ᠲᠦᠵᠢᠶᠠ ᠵᠢᠨ ᠬᠠᠭᠤᠴᠢᠨ ᠲᠤᠰᠬᠤᠨ ᠫᠸᠩ ᠵᠢᠶᠠ ᠵᠠᠢ

ᠬᠤᠪᠸᠢ ᠮᠤᠵᠢ ᠵᠢᠨ ᠡᠸᠨᠱᠢ ᠵᠢᠨ ᠲᠦᠵᠢᠶᠠ ᠦᠨᠳᠦᠰᠦᠲᠡᠨ ᠮᠢᠶᠤᠤ ᠦᠨᠳᠦᠰᠦᠲᠡᠨ ᠦ ᠦᠪᠡᠷᠲᠡᠭᠡᠨ ᠵᠠᠰᠠᠬᠤ ᠵᠸᠥ ᠵᠢᠨ ᠰᠢᠥᠸᠠᠨ ᠡᠸᠨ ᠰᠢᠶᠠᠨ ᠦ ᠫᠸᠩ ᠵᠢᠶᠠ ᠵᠠᠢ ᠪᠤᠯ ᠡᠦ ᠯᠢᠩ ᠱᠠᠨ ᠠᠭᠤᠯᠠᠨ ᠳᠦ ᠤᠭ ᠬᠡᠪ ᠵᠢᠡᠷ ᠵᠢᠡᠨ ᠪᠠᠢᠭ᠎ᠠ ᠲᠡᠭᠦᠵᠢᠩ ᠠᠰᠠᠷ ᠦᠨ  ᠪᠦᠯᠦᠭ ᠦᠨ ᠨᠢᠬᠡᠨ᠂ᠲᠡᠷᠡ ᠲᠤᠮᠳᠠ ᠡᠴᠡ ᠬᠠᠮᠤᠭ ᠬᠠᠭᠤᠴᠢᠨ ᠨᠢ ᠴᠢᠩ ᠤᠯᠤᠰ ᠦᠨ ᠦᠶ᠎ᠠ ᠳᠦ ᠪᠠᠷᠢᠭᠰᠠᠨ ᠠᠰᠠᠷ ᠠᠵᠠᠢ᠃ᠪᠠᠷᠢᠯᠭ᠎ᠠ ᠨᠢ ᠦᠳᠦᠰᠦᠨ ᠳᠦ ᠪᠠᠨ ᠲᠤᠬᠠᠢ ᠵᠢᠨ ᠦᠶ᠎ᠠ ᠵᠢᠨ ᠬᠡᠪ ᠲᠦᠷᠬᠦ ᠪᠠᠨ ᠬᠠᠳᠠᠭᠠᠯᠠᠭᠰᠠᠭᠠᠷ ᠪᠠᠢᠭ᠎ᠠ ᠤᠴᠢᠷ ᠪᠠᠷᠢᠯᠭ᠎ᠠ ᠵᠢᠨ ᠭᠤᠣ᠎ᠠ ᠵᠦᠢ ᠵᠢᠨ ᠬᠤᠪᠢ ᠳᠦ ᠮᠠᠰᠢᠨ ᠦᠨᠳᠦᠷ ᠦᠨ᠎ᠠ ᠦᠷᠳᠡᠭ ᠲᠠᠢ᠃ᠬᠡᠳᠡᠯ᠎ᠠ ᠤᠳᠠᠭᠠᠨ ᠵᠢᠯ ᠵᠠᠰᠠᠵᠦ ᠰᠡᠯᠪᠢᠯᠬᠡ ᠦᠭᠡᠢ᠂ᠬᠠᠮᠠᠭᠠᠯᠠᠯᠲᠠ ᠲᠤᠳᠠᠮᠠᠭ ᠪᠤᠯᠬᠤᠷ ᠪᠦᠬᠦᠢᠯᠡ ᠲᠤᠰᠬᠤᠨ ᠨᠢ ᠶᠡᠬᠡᠳᠡ ᠡᠪᠳᠡᠷᠡᠵᠦ ᠬᠠᠭᠤᠴᠢᠷᠠᠵᠠᠢ᠃2009 ᠤᠨ ᠳᠦ᠂ᠲᠤᠬᠠᠢ ᠵᠢᠨ ᠭᠠᠵᠠᠷ ᠦᠨ ᠬᠤᠯᠪᠤᠭᠳᠠᠯ ᠪᠦᠬᠦᠢ ᠰᠠᠯᠠᠭ᠎ᠠ ᠮᠦᠴᠢᠷ ᠦᠨ ᠬᠢᠨ ᠦ ᠡᠷᠡᠮᠡᠯᠵᠡᠯ ᠵᠢᠡᠷ ᠫᠸᠩ ᠵᠢᠶᠠ ᠵᠠᠢ ᠵᠢ ᠬᠤᠪᠸᠢ ᠮᠤᠵᠢ ᠵᠢᠨ ᠠᠩᠬᠠᠳᠠᠭᠴᠢ ᠪᠦᠯᠦᠭ《ᠴᠦᠬᠡᠨ ᠲᠤᠭᠠᠳᠦ ᠦᠨᠳᠦᠰᠦᠲᠡᠨ ᠦ ᠤᠨᠴᠠᠯᠢᠭ᠌ᠲᠦ ᠲᠤᠰᠬᠤᠨ ᠢ ᠬᠠᠮᠠᠭᠠᠯᠠᠬᠤ ᠪᠠ ᠬᠦᠭᠵᠢᠯᠬᠦ ᠫᠷᠤᠵᠸᠺᠲ》ᠲᠦ ᠪᠦᠷᠢᠳᠬᠡᠬᠦᠯᠦᠭᠰᠡᠨ ᠪᠠᠢᠨ᠎ᠠ᠃ᠰᠢᠥᠸᠠᠨ ᠡᠸᠨ ᠰᠢᠶᠠᠨ ᠦ ᠦᠨᠳᠦᠰᠦᠲᠡᠨ ᠱᠠᠰᠢᠨ ᠰᠤᠷᠲᠠᠬᠤᠨ ᠦ ᠲᠤᠪᠴᠢᠶ᠎ᠠ ᠡᠴᠡ《ᠡᠷᠲᠡᠨ ᠦ ᠬᠡᠪ ᠵᠢᠡᠷ ᠨᠢ ᠰᠡᠯᠪᠢᠨ ᠵᠠᠰᠠᠵᠦ᠂ᠪᠦᠳᠦᠴᠡ ᠵᠢ ᠨᠢ ᠬᠤᠪᠢᠷᠠᠭᠠᠬᠤ ᠦᠭᠡᠢ》ᠤᠢᠯᠠᠭᠠᠭᠳᠠᠬᠤᠨ ᠳᠦ ᠰᠠᠭᠤᠷᠢᠯᠠᠵᠦ᠂ᠵᠢᠷᠤᠭ ᠲᠦᠰᠦᠯ ᠭᠠᠷᠭᠠᠭᠰᠠᠨ ᠦ ᠬᠠᠮᠳᠦ ᠵᠤᠭᠠᠴᠠᠯ ᠨᠡᠭᠡᠭᠡᠯᠲᠡ ᠵᠢᠨ ᠺᠤᠮᠫᠠᠨᠢ ᠵᠢᠴᠢ ᠤᠷ᠎ᠠ ᠮᠡᠷᠭᠡᠵᠢᠯ ᠦᠨ ᠪᠠᠷᠢᠯᠭ᠎ᠠ ᠵᠢᠨ ᠪᠠᠭ ᠢ ᠤᠷᠢᠵᠦ᠂ᠲᠡᠭᠦᠵᠢᠩ ᠠᠰᠠᠷ ᠦᠨ ᠤᠭ ᠦᠨ ᠬᠡᠪ ᠨᠠᠮᠪᠠ ᠵᠢ ᠰᠡᠷᠬᠦᠬᠡᠬᠦ ᠪᠡᠷ ᠴᠢᠷᠮᠠᠢᠭᠰᠠᠨ ᠪᠠᠢᠨ᠎ᠠ᠃

ᠵᠤᠭᠠᠴᠠᠯ ᠦᠨ ᠦᠢᠯᠡᠰ ᠢ ᠵᠦᠢ ᠵᠤᠬᠢᠰᠲᠠᠢ ᠬᠦᠭᠵᠢᠬᠦᠯᠦᠭᠰᠡᠨ ᠵᠢᠡᠷ ᠫᠸᠩ ᠵᠢᠶᠠᠨ ᠵᠠᠢ ᠤᠯᠠᠮ ᠵᠢᠡᠷ ᠲᠦᠵᠢᠶᠠᠴᠤᠳ ᠦᠨ ᠵᠠᠩ ᠦᠢᠯᠡ ᠵᠢᠨ ᠬᠤᠩᠬᠢᠯ ᠪᠤᠯᠵᠦ᠂ᠤᠷᠲᠦ ᠬᠤᠭᠤᠴᠠᠭ᠎ᠠ ᠲᠤᠭᠤᠰᠤᠨ ᠳᠦ ᠲᠠᠷᠤᠭᠳᠠᠭᠰᠠᠨ ᠡᠨᠡ ᠰᠤᠪᠤᠳ ᠰᠢᠨ᠎ᠠ ᠪᠡᠷ ᠠᠮᠢᠯᠠᠨ ᠬᠡᠷᠡᠯᠳᠦᠭᠰᠡᠨ ᠶᠤᠮ᠃ᠲᠤᠰᠬᠤᠨ ᠦ ᠨᠢᠬᠡ ᠬᠡᠰᠡᠭ ᠤᠷᠠᠨ ᠪᠦᠰᠡᠬᠦᠢᠴᠤᠳ ᠴᠦ ᠰᠢᠥᠸᠠᠨ ᠡᠸᠨ ᠰᠢᠶᠠᠨ ᠦ ᠫᠸᠩ ᠵᠢᠶᠠ ᠵᠠᠢ ᠵᠢᠨ ᠦᠨᠳᠦᠰᠦᠲᠡᠨ ᠦ ᠭᠠᠷ ᠤᠷᠯᠠᠯ ᠦᠨ ᠬᠢᠵᠠᠭᠠᠷᠲᠦ ᠺᠤᠮᠫᠠᠨᠢ ᠳᠦ ᠤᠷᠤᠵᠦ᠂ᠺᠤᠮᠫᠠᠨᠢ ᠵᠢᠨ ᠬᠠᠳᠬᠤᠮᠠᠯᠴᠢᠨ ᠪᠤᠯᠵᠠᠢ᠃ᠺᠤᠮᠫᠠᠨᠢ ᠨᠢ ᠭᠠᠷ ᠵᠢᠡᠷ ᠤᠷᠠᠯᠠᠨ ᠬᠠᠳᠬᠤᠭᠰᠠᠨ ᠤᠭᠯᠠᠭᠠᠰᠢ᠂ᠤᠯᠠᠪᠴᠢ ᠵᠡᠷᠬᠡ 6 ᠵᠦᠢᠯ ᠦᠨ ᠤᠯᠠᠮᠵᠢᠯᠠᠯᠲᠦ ᠭᠠᠷ ᠤᠷᠯᠠᠯ ᠦᠨ ᠪᠦᠳᠦᠭᠡᠭᠳᠡᠭᠦᠨ ᠵᠢᠡᠷ ᠵᠢᠡᠨ ᠵᠢᠯ ᠳᠦ 200 ᠭᠠᠷᠦᠢ ᠲᠦᠮᠡᠨ ᠲᠦᠭᠦᠷᠢᠭ ᠦᠨ ᠦᠢᠯᠡᠳᠬᠦᠨ ᠦ ᠦᠷᠳᠡᠭ ᠪᠤᠯᠬᠤ ᠪᠤᠯᠵᠦ᠂200 ᠰᠢᠬᠠᠮ ᠬᠦᠮᠦᠰ ᠦᠨ ᠠᠵᠢᠯ ᠦᠨ ᠠᠰᠠᠭᠤᠳᠠᠯ ᠢ ᠰᠡᠢᠳᠪᠦᠷᠢᠯᠡᠭᠰᠡᠨ ᠪᠠᠢᠨ᠎᠎ᠠ᠃


ᠫᠸᠩ ᠵᠢᠶᠠ ᠵᠠᠢ ᠲᠤᠰᠬᠤᠨ

ᠲᠦᠵᠢᠶᠠᠴᠤᠳ ᠦᠨ ᠡᠪᠡᠰᠦᠨ ᠯᠤᠤ ᠵᠢᠨ ᠪᠦᠵᠢᠭ᠌

ᠰᠡᠯᠪᠢᠨ ᠵᠠᠰᠠᠭᠰᠠᠨ ᠦ ᠲᠠᠷᠠᠭᠠᠬᠢ ᠲᠡᠭᠦᠵᠢᠩ ᠠᠰᠠᠷ ᠤᠳ

ᠠᠷᠢᠭᠤᠨ ᠴᠡᠪᠡᠷ ᠤᠷᠴᠢᠨ



ᠵᠤᠬᠢᠶᠠᠭᠴᠢ᠄ ᠬᠤᠪᠸᠢ ᠮᠤᠵᠢ ᠵᠢᠨ ᠦᠨᠳᠦᠰᠦᠲᠡᠨ ᠦ ᠬᠡᠷᠡᠭ ᠡᠷᠬᠢᠯᠡᠬᠦ ᠵᠦᠪᠯᠡᠯ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 404
ᠴᠠᠭ᠄ 2015 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁