᠣ ᠶᠢᠨ ᠲᠠᠭᠠᠳᠠᠢ ᠵᠢ ᠶᠠᠭᠣ ᠬᠡᠵᠦ ᠰᠠᠨᠠᠨ᠎ᠠ᠃ ᠠᠪᠣ ᠡᠵᠢ ᠰᠥ᠋ ᠰᠠᠭᠠᠯᠢ ᠳᠠᠭᠠᠨ ᠪᠦᠯᠢᠳᠡᠵᠦ ᠬᠡᠷ ᠵᠠᠭᠣᠷ᠎ᠠ ᠪᠠᠨ ᠲᠠᠶ᠋‍ᠢᠯᠣᠩᠬᠢ ᠪᠠᠶ᠋‍ᠢᠨ᠎ᠠ᠃ ᠪᠢ ᠬᠣᠨᠢᠨ ᠳ᠋ᠣ ᠶᠠᠪᠣᠬᠣ ᠲᠣᠷᠠᠳᠠᠢ᠃ ᠣᠴᠢᠷ ᠨᠢ ᠬᠡᠬᠡᠷ᠎ᠡ ᠭᠠᠷᠪᠠᠯ ᠵᠠᠷᠯᠢᠭ᠌᠌ ᠴᠠᠬᠢᠯᠳᠠᠭ ᠤᠨ ᠨᠠᠪᠴᠢ ᠰᠢᠭᠣᠴᠢᠵᠣ ᠨᠣᠭᠣᠭᠠᠨ ᠤ ᠭᠣᠯᠢᠶ᠎ᠠ ᠠᠷᠪᠠ ᠲᠠᠪᠣ ᠪᠠᠷ ᠬᠣᠯᠪᠣᠨ 《 ᠰᠠᠭᠠᠯᠢ ᠬᠢᠨ᠎ᠠ 》᠃ ᠬᠣᠨᠢᠨ ᠬᠦᠷᠪᠡᠯ ᠡᠴᠡ ᠡᠷ᠎ᠠ ᠶᠢ ᠨᠢ ᠬᠠᠶ᠋‍ᠢᠵᠣ ᠴᠠᠭᠠᠯᠠᠨ 《 ᠡᠢᠷᠬᠡ ᠰᠡᠷᠬᠡ ᠪᠣᠰᠭᠠᠨ᠎ᠠ》᠃ ᠭᠣᠯᠢᠶ᠎ᠠ ᠴᠣ ᠶᠠᠭᠠᠬᠢᠬᠣ ᠪᠣᠢ ᠨᠣᠮᠣᠬᠠᠨ ᠠᠮᠢᠳᠠᠨ᠂ ᠰᠢᠯᠢ ᠪᠠᠨ ᠵᠢᠷᠵᠢᠬᠢᠨᠡᠬᠥᠯᠥᠨ ᠭᠠᠰᠠᠯᠵᠣ ᠪᠠᠶ᠋‍ᠢᠭᠰᠠᠨ ᠢᠶᠡᠨ 《 ᠬᠦᠬᠡᠨ᠎ᠡ 》 ᠳᠤ ᠣᠷᠣᠪᠠᠯ ᠲᠡᠷᠠᠬᠥᠬᠡᠨ ᠶ᠋‍ᠢᠠᠨ ᠡᠪᠠᠰᠣᠨ ᠳᠤ ᠣᠷᠢᠶᠠᠯᠳᠣᠵᠣ ᠨᠣᠮᠣᠬᠠᠷᠠᠨ᠎ᠠ᠃ ᠬᠣᠨᠢᠨ ᠬᠦᠷᠪᠡᠯ ᠯᠠ ᠬᠠᠷᠢᠨ ᠪᠠᠷᠢᠭᠳᠠᠵᠣ ᠦᠭᠳᠡᠭ ᠦᠭᠡᠶ ᠲᠣᠭᠰᠢᠨ ᠵᠤᠯᠢᠭ᠂ ᠠᠷᠭ᠎ᠠ ᠣᠬᠠᠭᠠᠨ ᠭᠠᠷᠭᠠᠵᠣ ᠪᠠᠶ᠋‍ᠢᠮᠠᠨ ᠠᠷᠠᠢ ᠬᠡᠵᠦ ᠨᠢᠬᠡ ᠡᠷ᠎ᠠ ᠶᠢ ᠨᠢ ᠣᠯᠪᠠᠯ ᠲᠠᠷᠠ ᠲᠣᠣᠷ᠎ᠠ ᠨᠢ ᠬᠦᠩᠬᠡᠯᠡᠬᠡᠥᠨ ᠲᠠᠯᠪᠢᠬᠣ ᠳᠤ ᠡᠪᠡᠣᠠᠳᠡᠭ ᠶᠣᠮ ᠪᠢᠵᠠ᠂ ᠲᠥᠷᠪᠡᠨ ᠮᠦᠴᠢᠨ ᠲᠡᠬᠡᠷ᠎ᠡ ᠪᠠᠨ ᠦᠨᠳᠡᠢᠢᠰᠬᠢᠵᠦ ᠡᠢᠷᠡᠬᠡᠥᠨ ᠣᠣᠯ ᠤᠨ ᠬᠢ ᠡᠴᠡ ᠪᠠᠨ ᠨᠠᠯᠢᠶᠠᠳ ᠣᠳᠠᠭᠠᠨ ᠬᠠᠶ᠋‍ᠢᠪᠠᠯᠵᠠᠭᠠᠳ ᠯᠠ ᠣᠳᠣᠨ᠎ᠠ᠃ ᠬᠦᠬᠡᠷᠥᠬᠥᠢ ᠲᠠᠷᠠ ᠠᠮᠢᠳᠠᠨ ᠪᠦᠬᠡᠡᠰᠥᠭ ᠢᠶᠡᠨ ᠰᠢᠬᠠᠭᠣᠯᠣᠭᠰᠠᠨ ᠪᠣᠯᠣᠭᠠᠳ ᠲᠡᠭᠡᠨ᠎ᠠ ᠦᠦ᠂ ᠬᠣᠮᠣᠯ ᠲᠡᠬᠡᠷ᠎ᠡ ᠭᠠᠷᠴᠣ ᠰᠡᠬᠥᠯ ᠢᠶᠡᠨ ᠵᠤᠭᠣᠰᠯᠠᠳᠠᠭ ᠨᠦᠬᠥᠬᠡ ᠣᠮᠣᠭ ᠰᠣᠷᠳᠣᠭ᠎ᠠ ᠨᠢ ᠲᠠᠷᠣᠭᠳᠠᠭᠠᠳ᠂ ᠡᠪᠠᠰᠣᠨ ᠪᠣᠳᠠᠨ ᠲᠣᠣᠭᠣᠷ ᠠᠮᠢ ᠲᠠᠮᠠᠴᠠᠨ ᠲᠠᠯᠳᠠᠷᠠᠳᠠᠭ ᠪᠠᠶ᠋‍ᠢᠯ᠎ᠠ᠃ ᠬᠣᠨᠢᠨ ᠭᠣᠯᠢᠶ᠎ᠠ ᠪᠠᠨ 《 ᠰᠠᠭᠠᠵᠣ 》 ᠪᠠᠷᠠᠪᠠᠯ ᠡᠷᠬᠢᠬᠡᠥᠨ 《 ᠬᠦᠬᠡᠨ᠎ᠡ 》 ᠶᠢ ᠨᠢ ᠰᠣᠯᠠᠯᠠᠨ ᠲᠠᠯᠪᠢᠵᠣ ᠶᠠᠪᠣᠭᠣᠯᠣᠨ᠎ᠠ᠃ ᠨᠠᠳᠠ ᠪᠠᠷ ᠲᠠᠮᠣᠯᠠᠭᠣᠯᠣᠭᠰᠠᠨ ᠲᠡᠳᠡᠬᠡᠷ ᠠᠮᠢᠳᠠᠳ ᠡᠢᠩᠬᠢᠵᠣ ᠠᠷᠠᠢ ᠯᠠ ᠠᠮᠢᠨ ᠳᠠᠭᠠᠨ ᠦᠯᠵᠡᠢ ᠭᠠᠷ ᠡᠴᠡ ᠮᠣᠯᠳᠣᠷᠠᠬᠣ ᠳᠤ᠂ ᠬᠣᠨᠢᠨ ᠳᠤ ᠶᠠᠪᠣᠭᠰᠠᠨ ᠨᠢᠬᠡ ᠡᠳᠣᠷ ᠣᠳᠠᠵᠣ ᠲᠦᠳᠡᠯ ᠦᠭᠡᠶ ᠥᠩᠬᠡᠷᠡᠨ᠎ᠡ᠃ ᠴᠢᠩᠬᠢᠬᠥ ᠳᠡᠭᠡᠨ ᠪᠢ ᠲᠡᠳᠡᠬᠡᠷ 《 ᠠᠵᠢᠯ 》 ᠢ ᠠᠪᠣ ᠡᠵᠢ ᠡᠴᠡ ᠲᠠᠰᠣ ᠨᠢᠭᠣᠵᠣ ᠬᠢᠨ᠎ᠠ᠃ ᠬᠡᠷᠪᠡ ᠨᠢᠬᠡ ᠮᠡᠳᠡᠭ᠍ᠳᠡᠭ᠍ᠰᠡᠨ ᠪᠠᠶ᠋‍ᠢᠵᠣ ᠬᠡᠮ᠂ 《 ᠨᠢᠬᠥᠯ ᠬᠢᠭ᠍ᠰᠡᠨ 》 ᠶᠠᠯ᠎ᠠ ᠳᠤ ᠨᠣᠭᠳᠠᠵᠣ᠂ ᠠᠷᠠᠰᠣ ᠪᠠᠨ ᠱᠠᠭᠠᠯᠣᠭᠣᠯᠬᠣ ᠶᠢᠨ ᠨᠠᠭᠠᠨ᠎ᠠ ᠴᠠᠭᠠᠨ᠎ᠠ ᠪᠣᠯᠳᠠᠭ᠃

ᠵᠤᠰᠡᠯᠡᠨᠭ᠌ ᠤᠨ ᠬᠣᠶ᠋‍ᠢᠳᠠᠢ ᠬᠦᠷᠡᠨᠭ᠌ ᠲᠠᠯ᠎ᠠ ᠲᠡᠬᠡᠷ᠎ᠡ ᠬᠠᠳᠠᠨ ᠤ ᠡᠡᠨᠭ᠌ ᠳᠤ ᠵᠤᠰᠣ ᠰᠢᠭ ᠵᠦᠬᠡᠯᠡᠨ ᠣᠯᠠᠭᠠᠨ ᠨᠠᠩᠬᠢ ᠰᠢᠪᠠᠷ ᠭᠠᠷᠣᠨ᠎ᠠ᠃ ᠡᠵᠢ ᠲᠡᠬᠥᠨ ᠡᠴᠡ ᠬᠠᠶᠠ ᠠᠪᠴᠣ ᠲᠡᠭ ᠤᠨ ᠢᠶᠡᠨ ᠣᠭᠣᠳᠠᠨ ᠳᠤ ᠬᠢᠨ᠎ᠠ᠃ ᠪᠣᠷᠣᠭᠠᠨ ᠣᠷᠣᠭᠰᠠᠭᠠᠷ ᠲᠠᠷᠠ ᠰᠢᠪᠠᠷ ᠡᠯᠳᠡᠭ᠍ᠰᠡᠨ ᠭᠣᠯᠢᠷ ᠰᠢᠭ ᠠᠶᠠᠠᠳᠠᠭᠠᠨ ᠵᠦᠬᠡᠯᠡᠷᠠᠬᠥ ᠲᠣᠯᠠ ᠪᠢ ᠲᠡᠬᠥᠨ ᠢᠶᠡᠷ ᠰᠢᠷᠡᠬᠡ᠂ ᠰᠣᠯᠪᠢᠭᠣ᠂ ᠠᠶ‍ᠢᠰ ᠣᠯᠠᠨ ᠶᠠᠩᠵᠣ ᠶᠢᠨ ᠪᠦᠬᠥ ᠲᠡᠶ ᠲ᠋ᠡᠮᠠᠬᠡᠥᠨ᠂ ᠬᠣᠨᠢ ᠡᠢᠮᠠᠭ᠎ᠠ᠂ ᠠᠵᠢᠷᠭ᠎ᠠ ᠠᠵᠢᠷᠭ᠎ᠠ ᠪᠠᠷ ᠠᠳᠣᠭᠣ᠂ ᠪᠠᠰᠠ ᠠᠪᠣ ᠪᠠᠨ ᠰᠢᠭ ᠪᠥᠭ᠍ᠳᠦᠢᠭ᠍ᠰᠡᠨ ᠦᠨᠳᠥᠷ ᠬᠦᠮᠥᠨ ᠬᠢᠵᠣ ᠬᠠᠳᠠᠨ ᠤ ᠣᠷᠣᠢ ᠲᠡᠬᠡᠷ᠎ᠡ ᠦᠷᠥᠨ᠎ᠠ᠃ ᠡᠵᠢ 《 ᠲ᠋ᠡᠮᠠᠬᠡ ᠮᠣᠷᠢ 》 ᠶᠢ ᠨᠢ ᠲᠣᠭᠣᠬᠣ ᠪᠣᠯᠪᠠᠴᠣ 《 ᠡᠵᠠᠨ 》 ᠢ ᠨᠢ ᠬᠠᠷᠢᠨ ᠠᠪᠣ ᠲᠡᠶ ᠬᠣᠯᠪᠣᠵᠣ ᠡᠯᠳᠠᠪ ᠢᠶᠡᠷ ᠱᠣᠭᠯᠠᠨ᠎ᠠ᠃ ᠠᠪᠣ ᠶᠢᠨ ᠬᠣᠪᠢ ᠳᠤ ᠪᠣᠯ ᠲᠡᠳᠡᠬᠡᠷ ᠪᠠᠷᠢᠮᠠᠯ ᠢ ᠶᠡᠬᠡᠳᠡ ᠪᠡᠯᠬᠡᠰᠢᠶᠡᠵᠦ 《 ᠮᠢᠨᠣ ᠬᠦᠤ ᠮᠠᠯ ᠤᠨ ᠪᠣᠶᠠᠨ ᠲ᠋ᠠᠢ ᠡᠷ᠎ᠠ ᠪᠣᠯᠬᠣ ᠨᠢ ᠡ 》 ᠬᠡᠬᠥ ᠳ᠋ᠣᠨᠢ ᠪᠢ ᠵᠦᠩᠳᠡᠬᠡᠨ ᠶᠡᠬᠡ ᠣᠷᠮᠠᠰᠢᠳᠠᠭ᠃ ᠡᠳᠣᠷ ᠤᠨ ᠣᠳᠠᠭᠠᠨ ᠳᠤ ᠲᠠᠷᠠ ᠰᠢᠪᠠᠷ ᠡᠢᠯᠠᠳᠳᠠ ᠬᠣᠷᠣᠭᠳᠠᠭᠰᠠᠨ ᠪᠠᠶ᠋‍ᠢᠨ᠎ᠠ᠃ ᠴᠢᠩᠬᠢᠬᠥᠯᠡᠷ 《 ᠭᠠᠵᠠᠷ ᠤᠨ ᠰᠢᠷᠬ᠎ᠠ ᠠᠨᠠᠭᠠᠬᠣ 》 ᠬᠡᠵᠦ ᠬᠦᠬᠡᠨᠡᠭ᠍ᠰᠡᠨ ᠡᠢᠮᠠᠭᠠᠳ ᠡᠴᠡ ᠨᠠᠯᠢᠶᠠᠳ ᠰᠥ᠋ ᠰᠢᠪᠳᠣᠷᠴᠣ ᠠᠪᠠᠴᠢᠭᠠᠳ ᠬᠠᠳᠠᠨ ᠤ ᠡᠡᠨᠭ᠌ ᠳᠤ ᠲᠣᠰᠣᠭᠠᠬᠣ ᠳᠤ ᠡᠵᠢ ᠬᠣᠷᠢᠭᠯᠠᠳᠠᠭ ᠦᠭᠡᠶ ᠪᠠᠶ᠋‍ᠢᠯ᠎ᠠ᠃

ᠵᠤᠨ ᠤ ᠰᠡᠬᠥᠯᠴᠢ ᠪᠠᠷ ᠪᠢᠳᠠ ᠪᠠᠰᠠ ᠣᠳᠣᠷᠯᠠᠨ ᠪᠠᠶ᠋‍ᠢᠷᠢ ᠰᠣᠯᠢᠵᠣ᠂ ᠡᠪᠠᠰᠣ ᠬᠣᠩᠭ᠋ᠣᠷᠰᠢᠭᠣᠯᠣᠨ ᠪᠦᠷ ᠬᠠᠳᠥᠯᠡᠨᠭ᠌ ᠲᠠᠭᠣᠰᠬᠠᠭᠠᠳ᠂ ᠬᠢᠷᠠᠭᠣ ᠰᠡᠷᠢᠬᠥᠤ ᠣᠷᠣᠭᠰᠠᠨ ᠨᠠᠮᠣᠷ ᠤᠨ ᠰᠢᠪᠳᠣᠷᠭᠠᠨ ᠢᠶᠡᠷ ᠰᠠᠶ‍ᠢ ᠡᠪᠣᠯᠵᠢᠶᠠᠨ ᠳᠡᠭᠡᠨ ᠪᠣᠴᠠᠪᠠ᠃

ᠵᠤᠠᠵᠢᠨ ᠡᠵᠡᠬᠥᠢ ᠬᠣᠴᠣᠷᠣᠭᠰᠠᠨ ᠡᠪᠣᠯᠵᠢᠶ᠎ᠠ ᠬᠣᠷᠣᠭ᠎ᠠ ᠪᠠᠨ ᠠᠵᠢᠭᠯᠠᠬᠣ ᠳᠤ ᠶᠡᠬᠡᠳᠡ ᠬᠣᠪᠢᠷᠠᠴᠢᠬᠠᠭᠰᠠᠨ᠂ ᠬᠣᠨᠢᠨ ᠤ ᠬᠣᠠᠳᠠ ᠦᠶᠡᠷ ᠢᠶᠡᠷ ᠣᠷᠣᠰᠴᠣ᠂ ᠬᠣᠳᠠᠨ ᠤ ᠵᠠᠬ᠎ᠠ ᠶᠢ ᠯᠣᠣᠯᠢ᠂ ᠱᠣᠷᠣᠨ᠎ᠠ᠂ ᠣᠰᠣᠨ ᠬᠠᠮᠬᠣᠣᠯ ᠪᠢᠳᠡᠬᠥᠤ ᠪᠦᠭ᠍ᠯᠠᠵᠦ᠂ ᠰᠣᠵᠢᠭ ᠤᠨ ᠲᠠᠷᠠᠰᠣ ᠬᠦᠯ ᠣᠷᠢᠶᠠᠨ᠂ ᠬᠣᠳᠳᠣᠭ ᠡᠴᠡ ᠴᠠᠭᠠᠰᠢ ᠦᠷᠬᠥᠯᠵᠢᠯᠡᠬᠥ ᠮᠠᠯ ᠤᠨ ᠴᠣᠪᠣᠭ᠎ᠠ ᠬᠦᠷᠳᠡᠯ᠎ᠡ ᠡᠪᠠᠰᠣᠨ ᠳᠤ ᠪᠣᠯᠠᠭᠳᠠᠨ ᠪᠢᠳᠡᠬᠥᠷᠡᠭ᠍ᠰᠡᠨ ᠪᠠᠶ᠋‍ᠢᠨ᠎ᠠ᠃

ᠰᠦᠯ ᠤᠨ ᠴᠠᠭ ᠢᠶᠡᠷ ᠠᠭᠣᠯᠠᠨ ᠳᠤ ᠬᠣᠨᠢ ᠬᠠᠷᠢᠭᠣᠯᠬᠣ ᠨᠢ ᠮᠦᠨ ᠬᠥ ᠮᠢᠨᠣ ᠡᠬᠥᠷᠬᠡ᠃ ᠴᠠᠷᠴᠠᠬᠠᠢ ᠲᠡᠪᠬᠡᠷᠬᠡ ᠱᠠᠷᠬᠢᠭᠰᠠᠨ ᠨᠠᠮᠣᠷ ᠤᠨ ᠠᠭᠣᠯᠠ ᠣᠯᠠᠭᠠᠨ᠂ ᠰᠢᠷ᠎ᠠ᠂ ᠬᠦᠷᠡᠨᠭ᠌ ᠥᠩᠬᠡ ᠪᠠᠷ ᠠᠯᠠᠭᠯᠠᠨ᠂ ᠦᠷᠡᠯᠡᠨ ᠬᠠᠯᠢᠭᠣᠷᠠᠭᠰᠠᠨ ᠰᠢᠮᠠᠳᠣ ᠡᠪᠠᠰᠣᠨ ᠤ ᠱᠠᠩᠳᠠᠭᠣᠨ ᠦᠨᠥᠷ ᠲᠡᠯᠠᠬᠡᠢ ᠲᠦᠬᠥᠷᠡᠨᠭ᠌ ᠠᠩᠬᠢᠯᠣᠨ᠎ᠠ᠃ ᠪᠣᠷᠣ ᠲᠣᠶ᠋‍ᠢᠮᠣᠭ ᠪᠢᠯᠵᠣᠣᠬᠠᠢ ᠪᠣᠰᠣᠨ ᠰᠠᠭᠣᠨ ᠵᠢᠷᠬᠢᠵᠣ᠂ ᠦᠲᠦ ᠵᠢᠬᠥᠷ ᠨᠢ ᠰᠣᠯᠣᠩᠭ᠋ᠠᠷᠠᠭᠰᠠᠨ᠂ ᠰᠢᠷ᠎ᠠ᠂ ᠣᠯᠠᠭᠠᠨ ᠢᠶᠡᠷ ᠠᠯᠠᠭᠯᠠᠭᠰᠠᠨ ᠵᠦᠢᠯ ᠵᠦᠢᠯ ᠤᠨ ᠬᠦᠬᠡᠷᠥᠬᠥᠨ ᠰᠢᠪᠠᠭᠣᠳ ᠪᠣᠳᠠ ᠮᠣᠳᠣ ᠲᠠᠮᠵᠢᠨ ᠨᠢᠰᠴᠣ᠂ ᠭᠠᠳᠣᠰ ᠤᠨ ᠦᠨᠳᠥᠷ ᠬᠢᠷ᠎ᠠ ᠳᠤ ᠭᠠᠭᠴᠠ ᠬᠣᠶᠠᠷ ᠬᠣᠨᠢᠨ ᠬᠦᠷᠥᠬᠡᠰᠦ ᠬᠣᠯᠠ ᠶᠢ ᠪᠠᠷᠠᠯᠠᠵᠣ ᠬᠡᠰᠡᠭ ᠵᠤᠭᠰᠣᠭᠰᠠᠨ ᠢᠶᠡᠨ ᠲᠦᠳᠡᠬᠡᠨ ᠵᠠᠭᠣᠷ᠎ᠠ ᠴᠠᠭᠠᠰᠢ ᠲᠠᠯᠳᠠᠷᠠᠨ᠎ᠠ᠃ ᠬᠣᠨᠢ ᠡᠢᠮᠠᠭᠠᠳ ᠰᠦᠯ ᠳᠤ ᠲᠣᠭᠳᠠᠨ ᠨᠠᠯᠠᠶ᠋‍ᠢᠵᠣ᠂ 《 ᠬᠣᠨᠢᠴᠢᠨ 》 ᠪᠢ ᠬᠡᠬᠡᠷ᠎ᠡ ᠶᠢᠨ ᠡᠨᠠ ᠵᠢᠷᠭᠠᠯ ᠳᠤ ᠰᠣᠭᠳᠣᠭᠣᠷᠠᠨ᠎ᠠ᠃

ᠨᠠᠷᠠ ᠪᠠᠷᠠᠭᠣᠠᠰᠢ ᠲᠣᠩᠭ᠋ᠣᠶ᠋‍ᠢᠵᠣ᠂ ᠠᠭᠣᠯᠠ ᠶᠢᠨ ᠰᠡᠬᠥᠳᠡᠷ ᠪᠠᠭᠣᠬᠣ ᠳᠤ ᠬᠣᠨᠢᠳ ᠢᠶᠡᠨ ᠭᠠᠵᠠᠷ ᠤᠨ ᠴᠠᠭᠠᠨ ᠣᠷᠣᠭᠣ ᠵᠨᠯᠠᠵᠣ᠂ ᠵᠤᠨ ᠤ ᠡᠬᠢ ᠪᠠᠷ ᠠᠪᠣ ᠪᠢᠳᠠ ᠬᠣᠶᠠᠷ ᠤᠨ ᠰᠥ᠋ ᠲᠣᠰᠣᠭᠠᠭᠰᠠᠨ ᠦᠨᠦ ᠰᠢᠪᠠᠷ ᠲᠡᠶ ᠬᠣᠩᠬᠣᠷ ᠲᠡᠬᠡᠷ᠎ᠡ ᠪᠠᠨ ᠣᠴᠢᠪᠠᠯ ᠲᠣᠳᠣᠷ᠎ᠠ ᠨᠢ ᠲᠣᠰᠣᠨ ᠡᠢᠯᠪᠠᠭᠠᠷ᠎ᠠ᠂ ᠪᠣᠳᠢᠣᠯ ᠲᠦᠬᠥᠷᠡᠨᠭ᠌ ᠣᠷᠭᠣᠵᠣ᠂ ᠡᠢᠷᠠᠭᠳᠠᠭᠰᠠᠨ ᠬᠦᠷᠥᠰᠤ ᠨᠢ ᠪᠦᠷ ᠣᠷᠣ ᠦᠭᠡᠶ ᠡᠳᠡᠬᠡᠷᠡᠭ᠍ᠰᠡᠨ ᠪᠠᠶ᠋‍ᠢᠯ᠎ᠠ᠃

《 ᠴᠠᠭᠠᠨ ᠰᠥ᠋ ᠭᠠᠵᠠᠷ ᠤᠨ ᠰᠢᠷᠬ᠎ᠠ ᠠᠨᠠᠭᠠᠳᠠᠭ 》 ᠬᠡᠰᠡᠨ ᠠᠪᠣ ᠶᠢᠨ ᠦᠬᠡ ᠠᠷᠭ᠎ᠠ ᠦᠭᠡᠶ 《 ᠦᠨᠡᠨ 》 ᠪᠠᠶ᠋‍ᠢᠵᠠᠢ᠃


ᠰᠦᠨ ᠤ ᠲᠠᠶ᠋‍ᠢᠰᠣᠨ


ᠬᠣᠯᠠ ᠶᠢᠨ ᠬᠦᠬᠡ ᠠᠭᠣᠯᠠ ᠡᠨᠡᠬᠥᠬᠡᠨ ᠳᠤ ᠪᠠᠶ᠋‍ᠢᠭ᠎ᠠ ᠰᠢᠭ ᠴᠡᠯᠮᠡᠭ᠍ᠬᠡᠨ ᠦᠷᠯᠦᠬᠡ᠂ ᠡᠵᠢ ᠬᠦᠬᠡᠨᠡᠭ᠍ᠰᠡᠨ ᠡᠢᠮᠠᠭᠠᠳ ᠢᠶᠡᠨ ᠰᠠᠭᠠᠭᠠᠳ ᠪᠡᠯᠴᠢᠬᠡᠨ᠎ᠡ᠃ ᠪᠠᠭ᠎ᠠ ᠦᠳᠡ ᠪᠣᠯᠣᠨ᠎ᠠ ᠦᠦ ᠦᠭᠡᠶ ᠦᠦ ᠯᠠ ᠲᠠᠯ᠎ᠠ ᠶᠢᠨ ᠵᠠᠷᠬᠡᠯᠬᠡᠨ ᠳᠤ ᠠᠯᠣᠰ ᠤᠨ ᠲᠠᠷᠠ ᠬᠥ ᠠᠭᠣᠯᠠ ᠠᠳᠠᠷᠠᠭ᠎ᠠ ᠲᠠᠰᠣᠷᠠᠨ ᠲᠣᠯᠬᠢᠶᠠᠯᠠᠵᠣ᠂ ᠬᠠᠶᠠ ᠪᠣᠯᠵᠣᠮᠣᠷ ᠴᠡᠭ᠍ᠴᠡᠣᠬᠡᠢ ᠠᠭᠠᠷ ᠲᠤ ᠵᠢᠷᠬᠢᠬᠥ ᠡᠴᠡ ᠠᠩᠬᠢᠳᠠ ᠴᠢᠮᠡᠬᠡ ᠠᠨᠢᠷ ᠦᠭᠡᠶ ᠨᠠᠮ ᠵᠢᠮ ᠡᠳᠣᠷ ᠡᠬᠢᠯᠠᠨ᠎ᠠ᠃ ᠮᠠᠶ᠋‍ᠢᠬᠠᠨ ᠤ ᠬᠠᠶᠠᠭᠠᠨ ᠡᠴᠡ ᠦᠷᠬᠥᠯᠵᠢᠯᠡᠭ᠍ᠰᠡᠨ ᠰᠢᠮᠠᠳᠣ ᠨᠣᠭᠣᠭᠠᠨ ᠤ ᠠᠩᠬᠢᠯᠣᠮ᠎ᠠ ᠦᠨᠥᠷ ᠲᠤ ᠰᠠᠮᠰᠠ ᠰᠠᠩᠬᠢᠨᠡᠭ᠍ᠰᠡᠨ ᠲ᠋ᠠᠶ᠋‍ᠢᠮᠣ ᠡᠳᠣᠷ ᠪᠢ ᠲᠣᠯᠭᠠᠨ ᠲᠡᠬᠡᠷ᠎ᠡ ᠬᠦᠬᠡᠷᠥᠬᠥᠯᠥᠭᠰᠡᠨ ᠰᠥ᠋ ᠪᠠᠨ ᠰᠠᠮᠣᠷᠴᠣ ᠦᠷᠥᠮ᠎ᠡ ᠰᠠᠭᠣᠯᠭᠠᠨ᠎ᠠ᠃ ᠡᠵᠢ ᠨᠢᠯᠬ᠎ᠠ ᠲᠡᠬᠥᠤ ᠶᠢ ᠬᠦᠬᠥᠬᠥᠯᠵᠦ ᠣᠷᠬᠢᠭᠠᠳ ᠬᠣᠨᠢᠨ ᠳᠠᠭᠠᠨ ᠶᠠᠪᠣᠬᠣ ᠳᠤ ᠲᠡᠬᠥᠤ ᠪᠠᠨ ᠠᠷᠭᠠᠳᠠᠵᠣ ᠣᠠᠳᠠᠭᠣᠯᠬᠣ᠂ ᠰᠠᠷᠠᠪᠠᠯ ᠣᠭᠵᠢᠵᠣ ᠬᠠᠭᠣᠷᠠᠶ᠋‍ᠢᠯᠠᠬᠣ ᠵᠡᠷᠬᠡ ᠪᠠᠷ ᠮᠢᠨᠣ ᠡᠳᠣᠷ ᠤᠨ ᠠᠵᠢᠯ ᠡᠬᠢᠯᠠᠨ᠎ᠠ᠃

ᠨᠢᠯᠬ᠎ᠠ ᠲᠡᠬᠥᠤ ᠪᠠᠨ ᠬᠠᠷᠠᠬᠣ ᠨᠢ ᠡᠳᠣᠷ ᠢᠶᠡᠷ ᠪᠣᠯ ᠭᠠᠶ᠋‍ᠢᠭᠣᠢ᠂ ᠰᠦᠨᠢ ᠣᠷᠣᠢ ᠪᠣᠯᠣᠭᠰᠠᠭᠠᠷ ᠡᠵᠢ ᠬᠣᠳᠠ ᠬᠣᠷᠣᠭᠠᠨ ᠳᠠᠭᠠᠨ ᠣᠷᠣᠬᠣ ᠲᠡᠷᠠᠬᠥᠬᠡᠨ ᠬᠣᠭᠣᠷᠣᠠᠳᠣ ᠴᠤ᠄ 《 ᠲᠡᠬᠥᠤ ᠪᠠᠨ ᠵᠠᠷᠠᠭᠠᠨ ᠳᠤ ᠡᠢᠳᠡᠬᠥᠯᠥᠭᠰᠡᠨ ᠪᠠᠶ᠋‍ᠢᠭᠣᠵᠠᠢ 》 ᠬᠡᠵᠦ ᠴᠢᠩᠭ᠋ᠠᠬᠠᠨ ᠵᠠᠬᠢᠭᠠᠳ ᠭᠠᠷᠣᠨ᠎ᠠ᠃ ᠵᠤᠰᠡᠯᠡᠨᠭ᠌ ᠤᠨ ᠦᠳᠡᠰᠢ ᠨᠠᠮ ᠬᠦᠮ ᠪᠠᠶ᠋‍ᠢᠳᠠᠭ ᠴᠤ ᠲᠠᠷᠠ ᠨᠠᠮ ᠬᠦᠮ ᠤᠨ ᠲᠣᠮᠳᠠ 《 ᠲ᠋ᠠᠶ᠋‍ᠢᠰᠣᠨ 》 ᠨᠢᠭᠣᠭᠳᠠᠵᠣ ᠪᠠᠶ᠋‍ᠢᠳᠠᠭ ᠨᠢ ᠨᠠᠳᠠ ᠳ᠋ᠣ ᠲᠣᠶ᠋‍ᠢᠯ ᠤᠨ ᠠᠶᠣᠮᠰᠢᠭᠳᠠᠢ ᠶᠠᠪᠣᠳᠠᠯ ᠪᠣᠯᠬᠣ ᠲᠣᠯᠠ ᠪᠦᠷᠥᠢ ᠬᠠᠷᠠᠩᠭ᠋ᠣᠢ ᠪᠣᠯᠣᠭᠰᠠᠭᠠᠷ ᠯᠠ ᠲᠡᠬᠥᠤ ᠡᠴᠡ ᠪᠠᠨ ᠪᠢ ᠲᠦᠬᠡ ᠰᠠᠯᠳᠠᠭ ᠦᠬᠡᠢ ᠪᠠᠶ᠋‍ᠢᠯ᠎ᠠ᠃ ᠲᠡᠬᠥᠤ ᠶᠢ ᠭᠠᠷᠬᠣ ᠡᠴᠡ ᠣᠷᠢᠳᠣ ᠪᠢ ᠵᠠᠷᠠᠭ᠎ᠠ ᠶᠢ 《 ᠲ᠋ᠠᠶ᠋‍ᠢᠰᠣᠨ 》 ᠬᠡᠵᠦ ᠮᠡᠳᠡᠳᠡᠭ ᠦᠭᠡᠶ ᠪᠠᠶ᠋‍ᠢᠭᠰᠠᠨ ᠶᠣᠮ᠃

ᠡᠬᠡ ᠶᠢᠨ ᠰᠥ᠋ ᠡᠴᠡ ᠠᠯᠢ ᠬᠡᠳᠦᠢᠢᠨ ᠰᠠᠯᠣᠭᠰᠠᠨ ᠠᠳᠠᠯ᠎ᠠ ᠡᠬᠡᠬᠡ ᠯᠠ ᠦᠷᠥᠮ᠎ᠡ ᠰᠥ᠋ ᠪᠠᠷ ᠬᠣᠭᠣᠯᠠ ᠬᠢᠵᠣ ᠪᠠᠶ᠋‍ᠢᠳᠠᠭ ᠰᠢᠭ ᠣᠳᠣᠷ ᠤᠨ ᠮᠠᠶ᠋‍ᠢᠬᠠᠨ ᠳᠤ ᠰᠦᠨᠢ ᠪᠠᠷ ᠣᠷᠣᠵᠣ ᠡᠢᠷᠠᠨ ᠰᠥ ᠲᠣᠰᠣ ᠬᠣᠯᠠᠭᠠᠶ᠋‍ᠢᠯᠠᠵᠣ ᠡᠢᠳᠡᠳᠡᠭ ᠶᠣᠷᠣ ᠶᠢᠨ ᠬᠡᠵᠢᠭ᠌ ᠰᠢᠤ᠂ ᠵᠠᠷᠠᠭ᠎ᠠ ᠬᠡᠳᠡᠭ᠃ ᠰᠥ᠋ ᠶᠢᠨ ᠬᠢᠨᠢ ᠦᠨᠥᠷ ᠲᠤ ᠪᠣᠯᠵᠣ ᠦᠯᠣᠬᠡᠢ ᠲᠡᠶ ᠬᠡᠣᠬᠡᠥᠨ ᠤᠨ ᠣᠷᠣᠭᠣᠯ ᠢ ᠬᠦᠷᠳᠡᠯ᠎ᠡ ᠰᠡᠳᠡᠯᠣᠬᠡᠥᠨ ᠮᠡᠷᠠᠴᠢᠬᠡᠳᠡᠭ ᠣᠯᠠᠭᠠᠨ ᠴᠠᠭᠠᠨ ᠢ ᠡᠢᠯᠭᠠᠯ ᠦᠭᠡᠶ ᠣᠯᠠᠶ᠋‍ᠢᠷᠠᠨ ᠰᠢᠨᠣᠳᠠᠭ ᠠᠮᠢᠳᠣ ᠶᠢᠨ ᠬᠠᠷ᠎ᠠ ᠨᠢᠬᠥᠯ ᠦᠢᠯᠡᠳᠥᠭᠴᠢ ᠵᠠᠷᠠᠭ᠎ᠠ ᠳᠤ ᠡᠰᠠ ᠦᠰᠢᠬᠥ ᠬᠦᠮᠥᠨ ᠦᠭᠡᠶ ᠪᠢᠯᠠ᠃ ᠴᠢᠩᠬᠢᠬᠥ ᠳᠤ ᠡᠵᠢ ᠪᠣᠯᠬᠣᠯᠠᠷ ᠶᠠᠭᠣᠮ᠎ᠠ ᠶᠠᠭᠣᠮᠠᠨ ᠳᠤ ᠨᠢᠬᠥᠯ᠂ ᠬᠦᠬᠡᠷᠥᠬᠥᠢ ᠬᠡᠰᠡᠨ ᠬᠦᠮᠥᠨ ᠡᠴᠡ ᠡᠢᠯᠡᠬᠥᠤ ᠰᠦᠵᠢᠷᠡᠬᠥᠨ ᠬᠦᠮᠥᠨ ᠶᠣᠮ᠃ ᠵᠤᠨ ᠤ ᠰᠦᠨᠢ ᠮᠠᠶ᠋‍ᠢᠬᠠᠨ ᠳᠤ ᠵᠠᠷᠠᠭ᠎ᠠ ᠡᠴᠡ ᠰᠡᠷᠬᠡᠶ᠋‍ᠢᠯᠡᠵᠦ ᠡᠵᠢ ᠲᠡᠬᠥᠤ ᠶᠢ ᠮᠠᠠᠴᠣᠶ᠋‍ᠢᠯᠠᠨ ᠲᠠᠷ᠎ᠠ ᠶ᠋‍ᠢᠨ ᠢᠶᠡᠨ ᠲᠣᠰᠢᠶ᠎ᠠ ᠦᠨᠳᠥᠷ ᠣᠷᠣ ᠵᠠᠰᠠᠵᠣ ᠣᠠᠳᠠᠭᠣᠯᠣᠨ᠎ᠠ᠃

ᠨᠢᠬᠡᠨ ᠦᠷᠯᠦᠬᠡ ᠡᠵᠢ ᠪᠣᠰᠣᠭᠠᠳ ᠴᠠᠢ ᠪᠠᠨ ᠣᠶ᠋‍ᠢᠵᠣ ᠲᠠᠪᠣᠷ᠎ᠠ ᠳᠡᠭᠡᠨ ᠶᠡᠬᠥᠯᠡᠬᠥ ᠬᠡᠰᠡᠨ ᠳᠤ ᠲᠠᠪᠣᠷ᠎ᠠ ᠲᠣᠳᠣᠷ᠎ᠠ ᠨᠢ ᠪᠦᠠᠳᠦᠢᠭᠰᠡᠨ ᠪᠣᠷᠣ ᠶᠠᠭᠣᠮ᠎ᠠ ᠲᠣᠷᠴᠢᠬᠢᠨᠠᠵᠣ ᠪᠠᠶ᠋‍ᠢᠭᠰᠠᠨ ᠨᠢ ᠵᠠᠷᠠᠭ᠎ᠠ ᠪᠠᠶ᠋‍ᠢᠯ᠎ᠠ᠃ ᠲᠠᠪᠣᠷ᠎ᠠ ᠪᠠᠨ ᠣᠷᠣᠭᠣ ᠬᠠᠷᠠᠭᠣᠯᠵᠣ ᠰᠡᠭ᠍ᠰᠥᠷᠬᠥ ᠳᠤ ᠦᠨᠦᠬᠢ ᠨᠢ ᠪᠠᠶ᠎ᠠ ᠪᠠᠨ ᠬᠣᠷᠢᠶᠠᠵᠣ ᠠᠷᠵᠠᠶ᠋‍ᠢᠯᠭᠠᠴᠢᠬᠠᠭᠠᠳ ᠠᠮᠨ ᠪᠠᠷ ᠨᠢ ᠪᠠᠭᠳᠠᠵᠣ ᠭᠠᠷᠣᠨ᠎ᠠ ᠬᠡᠵᠦ ᠪᠠᠶ᠋‍ᠢᠳᠠᠭ ᠦᠭᠡᠶ ᠡ᠃ ᠡᠵᠢ ᠪᠣᠯ ᠲᠠᠶ᠋‍ᠢᠮᠣ ᠶᠠᠭᠣᠮᠠᠨ ᠤ ᠠᠷᠭ᠎ᠠ ᠶᠢ ᠨᠢ ᠣᠯᠵᠣ ᠮᠡᠷᠬᠡᠵᠢᠭ᠍ᠰᠡᠨ ᠬᠦᠮᠥᠨ ᠪᠠᠶ᠋‍ᠢᠵᠠᠢ᠂ ᠮᠠᠶ᠋‍ᠢᠬᠠᠨ ᠡᠴᠡ ᠵᠠᠶ᠋‍ᠢᠳᠠᠶ᠋‍ᠢᠬᠠᠨ ᠬᠠᠪᠳᠠᠭᠠᠢ ᠴᠢᠯᠠᠭᠣᠨ ᠲᠡᠬᠡᠷ᠎ᠡ ᠰᠥ᠋ ᠲᠣᠰᠣᠭᠠᠵᠣ᠂ ᠲᠠᠪᠣᠷ᠎ᠠ ᠪᠠᠨ ᠲᠡᠷᠬᠡᠳᠡ ᠨᠢ ᠬᠡᠪᠳᠡᠬᠥᠯᠵᠦ ᠲᠠᠯᠪᠢᠭᠰᠠᠨ ᠳᠤ ᠣᠳᠠᠯ ᠦᠭᠡᠶ ᠦᠨᠦ 《 ᠬᠣᠯᠠᠭᠠᠶ᠋‍ᠢᠴᠢ 》 ᠠᠮᠨ ᠪᠠᠷ ᠨᠢ ᠡᠪᠳᠡᠢᠢᠬᠡᠨ ᠬᠡᠭ᠍ᠴᠢ ᠰᠢᠷᠭᠣᠨ ᠭᠠᠷᠴᠣ ᠡᠢᠷᠡᠬᠡᠥᠨ ᠲᠣᠰᠣᠭᠠᠭᠰᠠᠨ ᠰᠥ᠋ ᠶᠢ ᠨᠢ ᠱᠥᠯᠡᠮᠳᠡᠵᠦ ᠪᠠᠶ᠋‍ᠢᠭᠰᠠᠨ ᠢᠶᠡᠨ ᠬᠦᠮᠥᠨ ᠤ ᠠᠨᠢᠷ ᠢᠶᠡᠷ ᠴᠠᠭᠠᠰᠢ ᠪᠠᠨ ᠵᠢᠷᠶ᠋‍ᠢᠯᠬᠡᠵᠦ ᠣᠣᠠᠪᠠ᠃ ᠪᠢ ᠭᠠᠯ ᠤᠨ ᠬᠠᠶ᠋‍ᠢᠴᠢ ᠰᠢᠬᠥᠷᠡᠵᠦ ᠠᠪᠣᠩᠭ᠋ᠣᠳᠠ ᠦᠨᠦ 《 ᠲ᠋ᠠᠶ᠋‍ᠢᠰᠣᠨ 》 ᠤ ᠬᠣᠶ᠋‍ᠢᠨ᠎ᠠ ᠡᠴᠠ ᠬᠦᠢᠴᠡᠵᠦ ᠣᠴᠢᠳᠠᠯ᠎ᠠ ᠡᠵᠢ ᠲᠠᠠᠳᠠ ᠡᠴᠡ᠄ 《 ᠬᠦᠶ‍ᠢ ᠬᠡᠮ᠂ ᠪᠠᠶ᠋‍ᠢᠭ ᠳ᠋‍ᠠ ᠬᠦᠬᠡᠷᠥᠬᠥᠢ᠂ ᠨᠢᠬᠥᠯ ᠪᠣᠯᠣᠨ᠎ᠠ᠂ ᠴᠠᠭᠠᠨ ᠰᠥ᠋ ᠲᠣᠯᠢᠶᠠᠳᠠᠭ ᠠᠮᠢᠳᠠᠨ ᠢ ᠴᠠᠭᠠᠰᠢ ᠨᠢ ᠬᠠᠷᠠᠭᠣᠯᠣᠭᠠᠳ ᠶᠠᠭᠠᠬᠢᠬᠣ ᠨᠢ ᠪᠣᠢ 》 ᠬᠡᠵᠦ ᠬᠣᠷᠢᠭᠯᠠᠪᠠ᠃ ᠭᠠᠯ ᠤᠨ ᠲᠠᠮᠣᠷ ᠬᠠᠶ᠋‍ᠢᠴᠢ ᠪᠠᠷ ᠨᠢᠷᠣᠭᠣᠨ ᠲᠣᠮᠳᠠᠭᠣᠷ ᠨᠢ ᠭᠠᠭᠴᠠᠬᠠᠨ ᠰᠢᠳᠠᠮᠳᠠᠴᠢᠬᠠᠶ᠎ᠠ ᠬᠡᠰᠡᠨ ᠴᠢᠨᠢ ᠲᠣᠣᠷ᠎ᠠ ᠨᠢ ᠡᠢᠩᠬᠢᠵᠣ ᠪᠣᠯᠢᠭᠣᠯᠳᠠᠭ ᠪᠠᠶ᠋‍ᠢᠨ᠎ᠠ᠃ ᠰᠥ᠋ ᠲᠡᠶ ᠬᠣᠩᠰᠢᠶᠠᠷ ᠶ᠋‍ᠢᠠᠨ ᠱᠥᠷᠦᠢᠯᠬᠡᠴᠢᠬᠡᠭ᠍ᠰᠡᠨ ᠪᠠᠶ᠎ᠠ ᠲᠦᠬᠥᠷᠡᠨᠭ᠌ ᠦᠷᠬᠡᠰᠦ ᠲᠡᠶ ᠬᠦᠷᠡᠨᠭ᠌ ᠪᠣᠷᠣ ᠵᠠᠷᠠᠭ᠎ᠠ ᠶᠠᠭᠣ ᠴᠤ ᠪᠣᠯᠣᠭ᠎ᠠ ᠦᠭᠡᠶ ᠶᠣᠮ ᠰᠢᠭ ᠴᠠᠭᠠᠰᠢ ᠪᠠᠨ ᠡᠪᠠᠰᠣᠨ ᠲᠣᠮᠳᠠᠭᠣᠷ ᠪᠦᠠᠳᠥᠯᠵᠡᠨ ᠲᠠᠯᠳᠠᠷᠠᠪᠠ᠃ 《 ᠡᠷ᠎ᠠ ᠬᠦᠮᠥᠨ 》 ᠪᠢ ᠡᠢᠩᠬᠢᠵᠣ ᠠᠩᠬᠠᠨ ᠤ ᠪᠠᠨ ᠡᠡᠨᠭ᠌ ᠳᠤ 《 ᠭᠠᠷ ᠬᠣᠭᠣᠰᠣᠨ ᠭᠠᠠᠵᠣᠭ᠎ᠠ ᠲᠣᠳᠠᠭᠣ 》 ᠮᠠᠯᠠᠷᠠᠵᠣ᠂ ᠡᠵᠢ ᠶᠢᠨ ᠦᠮᠣᠬᠡᠷᠡᠳᠡᠭ ᠲᠠᠷᠠ 《 ᠲ᠋ᠠᠶ᠋‍ᠢᠰᠣᠨ 》 ᠤ ᠬᠣᠶ᠋‍ᠢᠨ᠎ᠠ ᠡᠴᠡ ᠶᠠᠭᠠᠬᠢᠵᠣ ᠴᠤ ᠴᠢᠳᠠᠯ ᠦᠭᠡᠶ ᠵᠠᠨᠣᠯᠬᠢᠯᠠᠨ ᠬᠠᠷᠠᠵᠣ ᠵᠤᠭᠰᠣᠭᠰᠠᠨ ᠪᠢᠯᠠ᠃


ᠰᠥ᠋ ᠰᠠᠳᠠᠷᠠᠭᠠᠭᠰᠠᠨ 《 ᠡᠩᠰᠡᠯᠥᠯ 》


ᠲᠣᠢᠩᠬᠡ ᠲᠠᠷᠠᠰᠣ ᠬᠣᠶ᠋‍ᠢᠯᠠᠷᠠᠭᠣᠯᠵᠣ᠂ ᠪᠣᠳᠠ ᠮᠣᠳᠣ ᠭᠠᠰᠠᠯᠭᠠᠨ ᠦᠯᠢᠶᠡᠭ᠍ᠰᠡᠨ ᠬᠠᠬᠢᠷ ᠰᠢᠭᠣᠷᠭᠠᠨ ᠳᠤ ᠴᠠᠭᠠᠨ ᠲᠣᠶ᠋‍ᠢᠭ ᠤᠨ ᠬᠣᠭᠣᠯᠠᠢ ᠣᠯᠠᠭᠠᠨ ᠢᠶᠡᠷ ᠣᠷᠪᠠᠵᠣ᠂ ᠭᠠᠭᠴᠠ ᠨᠢᠬᠡᠨ ᠬᠠᠳᠠᠭᠰᠠᠨ ᠬᠠᠮᠬᠣᠣᠯ ᠰᠠᠯᠬᠢᠨ ᠳᠤ ᠪᠦᠮᠪᠥᠷᠢᠨ ᠲᠡᠷᠳᠡᠬᠡ ᠬᠣᠯᠠ ᠰᠣᠵᠢᠭ ᠶ᠋‍ᠢᠯᠠᠭ᠎ᠠ ᠣᠷᠣᠭᠣ ᠲᠠᠯᠳᠠᠷᠠᠨ᠎ᠠ᠃ ᠬᠣᠶᠠᠷ ᠪᠦᠬᠡᠷ᠎ᠡ ᠨᠢ ᠨᠡᠢᠢᠯᠡᠭ᠍ᠰᠡᠨ ᠴᠠᠭᠠᠨ ᠬᠣᠣᠷᠭᠠᠰᠣ ᠲᠡᠶ ᠰᠢᠷ᠎ᠠ ᠡᠢᠩᠬᠡ ᠡᠨᠳᠡᠭ᠍ᠰᠡᠨ ᠪᠣᠳᠣᠭᠣ ᠪᠠᠨ ᠰᠠᠬᠢᠵᠣ ᠡᠨᠠ ᠬᠣᠭᠣᠯᠠᠢ ᠳᠤ ᠲᠣᠯᠣᠭ᠎ᠠ ᠬᠣᠨᠣᠭᠰᠠᠨ ᠪᠠᠶ᠋‍ᠢᠯ᠎ᠠ᠃ ᠰᠢᠯᠢ ᠵᠤᠭᠳᠣᠷ ᠲᠣᠨᠢ ᠡᠪᠠᠰᠣ ᠪᠣᠳᠠ ᠰᠢᠷᠢᠯᠳᠣᠵᠣ᠂ ᠲᠡᠯᠡᠨᠭ᠌ ᠬᠦᠬᠥ ᠨᠢ ᠬᠠᠭ᠎ᠠ ᠴᠢᠨᠥᠷᠡᠭ᠍ᠰᠡᠨ ᠬᠦᠬᠡᠷᠥᠬᠥᠢ ᠲᠠᠷᠠ ᠠᠮᠢᠳᠠᠨ ᠤ ᠵᠤᠪᠡᠯᠡᠨᠭ᠌ ᠢ ᠲᠣᠮᠳᠠᠯᠠᠬᠣ ᠬᠦᠮᠥᠨ ᠫᠠᠭᠮ᠎ᠠ ᠡᠴᠡ ᠦᠬᠡᠷ᠎ᠡ ᠡᠨᠠ ᠡᠵᠡᠬᠥᠢ ᠭᠣᠪᠢ ᠳᠤ ᠪᠠᠶ᠋‍ᠢᠭᠰᠠᠨ ᠦᠭᠡᠶ ᠠᠵᠢ᠃ ᠠᠮᠢᠳᠠᠨ ᠤ ᠡᠬᠡ ᠬᠡᠳᠡᠭ ᠶᠠᠭᠠᠬᠢᠭᠰᠠᠨ ᠬᠡᠴᠡᠬᠥᠤ ᠪᠢᠯᠠ᠂ ᠬᠦᠯ ᠲᠡᠬᠡᠷ᠎ᠡ ᠪᠠᠨ ᠲᠣᠢᠩᠬᠡᠵᠦ ᠲᠣᠭᠳᠠᠭᠰᠠᠨ ᠪᠣᠯᠪᠠᠴᠣ ᠡᠬᠡ ᠶᠢᠨ ᠢᠶᠡᠨ ᠣᠭᠣᠷᠠᠭ ᠢ ᠰᠢᠮᠠᠵᠣ ᠴᠢᠳᠠᠯ ᠦᠭᠡᠶ ᠴᠠᠭᠠᠰᠢ ᠨᠢ ᠡᠪ ᠦᠭᠡᠶ ᠭᠠᠵᠠᠷ ᠲᠣᠩᠭ᠋ᠣᠷᠴᠣ ᠨᠢᠬᠡᠠᠳᠡ ᠠᠮᠢ ᠲᠠᠰᠣᠷᠠᠭᠠᠳ ᠬᠡᠲᠦ ᠬᠣᠨᠣᠭᠰᠠᠨ ᠦᠨᠦ ᠪᠣᠳᠣᠭᠣ ᠪᠠᠨ ᠪᠠᠶ᠋‍ᠢᠨ ᠪᠠᠶ᠋‍ᠢᠨ ᠦᠨᠥᠷᠯᠡᠵᠦ 《 ᠣᠳᠣ ᠯᠠ ᠨᠢᠬᠡ ᠪᠣᠰᠣᠭᠠᠳ ᠡᠢᠷᠡᠬᠥ ᠨᠢ ᠦᠦ 》 ᠬᠡᠬᠥ ᠰᠢᠭ᠌ ᠬᠣᠷᠭᠣᠳᠠᠬᠣ ᠶᠢᠨ ᠬᠦᠬᠡᠷᠥᠬᠦᠢᠯᠡᠯᠳᠡᠢ ᠶᠢ ᠶᠠᠭᠠᠬᠢᠨ᠎ᠠ᠃

ᠡᠵᠠᠨ ᠨᠢ ᠪᠣᠯᠬᠣ ᠫᠠᠭᠮ᠎ᠠ ᠬᠥᠭ᠍ᠰᠢᠨ ᠢ 《 ᠣᠷᠪᠠᠯᠭ᠎ᠠ ᠭᠠᠷᠭᠠᠭᠴᠢᠳ 》 ᠪᠠᠷᠢᠭᠠᠳᠠ ᠶᠢᠨ ᠭᠠᠵᠠᠷ ᠴᠢᠷᠴᠣ ᠠᠪᠠᠴᠢᠨ ᠦᠨᠵᠢᠬᠥᠳᠡ ᠬᠣᠨᠣᠭᠣᠳᠠ ᠪᠠᠷ 《 ᠰᠢᠬᠥᠨ ᠲᠡᠮᠠᠴᠡᠬᠥ 》 ᠳᠤ᠂ ᠡᠵᠡᠬᠥᠢ ᠬᠠᠶᠠᠭᠳᠠᠭᠰᠠᠨ ᠰᠥᠷᠥᠭ ᠡᠴᠡ ᠲᠠᠷᠠ ᠡᠢᠩᠬᠡ ᠰᠢᠯᠢᠷᠠᠨ ᠬᠡᠬᠡᠷ᠎ᠡ ᠪᠣᠳᠣᠭᠣᠯᠠᠭᠰᠠᠨ ᠨᠢ ᠡᠨᠠ ᠪᠠᠶ᠋‍ᠢᠯ᠎ᠠ᠃ 《 ᠠᠩᠬᠢ ᠶᠢᠨ ᠲᠠᠮᠠᠴᠠᠯ 》 ᠠᠯᠢᠪᠠ ᠶᠢ ᠲᠠᠷᠣᠵᠣ ᠭᠠᠷᠳᠠᠭ ᠲᠠᠷᠠ ᠬᠡᠴᠡᠬᠥᠤ ᠴᠠᠭ ᠲᠤ ᠬᠠᠮᠳᠣ ᠶᠢᠨ ᠬᠡᠯ᠎ᠡ ᠴᠤ ᠭᠠᠭᠴᠠ ᠬᠣᠶᠠᠷ ᠪᠣᠳᠣᠭᠣ ᠲᠣᠷᠣᠮ ᠬᠣᠬᠢᠷᠠᠬᠣ ᠶᠢ ᠬᠡᠨ ᠬᠡᠷᠡᠭ ᠲᠤ ᠠᠪᠬᠣ ᠪᠢᠯᠠ᠃ 《 ᠰᠠᠵᠢᠭ᠍ᠯᠠᠯᠳᠠᠢ ᠡᠳᠡᠬᠡᠥᠨ 》 ᠫᠠᠭᠮ᠎ᠠ ᠣᠣᠯ ᠨᠢ ᠬᠠᠷᠢ ᠨᠣᠳᠣᠭ ᠡᠴᠡ ᠴᠠᠭᠠᠴᠢᠯᠠᠵᠣ ᠡᠠᠳᠠ ᠡᠢᠷᠡᠭ᠍ᠰᠡᠨ ᠭᠠᠭᠴᠠ ᠪᠠᠶ᠎ᠠ ᠬᠦᠮᠥᠨ᠂ ᠴᠢᠩᠬᠢᠬᠡᠥᠨ ᠪᠠᠰᠠ ᠬᠠᠩᠬᠢ ᠦᠰᠥᠭ ᠪᠢᠴᠢᠭ᠌ ᠲᠥᠰᠣᠬᠡᠯᠡᠳᠡᠭ ᠪᠣᠯᠬᠣ ᠪᠠᠷ ᠨᠢ 《 ᠮᠣᠩᠭ᠋ᠣᠯ ᠤᠨ ᠣᠷᠭᠣᠳᠠᠭᠣᠯ 》᠂ 《 ᠶᠠᠫᠣᠨ ᠤ ᠲᠠᠩᠨᠠᠭᠣᠯ 》 ᠬᠡᠵᠦ ᠬᠠᠷᠠᠳᠠᠨ ᠠᠶ᠋‍ᠢᠬᠣᠪᠳᠣᠷ ᠮᠠᠭᠣᠬᠠᠢ ᠲᠠᠮᠣᠯᠠᠭᠰᠠᠨ ᠪᠠᠶ᠋‍ᠢᠯ᠎ᠠ᠃ ᠶᠠᠷᠣ ᠡᠴᠡ ᠵᠤᠷᠢᠮᠠᠭ ᠰᠢᠯᠣᠭᠣᠨ᠂ ᠬᠡᠯᠡ ᠠᠮᠨ ᠬᠣᠷᠴᠠ᠂ ᠪᠠᠷᠣᠭ ᠤᠨ ᠶᠠᠭᠣᠮᠠᠨ ᠳᠤ ᠨᠣᠭᠣᠷᠠᠳᠠᠭ ᠦᠭᠡᠶ ᠬᠦᠮᠥᠨ ᠲᠠᠷᠠ ᠬᠡᠳᠥᠨ ᠲᠠᠩᠬᠠᠢ ᠵᠤᠳᠣᠭᠠᠴᠢᠨ ᠡᠴᠡ ᠬᠡᠷᠬᠢᠨ ᠰᠥᠷᠳᠡᠬᠥ ᠪᠢᠯᠠ᠂ 《 ᠬᠣᠰᠢᠭᠣ ᠠᠯᠣᠰᠯᠠᠵᠣ᠂ ᠨᠣᠳᠣᠭ ᠰᠡᠯᠬᠥᠵᠦ ᠠᠮᠢᠳᠣᠷᠠᠳᠠᠭ ᠨᠢ ᠮᠠᠯᠴᠢᠨ ᠮᠣᠩᠭ᠋ᠣᠯ ᠤᠨ ᠵᠢᠷᠣᠮᠵᠢᠭᠰᠠᠨ ᠶᠣᠰᠣ᠃ ᠲᠠᠩᠨᠠᠭᠣᠯ ᠬᠡᠰᠡᠨ ᠲᠠᠮᠠᠭ᠎ᠠ ᠨᠢᠭᠣᠷ ᠲᠡᠬᠡᠷ᠎ᠡ ᠪᠠᠶ᠋‍ᠢᠨ᠎ᠠ ᠦᠦ᠂ ᠬᠡᠷᠡᠭ᠍ᠳᠡᠨ ᠬᠡᠳᠡᠭ ᠪᠣᠯ ᠬᠡᠷᠡᠴᠢ ᠵᠢ ᠨᠢ ᠠᠪᠣᠭᠠᠳ ᠡᠢᠷ᠎ᠠ︕ ᠶᠣᠰᠣ ᠮᠡᠳᠡᠬᠥ ᠦᠭᠡᠶ᠂ ᠶᠣᠷᠣᠭ ᠲᠠᠨᠢᠬᠤ ᠦᠭᠡᠶ ᠬᠡᠪᠳᠡᠵᠦ ᠶᠠᠳᠠᠭᠣ ᠠᠷᠠᠳ ᠢ ᠲᠠᠷᠣᠯᠠᠳᠠᠭ ᠢᠶᠡᠨ ᠪᠣᠯᠢ᠂ ᠬᠠᠣᠯᠢ ᠶᠢᠨ ᠭᠠᠳᠠᠭᠣᠷ ᠡᠢᠩᠬᠢᠵᠣ ᠠᠭᠠᠰᠢᠯᠠᠬᠣ ᠡᠷᠬᠡ ᠶᠢ ᠬᠡᠨ ᠲᠠᠨᠣᠰ ᠲᠤ ᠣᠯᠭᠣᠪᠠ︖》 ᠬᠡᠵᠦ ᠦᠬᠡᠳᠡ ᠡᠴᠡ ᠨᠢ ᠬᠡᠯᠡᠬᠥ ᠦᠬᠡ ᠦᠭᠡᠶ ᠪᠣᠯᠳᠠᠯ᠎ᠠ ᠨᠢ ᠭᠠᠷᠳᠠᠭᠠᠵᠠᠢ᠃ ᠶᠠᠰᠣ ᠬᠠᠳᠠᠭᠣ ᠬᠦᠮᠥᠨ ᠠᠮᠢᠨ ᠳᠠᠭᠠᠨ ᠰᠠᠭᠠᠷ ᠪᠠᠶ᠋‍ᠢᠳᠠᠭ ᠬᠣᠶ᠋‍ᠢᠨ᠎ᠠ ᠳ᠋‍ᠠ᠂ ᠲᠠᠷᠠ ᠣᠳᠠᠭ᠎ᠠ ᠫᠠᠭᠮ᠎ᠠ ᠠᠴᠢᠶ᠎ᠠ ᠪᠠᠨ ᠣᠯᠠᠮ ᠬᠦᠠᠳᠥᠷᠠᠬᠥᠯᠵᠦ᠂ ᠠᠷᠠᠢ ᠯᠠ ᠠᠮᠢ ᠮᠠᠠᠳᠣ ᠲᠠᠮᠠᠴᠠᠯ ᠤᠨ ᠬᠣᠷᠠᠯ ᠡᠴᠡ ᠮᠣᠯᠳᠣᠷᠠᠨ ᠬᠠᠷᠢᠵᠣ ᠡᠢᠷᠠᠵᠠᠢ᠃ ᠣᠣᠯ ᠡᠴᠡ ᠰᠥᠷᠢᠶ᠎ᠡ ᠡᠪᠠᠳᠴᠢᠨ ᠲᠡᠶ᠂ ᠨᠠᠰᠣ ᠠᠬᠢᠭᠰᠠᠨ ᠬᠦᠮᠥᠨ ᠲᠠᠷᠠ ᠣᠳᠠᠭᠠᠨ ᠤ ᠡᠷᠠᠬᠥᠳᠡᠯᠬᠡ ᠡᠴᠡ ᠪᠣᠯᠵᠣ ᠠᠭᠣᠰᠬᠢᠨ ᠤ ᠠᠷᠬᠠᠭ ᠨᠢ ᠣᠯᠠᠮ ᠬᠦᠠᠳᠥᠷᠡᠨ ᠬᠡᠪᠳᠡᠷᠢ ᠳᠤ ᠣᠷᠣᠵᠣ᠂ ᠭᠠᠯ ᠬᠦᠰ ᠬᠣᠭᠣᠯᠠ ᠣᠮᠳᠠ ᠦᠭᠡᠶ ᠬᠡᠲᠦ ᠬᠣᠨᠣᠭᠰᠠᠨ ᠪᠠᠶ᠋‍ᠢᠯ᠎ᠠ᠃ ᠠᠵᠠ ᠪᠠᠷ ᠡᠷᠢᠯ ᠤᠨ ᠬᠦᠮᠥᠨ ᠡᠢᠷᠡᠬᠥ ᠲᠠᠭᠠᠷᠠᠵᠣ ᠲᠡᠬᠥᠨ ᠢ ᠬᠡᠳᠥᠨ ᠡᠳᠣᠷ ᠰᠣᠪᠢᠯᠠᠨ ᠲᠡᠳᠬᠥᠭ᠍ᠰᠡᠨ ᠪᠠ ᠭᠠᠳᠠᠨ᠎ᠠ ᠨᠢ ᠬᠡᠳᠥᠨ ᠪᠣᠳᠣᠭᠣ ᠲᠡᠶ ᠡᠢᠩᠬᠡ ᠪᠠᠶ᠋‍ᠢᠭᠰᠠᠨ ᠤ ᠪᠣᠶᠠᠨ ᠳᠤ ᠡᠢᠩᠬᠡᠨ ᠰᠥ᠋ ᠪᠠᠷ ᠵᠠᠰᠠᠯ ᠠᠪᠴᠣ ᠲᠠᠮᠢᠷ ᠣᠷᠣᠵᠠᠢ᠃ ᠪᠠᠶ᠎ᠠ ᠨᠢ ᠲᠣᠢᠩᠬᠡᠵᠦ ᠲᠠᠩᠬᠡᠷᠡᠨ ᠪᠣᠰᠬᠣ ᠲᠡᠶ ᠪᠣᠯᠬᠣ ᠳᠠᠭᠠᠨ ᠬᠡᠬᠡᠷ᠎ᠡ ᠡᠴᠡ ᠦᠨᠦ ᠰᠢᠷᠠᠭᠴᠢ ᠡᠢᠩᠬᠡ ᠪᠠᠨ ᠡᠷᠢᠵᠣ ᠣᠯᠣᠭᠠᠳ ᠠᠷᠠᠢ ᠶᠠᠳᠠᠨ ᠬᠦᠳᠥᠯᠵᠦ ᠡᠢᠷᠡᠭ᠍ᠰᠡᠨ ᠪᠠᠶ᠋‍ᠢᠪᠠ᠃ ᠬᠡᠬᠡᠷ᠎ᠡ ᠪᠣᠳᠣᠭᠣᠯᠠᠭᠰᠠᠨ ᠡᠢᠩᠬᠡ ᠶᠢ ᠲᠣᠭᠳᠠᠭᠠᠵᠣ ᠬᠠᠶ᠋‍ᠢᠳᠠᠭᠰᠢᠭᠣᠯᠬᠣ ᠬᠡᠳᠡᠭ ᠪᠠᠷᠣᠭ ᠤᠨ ᠬᠦᠮᠥᠨ ᠤ ᠬᠢᠵᠣ ᠴᠢᠳᠠᠬᠣ ᠠᠵᠢᠯ ᠪᠢᠰᠢ ᠶᠣᠮ᠃ ᠫᠠᠭᠮ᠎ᠠ ᠡᠨᠳᠡᠭ᠍ᠰᠡᠨ ᠪᠣᠳᠣᠭᠣᠨ ᠤ ᠨᠣᠣᠰᠣ ᠡᠴᠡ ᠨᠢᠵᠡᠬᠡᠥᠨ ᠬᠠᠶ᠋‍ᠢᠴᠢᠯᠠᠵᠣ ᠡᠬᠡ ᠶᠢᠨ ᠬᠢᠨᠢ ᠣᠭᠣᠷᠠᠭ ᠡᠴᠡ ᠰᠢᠪᠳᠣᠷᠠᠨ ᠨᠣᠣᠰᠣᠨ ᠳ᠋ᠣ ᠰᠢᠩᠬᠡᠬᠡᠨ ᠠᠪᠴᠢᠷᠠᠵᠠᠢ᠃

ᠪᠣᠳᠣᠭᠣ ᠪᠠᠨ ᠦᠬᠡᠶ᠋‍ᠢᠯᠡᠭ᠍ᠰᠡᠨ ᠡᠢᠩᠬᠡ ᠡᠬᠢᠨ ᠳᠡᠭᠡᠨ ᠰᠠᠭᠠᠯᠭᠠᠬᠣ ᠦᠭᠡᠶ ᠬᠣᠶ᠋‍ᠢᠰᠠᠭᠠᠨᠠᠬᠣ ᠳᠤ ᠫᠠᠭᠮ᠎ᠠ ᠪᠣᠳᠣᠭᠣᠨ ᠤ ᠬᠢᠨᠢ ᠨᠣᠣᠰᠣ ᠶᠢ ᠦᠨᠥᠷᠯᠡᠬᠥᠯᠵᠦ᠂ ᠣᠶᠠᠩᠭ᠋ᠠᠯᠢᠭ ᠨᠠᠮᠬᠠᠨ ᠲᠠᠭᠣᠨ ᠢᠶᠡᠷ ᠬᠦᠬᠡᠰᠥᠯᠡᠨ ᠠᠷᠭᠠᠳᠠᠭᠰᠠᠨ ᠳᠤ ᠠᠭᠠᠵᠢᠮ ᠢᠶᠡᠷ ᠣᠶᠠᠷᠠᠨ᠂ ᠨᠢᠯᠪᠣᠰᠣ ᠪᠦᠮᠪᠥᠷᠢᠬᠥᠯᠥᠨ ᠡᠢᠪᠢᠯᠵᠠᠢ᠃ ᠣᠢᠷ᠎ᠡ ᠲᠦᠯ ᠢᠶᠡᠨ ᠠᠯᠳᠠᠭᠰᠠᠨ ᠠᠳᠣᠭᠣᠰᠣ ᠬᠡᠬᠥ ᠳᠤ ᠡᠵᠠᠨ ᠳᠡᠭᠡᠨ ᠡᠢᠩᠬᠢᠵᠣ ᠡᠨᠡᠭ᠍ᠰᠢᠨ ᠡᠢᠪᠢᠯᠬᠥ ᠬᠡᠳᠡᠭ ᠦᠨᠡᠬᠡᠷ ᠡᠯᠢᠬᠡ ᠡᠮᠳᠠᠯᠣᠮᠠᠷ ᠶᠣᠮ᠃ ᠣᠯᠠᠨ ᠬᠣᠨᠣᠭ ᠴᠢᠨᠥᠷᠡᠭ᠍ᠰᠡᠨ ᠬᠦᠬᠥ ᠶᠢ ᠨᠢ ᠰᠢᠪᠳᠣᠷᠬᠣ ᠳᠤ ᠦᠳᠬᠡᠨ ᠰᠢᠷ᠎ᠠ ᠣᠭᠣᠷᠠᠭ ᠰᠠᠳᠠᠷᠠᠵᠣ ᠪᠠᠶ᠋‍ᠢᠪᠠ᠃ ᠡᠬᠡ ᠠᠮᠢᠳᠠᠨ ᠤ ᠬᠠᠶ᠋‍ᠢᠷ᠎ᠠ ᠬᠡᠳᠡᠭ ᠭᠠᠭᠴᠠᠬᠠᠨ ᠯᠠ ᠰᠥ᠋ ᠳᠡᠭᠡᠨ ᠠᠭᠣᠰᠴᠣ ᠡᠢᠩᠬᠢᠵᠣ ᠠᠰᠬᠠᠷᠠᠳᠠᠭ ᠠᠵᠣᠭᠣ᠃ ᠬᠦᠠᠲᠦ ᠬᠡᠴᠡᠬᠥᠤ ᠬᠢᠯᠢᠰ ᠠᠮᠰᠠᠨ ᠬᠠᠷᠬᠢᠰ ᠵᠤᠳᠣᠭᠠᠴᠢᠨ ᠳᠤ ᠬᠠᠪᠢᠷᠭ᠎ᠠ ᠪᠠᠨ ᠬᠡᠮᠬᠡᠷᠡᠳᠡᠯ᠎ᠡ ᠨᠦᠲᠦᠬᠥᠯᠬᠥ ᠳᠡᠭᠡᠨ ᠣᠬᠢᠯᠠᠵᠣ ᠵᠣᠪᠠᠭᠰᠠᠨ ᠦᠭᠡᠶ ᠫᠠᠭᠮ᠎ᠠ ᠨᠠᠰᠣᠳᠠᠨ ᠰᠢᠷᠠᠭᠴᠢ ᠡᠢᠩᠬᠡ ᠪᠠᠨ ᠬᠠᠷᠠᠭᠠᠳ ᠡᠷᠬᠡ ᠦᠭᠡᠶ ᠨᠢᠯᠪᠣᠰᠣ ᠣᠨᠠᠭᠠᠵᠠᠢ᠃ ᠬᠡᠬᠡᠨ ᠮᠢᠨᠢ᠂ ᠴᠦᠪ ᠤᠨ ᠴᠠᠭ ᠬᠡᠵᠦ ᠶᠠᠭᠠᠬᠢᠭᠰᠠᠨ ᠬᠡᠴᠡᠬᠥᠤ ᠶᠣᠮ᠂ ᠡᠨᠠ ᠬᠣᠶᠠᠷ ᠣᠶ᠋‍ᠢᠯᠠᠳᠣ ᠠᠮᠢᠳᠠᠨ ᠨᠢᠬᠡ ᠨᠢᠬᠡᠨ ᠤ ᠪᠠᠨ ᠵᠤᠪᠡᠯᠡᠨᠭ᠌ ᠢ ᠡᠢᠩᠬᠢᠵᠣ ᠲᠣᠮᠳᠠᠯᠠᠬᠣ ᠡᠴᠠ ᠠᠩᠬᠢᠳᠠ ᠲᠠᠳᠠᠨ ᠢ ᠡᠷᠬᠢᠵᠣ ᠡᠨᠡᠷᠢᠬᠥ ᠬᠦᠮᠥᠨ ᠪᠠᠶ᠋‍ᠢᠳᠠᠭ ᠦᠭᠡᠶ ᠮᠥᠰᠤ ᠰᠢᠭ᠌ ᠲᠦᠵᠢᠷᠡᠭ᠍ᠰᠡᠨ ᠶᠠᠮᠠᠷ ᠬᠠᠳᠠᠭᠣ ᠬᠣᠷᠸ᠎ᠠ ᠪᠢᠯᠠ᠃

ᠪᠣᠳᠣᠭᠣ ᠲᠡᠶ ᠡᠢᠩᠬᠡ ᠨᠢ ᠪᠣᠳᠣᠭᠣᠨ ᠤ ᠪᠠᠨ ᠠᠨᠢᠷ ᠲᠤ ᠭᠣᠩᠭ᠋ᠠᠨᠠᠨ ᠡᠢᠷᠡᠬᠥ ᠳᠤ᠂ ᠪᠣᠳᠣᠭᠣ ᠪᠠᠨ ᠠᠯᠳᠠᠭᠰᠠᠨ ᠰᠢᠷᠠᠭᠴᠢ ᠡᠢᠩᠬᠡ ᠲᠣᠪᠣ ᠶᠢᠨ ᠴᠠᠭᠠᠳᠣ ᠡᠴᠡ ᠡᠩᠰᠡᠷᠡᠯᠳᠡᠢ ᠪᠠᠷ ᠪᠣᠶ᠋‍ᠢᠯᠠᠨ ᠰᠢᠭᠣᠳ ᠯᠠ ᠬᠡᠷ ᠤᠨ ᠡᠬᠥᠳᠡᠨ ᠳᠤ ᠡᠢᠷᠠᠵᠣ ᠵᠤᠭᠰᠣᠨ᠎ᠠ᠃ ᠦᠨᠥᠷᠯᠡᠬᠥ ᠣᠢᠷ᠎ᠡ ᠦᠭᠡᠶ ᠴᠤ ᠡᠵᠠᠨ ᠢᠶᠡᠨ ᠭᠠᠷᠴᠣ ᠡᠢᠷᠡᠬᠥ ᠪᠠᠷ ᠪᠣᠭᠣᠷᠣᠯ ᠬᠣᠰᠢᠭᠣ ᠪᠠᠷ ᠢᠶᠡᠨ ᠫᠠᠭᠮ᠎ᠠ ᠶᠢᠨ ᠨᠠᠷᠠᠨ ᠳᠤ ᠣᠩᠭ᠋ᠣᠭᠰᠠᠨ ᠠᠯᠴᠢᠭᠣᠷ ᠢ ᠣᠳᠠᠭᠠᠨ ᠬᠡᠭ᠍ᠴᠢ ᠦᠨᠥᠷᠯᠡᠭ᠍ᠰᠡᠨ ᠢᠶᠡᠨ ᠬᠤᠢᠢᠳᠤ ᠬᠣᠶᠠᠷ ᠬᠦᠯ ᠢᠶᠡᠨ ᠲᠠᠯᠠᠰᠬᠢᠨ ᠯᠠᠪᠳᠠᠭᠣᠬᠠᠨ ᠵᠤᠭᠰᠣᠵᠣ ᠰᠠᠭᠠᠯᠭᠠᠨ᠎ᠠ᠃ ᠴᠢᠨᠣᠷᠠᠨ ᠰᠡᠷᠡᠢᠢᠭ᠍ᠰᠡᠨ ᠲᠥᠷᠪᠡᠨ ᠬᠦᠬᠥ ᠶᠢ ᠨᠢ ᠡᠬᠡᠯᠵᠢᠯᠡᠨ ᠰᠢᠪᠳᠣᠷᠬᠣ ᠳᠤ ᠲᠥᠷᠬᠡᠨ ᠲᠥᠷᠬᠡᠨ ᠬᠡᠪᠢᠯᠬᠡ ᠠᠪᠴᠣ᠂ ᠡᠢᠪᠢᠯᠥᠭᠰᠡᠨ ᠰᠦ᠋ ᠨᠢ ᠭᠠᠣᠯᠢᠨ ᠬᠣᠪᠢᠡᠭ ᠳᠤ ᠱᠣᠷ ᠱᠣᠷ ᠪᠠᠭᠣᠨ᠎ᠠ᠃ ᠠᠮᠢᠳᠠᠨ ᠤ ᠬᠠᠶ᠋‍ᠢᠷ᠎ᠠ ᠬᠡᠳᠡᠭ ᠮᠦᠨ ᠴᠤ ᠶᠡᠬᠡ ᠰᠦᠵᠢᠷᠡᠬᠥᠨ ᠶᠣᠮ ᠳ᠋‍ᠠ᠂ ᠡᠢᠵᠢᠯᠢ ᠲ᠋ᠠᠢ ᠨᠢ ᠴᠣᠭ ᠪᠡᠯᠴᠢᠬᠡᠨ ᠲᠡᠷᠳᠡᠬᠡ ᠬᠣᠯᠠ ᠬᠦᠳᠥᠯ ᠨᠢᠷᠣᠭᠣ ᠲᠠᠪᠠᠭᠣᠯᠵᠣ ᠣᠷᠬᠢᠬᠣ ᠳᠤ ᠣᠳᠠᠵᠣ ᠲᠦᠳᠡᠯ ᠦᠭᠡᠶ ᠲᠠᠬᠢᠭᠠᠳ ᠯᠠ ᠪᠣᠶ᠋‍ᠢᠯᠠᠨ ᠭᠣᠩᠭ᠋ᠠᠨᠠᠵᠣ᠂ ᠪᠦᠬᠥᠨ ᠲᠡᠰᠢᠬᠥᠯᠥᠭᠰᠠᠬᠡᠷ ᠭᠠᠳᠠᠨ᠎ᠠ ᠪᠠᠨ ᠬᠦᠷᠴᠦ ᠡᠢᠷᠠᠨ᠎ᠠ ᠁

ᠦᠰᠢᠶ᠎ᠡ ᠲᠡᠶ ᠬᠦᠮᠥᠨ ᠲᠠᠪᠠᠭᠠᠨ ᠲᠡᠬᠡᠷ᠎ᠡ ᠬᠡᠭ᠍ᠴᠢ ᠪᠠᠷ ᠫᠠᠭᠮ᠎ᠠ ᠶᠢ ᠡᠶ᠋‍ᠢᠨ ᠬᠥ ᠬᠡᠳᠥᠨ ᠪᠣᠳᠣᠭᠣ ᠲᠡᠶ ᠡᠢᠩᠬᠡᠨ ᠲᠡᠬᠡᠷ᠎ᠡ ᠪᠠᠨ ᠮᠣᠩᠬᠢᠨᠠᠵᠣ ᠰᠠᠭᠣᠳᠠᠯ᠎ᠠ᠂ 《 ᠪᠠᠶᠠᠴᠣᠣᠯ 》 ᠤᠨ ᠦᠪ ᠴᠥᠯᠮᠦᠵᠦ ᠶᠠᠪᠣᠭᠰᠠᠨ ᠦᠨᠦ ᠬᠡᠳᠥᠨ 《 ᠣᠷᠪᠠᠯᠭ᠎ᠠ ᠭᠠᠷᠭᠠᠭᠴᠢᠳ》 ᠵᠤᠷᠢᠭᠣᠳᠠ ᠬᠦᠷᠴᠦ ᠡᠢᠷᠠᠨ ᠲᠡᠬᠥᠨ ᠢ ᠲᠠᠬᠢᠨ ᠴᠣᠬᠢᠵᠣ ᠬᠦᠠᠲᠦ ᠰᠢᠷᠠᠭᠳᠣᠭᠣᠯᠣᠭᠠᠳ ᠰᠡᠮᠬᠡᠨ ᠠᠷᠢᠯᠵᠣ ᠦᠭᠴᠡᠢ᠃ ᠪᠠᠯᠪᠠᠷᠬᠠᠢ ᠴᠣᠬᠣ ᠰᠢᠭ ᠮᠥᠯᠬᠥᠵᠦ ᠬᠣᠴᠣᠷᠣᠭᠰᠠᠨ ᠲᠠᠷᠠ ᠬᠥᠭ᠍ᠰᠢᠨ᠂ ᠵᠤᠯᠪᠢᠡᠭ ᠨᠣᠬᠠᠢ ᠶᠢᠨ ᠣᠢᠨ᠎ᠡ ᠦᠭᠡᠶ᠂ ᠣᠶ᠋‍ᠢᠷ᠎ᠠ ᠬᠠᠪᠢ ᠶᠢᠨ ᠬᠡᠨ ᠴᠤ ᠮᠡᠳᠡᠬᠡ ᠦᠭᠡᠶ ᠪᠠᠶ᠋‍ᠢᠬᠣ ᠳᠤ ᠬᠢᠯᠢᠩᠳᠣ ᠨᠢᠳᠣ ᠪᠠᠨ ᠠᠨᠢᠯ ᠦᠭᠡᠶ ᠬᠢᠯᠢᠨᠴᠠᠳᠣ ᠬᠣᠷᠸ᠎ᠠ ᠶᠢ ᠰᠢᠷᠳᠡᠭ᠍ᠰᠠᠬᠡᠷ ᠶᠢᠷᠳᠢᠨᠴᠣ ᠡᠴᠡ ᠡᠬᠥᠷᠢᠳᠡ ᠠᠩᠬᠢᠵᠢᠷᠠᠭᠰᠠᠨ ᠪᠠᠶ᠋‍ᠢᠯ᠎ᠠ᠃ 《 ᠠᠩᠬᠢ ᠶ᠋‍ᠢᠨ ᠲᠠᠶ᠋‍ᠢᠰᠣᠨ 》 ᠡᠴᠡ ᠨᠢᠬᠡ ᠨᠢ ᠡᠢᠩᠬᠢᠵᠣ ᠬᠣᠷᠣᠭᠳᠠᠭᠰᠠᠨ ᠢ ᠪᠠᠷᠢᠭᠠᠳᠠ ᠶᠢᠨ ᠡᠷᠬᠡ ᠪᠠᠷᠢᠭᠴᠢᠳ ᠬᠣᠵᠢᠭᠣᠬᠠᠨ ᠮᠡᠳᠡᠬᠥ ᠳᠡᠭᠡᠨ ᠦᠬᠥᠭ᠍ᠰᠡᠨ ᠰᠢᠯᠳᠠᠭᠠᠨ ᠢ ᠨᠢ ᠬᠡᠨ ᠴᠤ ᠠᠰᠠᠭᠣᠵᠣ ᠮᠥᠷᠳᠡᠭ᠍ᠰᠡᠨ ᠦᠭᠡᠶ᠂ ᠬᠠᠰᠢ ᠬᠡᠷᠡᠭ ᠬᠣᠶᠠᠷ ᠬᠦᠮᠥᠨ ᠲᠣᠮᠢᠯᠠᠭᠰᠠᠨ ᠪᠣᠯᠵᠣ᠂ ᠬᠡᠬᠥᠷ ᠢ ᠨᠢ ᠡᠬᠥᠳᠡ ᠪᠠᠨ ᠰᠠᠬᠢᠨ ᠭᠣᠩᠭ᠋ᠠᠨᠠᠵᠣ ᠪᠠᠶ᠋‍ᠢᠭᠰᠠᠨ ᠬᠠᠶ᠋‍ᠢᠳᠠᠭ ᠰᠢᠷᠠᠭᠴᠢ ᠡᠢᠩᠬᠡᠨ ᠲᠡᠬᠡᠷ᠎ᠡ ᠨᠢ ᠠᠴᠢᠵᠣ ᠴᠠᠭᠠᠨ ᠲᠣᠶ᠋‍ᠢᠭ ᠤᠨ ᠬᠣᠭᠣᠯᠠᠢ ᠳᠤ ᠠᠪᠠᠴᠢᠨ ᠬᠦᠳᠡᠬᠡᠯᠡᠬᠥᠯᠵᠡᠢ᠃

ᠨᠠᠷᠠ ᠨᠣᠭᠣᠭᠠᠨ ᠤ ᠴᠠᠭ ᠬᠡᠳᠦᠢᠢᠨ ᠥᠩᠬᠡᠷᠡᠭ᠍ᠰᠡᠨ ᠠᠳᠠᠯ᠎ᠠ ᠡᠯᠠᠰᠣᠨ ᠰᠢᠭᠣᠷᠭ᠎ᠠ ᠮᠦᠨ ᠯᠠ ᠣᠯᠢᠭᠳᠠᠢ ᠪᠠᠷ ᠭᠠᠰᠠᠯᠣᠨ ᠱᠣᠣᠬᠢᠨ᠎ᠠ᠃ ᠪᠦᠳᠡᠬᠡᠯᠬᠡ ᠲᠡᠶ ᠡᠷᠣᠬᠡ ᠨᠢ ᠰᠠᠯᠬᠢᠨ ᠳᠤ ᠬᠦᠪᠬᠡᠯᠵᠡᠭ᠍ᠰᠡᠨ ᠫᠠᠭᠮ᠎ᠠ ᠶᠢᠨ ᠡᠵᠡᠬᠥᠢ ᠭᠠᠭᠴᠠ ᠬᠡᠷ ᠬᠣᠯᠠ ᠡᠴᠡ ᠨᠢᠬᠡ ᠯᠠ ᠶᠣᠣᠵᠠ ᠦᠬᠡᠢ ᠬᠠᠷᠠᠭᠳᠠᠨ᠎ᠠ᠃ ᠭᠠᠳᠠᠨ᠎ᠠ ᠪᠠᠨ ᠡᠢᠷᠡᠳᠡᠭ ᠬᠠᠶ᠋‍ᠢᠳᠠᠭ ᠡᠢᠩᠬᠡ ᠬᠠᠷᠠᠭᠳᠠᠬᠣ ᠪᠠᠨ ᠪᠣᠯᠢᠵᠣ᠂ ᠬᠡᠬᠡᠷ᠎ᠡ ᠬᠦᠳᠡᠬᠡ ᠲᠡᠭ᠍ᠷᠢ ᠶᠢᠨ ᠬᠠᠶᠠᠭ᠎ᠠ ᠴᠣᠣᠷᠢᠶᠠᠳᠣᠳᠠᠯ᠎ᠠ ᠪᠣᠶ᠋‍ᠢᠯᠠᠨ᠂ ᠡᠵᠠᠨ ᠤ ᠪᠠᠨ ᠪᠣᠯᠠᠰᠢ ᠶᠢ ᠨᠢᠬᠡ ᠡᠷᠬᠢᠵᠣ᠂ ᠡᠨᠳᠡᠭ᠍ᠰᠡᠨ ᠪᠣᠳᠣᠭᠣᠨ ᠤ ᠪᠠᠨ ᠰᠡᠭ ᠢ ᠨᠢᠬᠡ ᠦᠨᠥᠷᠯᠡᠨ ᠬᠠᠪᠣᠷᠵᠢᠨ ᠴᠠᠭᠠᠨ ᠲᠣᠶ᠋‍ᠢᠭ ᠤᠨ ᠬᠣᠭᠣᠯᠠᠢ ᠳᠤ ᠦᠨᠵᠢᠵᠡᠢ᠃ ᠬᠦᠬᠥᠨ ᠰᠥ᠋ ᠪᠠᠨ ᠰᠢᠷᠬᠢᠳᠠᠯ᠎ᠠ᠂ ᠬᠦᠭ᠍ᠯᠡᠷᠡᠭ᠍ᠰᠡᠨ ᠨᠣᠣᠰᠣ ᠪᠠᠨ ᠬᠡᠬᠡᠭ᠍ᠳᠡᠳᠡᠯ᠎ᠡ ᠦᠬᠥᠳᠡᠯ ᠰᠠᠬᠢᠵᠣ ᠪᠠᠩᠵᠠ ᠰᠢᠭ ᠬᠠᠳᠠᠭᠰᠠᠨ ᠲᠠᠷᠠ ᠠᠮᠢᠳᠠᠨ ᠬᠣᠵᠢᠮ ᠨᠢ ᠶᠠᠭᠠᠬᠢᠭᠰᠠᠨ ᠢ ᠬᠡᠨ ᠴᠤ ᠡᠰᠠ ᠮᠠᠳᠠᠨ᠎ᠠ᠃

ᠴᠠᠭ ᠲᠥᠷᠤ᠂ ᠪᠠᠶ᠋‍ᠢᠭᠠᠯᠢ ᠲᠡᠯᠠᠬᠡᠢ ᠳᠤ ᠨᠢᠳᠣ ᠦᠭᠡᠶ ᠣᠯᠠᠭᠠᠨ ᠰᠢᠭᠣᠷᠭ᠎ᠠ ᠵᠠᠷᠬᠡ ᠪᠠᠷ ᠡᠢᠷᠡᠭ᠍ᠰᠡᠨ 1968 ᠣᠨ ᠤ ᠬᠠᠪᠣᠷ ᠡᠶ᠋‍ᠢᠮᠣ ᠪᠠᠶ᠋‍ᠢᠯ᠎ᠠ ᠁


( ᠲᠠᠩᠬᠢᠰ ᠨᠠᠢᠢᠷᠠᠭᠤᠯᠪᠠ)

ᠵᠤᠬᠢᠶᠠᠭᠴᠢ ᠶᠢᠨ ᠬᠠᠶ‍ᠢᠭ᠄  ᠠᠯᠠᠱᠠ ᠠᠶ᠋‍ᠢᠮᠠᠭ ᠤᠨ ᠠᠷᠠᠳ ᠤᠨ ᠲᠥᠯᠣᠬᠡᠯᠡᠭ᠍ᠴᠢᠥᠨ ᠤᠨ ᠶᠡᠬᠡ ᠬᠣᠷᠠᠯ ᠤᠨ ᠠᠵᠢᠯ ᠤᠨ ᠵᠦᠪᠯᠡᠯ

ᠵᠤᠬᠢᠶᠠᠭᠴᠢ᠄ ᠽᠠᠨᠳᠠᠷ᠎ᠠ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄
ᠳᠠᠷᠤᠮ᠄ 363
ᠴᠠᠭ᠄ 2015 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠬᠦᠷᠡᠯᠳᠤᠭᠳᠠᠬᠤ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁