ᠢᠥᠢ ᠪᠤᠤ ᠯᠢᠨ ᠦ ᠰᠡᠳᠭᠢᠯ ᠦᠨ ᠪᠠᠷᠢᠯᠳᠤᠯᠭ᠎ᠠ ᠲᠠᠢ ᠴᠤᠭᠤᠷ

ᠮᠢᠩᠭᠠᠭᠠᠳ ᠵᠢᠯ ᠦᠨ ᠲᠡᠥᠬᠡ ᠲᠠᠢ ᠴᠤᠭᠤᠷ ᠪᠤᠯ ᠮᠤᠩᠭᠤᠯᠴᠤᠳ ᠦᠨ ᠦᠪᠡᠷᠮᠢᠴᠡ ᠬᠦᠭᠵᠢᠮ ᠦᠨ ᠵᠢᠮᠰᠡᠭ ᠪᠢᠯᠡ᠃ᠶᠤᠸᠠᠨ ᠤᠯᠤᠰ ᠦᠨ ᠦᠶ᠎ᠠ ᠳᠦ ᠬᠤᠷᠴᠢᠨ ᠨᠤᠲᠤᠭ ᠲᠦ ᠤᠯᠠᠮᠵᠢᠯᠠᠭᠳᠠᠨ ᠲᠡᠯᠭᠡᠷᠡᠵᠦ ᠪᠠᠢᠭᠰᠠᠨ ᠪᠦᠬᠡᠳ ᠤᠷᠳᠤᠨ ᠦ ᠬᠦᠭᠵᠢᠮ ᠦᠨ ᠭᠤᠤᠯ ᠪᠦᠷᠢᠯᠳᠦᠬᠦᠨ ᠦ ᠨᠢᠬᠡ ᠪᠤᠯᠵᠦ ᠪᠠᠢᠪᠠ᠂ᠡᠷᠲᠡᠨ ᠦ ᠦᠶ᠎ᠠ ᠳᠦ ᠰᠢᠨᠠᠭᠠᠨ ᠬᠤᠭᠤᠷ ᠭᠡᠮᠡᠳᠡᠭ᠃ ᠪᠠᠶᠠᠷ ᠦᠨ ᠶᠤᠰᠤᠯᠠᠯ᠂ᠬᠤᠷᠢᠮ᠂ᠨᠠᠭᠠᠳᠤᠮ᠂ᠠᠷᠠᠳ ᠦᠨ ᠲᠠᠭᠤᠤ᠂ᠦᠯᠢᠭᠡᠷ ᠲᠤᠤᠯᠢᠰ ᠲᠦ ᠪᠦᠷ ᠴᠤᠭᠤᠷ ᠵᠢᠡᠷ ᠬᠠᠪᠰᠤᠷᠠᠭᠠᠳᠠᠭ᠃ᠬᠦᠩᠬᠢᠨᠡᠮ᠎ᠠ ᠠᠭᠠᠳ ᠵᠦᠬᠡᠯᠡᠨ ᠠᠨᠤᠭᠤᠭᠠᠨ ᠲᠠᠭᠤᠤ ᠨᠢ ᠡᠭᠡᠷᠡᠮ᠎ᠠ ᠲᠠᠯ᠎ᠠ ᠲᠠᠢ ᠨᠠᠢᠷᠰᠠᠭ ᠵᠤᠬᠢᠴᠠᠭᠠᠳ᠂ᠵᠦᠷᠦᠬᠡᠨ ᠳᠦ ᠬᠤᠨᠤᠭᠰᠢᠵᠦ ᠰᠡᠳᠭᠢᠯ ᠢ ᠲᠤᠭᠳᠤᠯᠤᠭᠤᠯᠬᠤ ᠬᠦᠴᠦᠨ ᠲᠠᠢ᠃1887 ᠤᠨ ᠳᠦ ᠬᠤᠷᠴᠢᠨ ᠵᠡᠬᠦᠨ ᠭᠠᠷᠤᠨ ᠲᠤᠮᠳᠠᠳᠦ ᠬᠤᠰᠢᠭᠤᠨ ᠳᠦ ᠲᠦᠷᠦᠭᠰᠡᠨ ᠰᠸᠷᠠᠰᠢ ᠴᠠᠭ ᠦᠶ᠎ᠠ ᠵᠢᠨ ᠤᠯᠠᠷᠢᠯ ᠬᠤᠪᠢᠷᠠᠯ ᠢ ᠲᠤᠭᠤᠯᠵᠦ᠂ᠴᠤᠭᠤᠷ ᠦᠨ ᠬᠦᠭᠵᠢᠮᠳᠡᠬᠦ ᠤᠷ᠎ᠠ ᠮᠡᠷᠭᠡᠵᠢᠯ ᠢ ᠤᠯᠠᠮᠵᠢᠯᠠᠨ ᠬᠦᠭᠵᠢᠬᠦᠯᠵᠦ᠂ᠴᠤᠭᠤᠷ ᠦᠨ ᠤᠷᠠᠯᠢᠭ ᠢ ᠴᠡᠴᠡᠭᠯᠡᠯ ᠬᠦᠭᠵᠢᠯ ᠦᠨ ᠴᠠᠭ ᠦᠶ᠎ᠠ ᠳᠦ ᠤᠷᠤᠭᠤᠯᠤᠭᠰᠠᠨ ᠶᠤᠮ᠃2014 ᠤᠨ ᠳᠦ ᠴᠤᠭᠤᠷ ᠲᠦᠷᠪᠡᠳᠦᠭᠡᠷ ᠪᠦᠯᠦᠭ ᠤᠯᠤᠰ ᠦᠨ ᠲᠡᠰ ᠦᠨ ᠪᠤᠳᠠᠰ ᠦᠨ ᠪᠤᠰᠤ ᠰᠤᠶᠤᠯ ᠦᠨ ᠦᠪ ᠲᠦ ᠪᠦᠷᠢᠳᠭᠡᠭᠳᠡᠪᠡ᠃

ᠴᠤᠭᠤᠷ ᠪᠤᠯ ᠮᠤᠷᠢᠨ ᠬᠤᠭᠤᠷ ᠦᠨ ᠤᠤᠭᠠᠯ ᠬᠡᠯᠪᠡᠷᠢ ᠪᠦᠬᠡᠳ ᠮᠤᠳᠤᠨ ᠴᠤᠭᠤᠷ᠂ᠬᠤᠭᠤᠯᠠᠢ ᠵᠢᠨ ᠴᠤᠭᠤᠷ ᠪᠤᠶᠤ ᠬᠦᠭᠡᠮᠡᠢ᠂ᠬᠦᠪᠴᠢᠳᠦ ᠴᠤᠭᠤᠷ ᠬᠡᠮᠡᠨ ᠭᠤᠷᠪᠡᠨ ᠲᠦᠷᠦᠯ ᠳᠦ ᠠᠩᠬᠢᠯᠠᠭᠳᠠᠳᠠᠭ᠃ᠨᠤᠲᠤᠭ ᠤᠷᠤᠨ ᠠᠭᠤᠳᠠᠮ ᠶᠡᠬᠡ ᠪᠤᠯᠬᠤᠷ ᠮᠤᠩᠭᠤᠯ ᠦᠨ ᠡᠯ᠎ᠠ ᠠᠢᠮᠠᠭ ᠶᠠᠰᠤᠲᠠᠳ ᠡᠷᠲᠡᠨ ᠡᠴᠡ ᠠᠪᠤᠭᠠᠳ ᠴᠤᠭᠤᠷ ᠢ ᠶᠠᠩᠵᠦ ᠶᠠᠩᠵᠦ ᠪᠡᠷ ᠨᠡᠷᠡᠯᠡᠳᠡᠭ᠃ᠬᠦᠪᠴᠢᠲᠦ ᠴᠤᠭᠤᠷ ᠢ ᠭᠤᠷᠪᠠ ᠠᠩᠬᠢᠯᠠᠵᠦ᠂ᠬᠤᠷᠴᠢᠨ ᠳᠦ ᠴᠤᠭᠤᠷ ᠭᠡᠵᠦ᠂ᠲᠤᠷᠭᠤᠳ ᠲᠦ ᠬᠤᠭᠤᠷ ᠭᠡᠵᠦ᠂ᠴᠠᠬᠠᠷ ᠰᠦᠨᠢᠳ ᠦᠵᠦᠮᠦᠴᠢᠨ ᠳᠦ ᠬᠦᠷᠵᠡᠨ ᠴᠤᠭᠤᠷ ᠪᠤᠶᠤ ᠬᠢᠯᠭᠠᠰᠤᠨ ᠴᠤᠭᠤᠷ ᠭᠡᠳᠡᠭ᠃

1953ᠤᠨ ᠳᠦ᠂ᠢᠥᠢ ᠪᠤᠤ ᠯᠢᠨ ᠬᠤᠷᠴᠢᠨ ᠵᠡᠬᠦᠨ ᠭᠠᠷᠤᠨ ᠲᠤᠮᠳᠠᠳᠦ ᠬᠤᠰᠢᠭᠤᠨ ᠳᠦ ᠲᠦᠷᠦᠵᠡᠢ᠃ᠬᠠᠷᠠᠬᠠᠨ ᠪᠠᠭ᠎ᠠ ᠡᠴᠡ ᠪᠠᠨ ᠴᠤᠭᠤᠷ ᠲᠦ ᠲᠤᠷ᠎ᠠ ᠪᠠᠬ᠎ᠠ ᠲᠠᠢ ᠪᠠᠢᠵᠦ᠂ ᠠᠷᠠᠳ ᠦᠨ ᠤᠷᠠᠨ ᠰᠠᠢᠬᠠᠨᠴᠢ ᠬᠤᠸᠨᠩ ᠦᠯᠵᠢ ᠳᠦ ᠱᠠᠪᠢ ᠤᠷᠤᠵᠦ᠂ᠬᠤᠵᠢᠮ ᠨᠢ ᠤᠯᠠᠨ ᠬᠤᠭᠤᠷᠴᠢᠳ ᠦᠨ ᠲᠠᠪᠠᠭᠤᠯᠢᠭ ᠢ ᠨᠡᠢᠳᠭᠡᠨ ᠰᠢᠩᠬᠡᠭᠰᠡᠨ ᠵᠢᠡᠷ ᠤᠷ᠎ᠠ ᠮᠡᠷᠭᠡᠵᠢᠯ ᠳᠦ ᠪᠠᠨ ᠤᠯᠠᠮ ᠵᠢᠡᠷ ᠪᠤᠯᠪᠠᠰᠤᠷᠠᠨ ᠴᠠᠭᠠᠷᠠᠵᠠᠢ᠃2008 ᠤᠨ ᠳᠦ᠂ᠦᠪᠡᠷ ᠵᠢᠡᠨ ᠮᠦᠩᠬᠦ ᠲᠦᠭᠦᠷᠢᠭ ᠭᠠᠷᠭᠠᠵᠦ ᠪᠠᠢᠭᠠᠳ ᠲᠦᠩᠯᠢᠶᠤᠤ ᠬᠤᠳᠠ ᠵᠢᠨ ᠬᠤᠷᠴᠢᠨ ᠦ ᠴᠤᠭᠤᠷᠴᠢᠳ ᠦᠨ ᠡᠪᠯᠡᠯ ᠢ ᠪᠠᠢᠭᠤᠯᠪᠠ᠃ 2009 ᠤᠨ ᠳᠦ ᠴᠤᠭᠤᠷ ᠦᠪᠦᠷ ᠮᠤᠩᠭᠤᠯ ᠦᠨ ᠦᠪᠡᠷᠲᠡᠭᠡᠨ ᠵᠠᠰᠠᠬᠤ ᠤᠷᠤᠨ ᠦ ᠪᠤᠳᠠᠰ ᠦᠨ ᠪᠤᠰᠤ ᠰᠤᠶᠤᠯ ᠦᠨ ᠦᠪ ᠲᠦ ᠪᠦᠷᠢᠳᠭᠡᠭᠳᠡᠵᠦ᠂ᠢᠥᠢ ᠪᠤᠤ ᠯᠢᠨ ᠦᠪᠦᠷ ᠮᠤᠩᠭᠤᠯ ᠦᠨ ᠦᠪᠡᠷᠲᠡᠭᠡᠨ ᠵᠠᠰᠠᠬᠤ ᠤᠷᠤᠨ ᠦ ᠴᠤᠭᠤᠷ ᠦᠨ ᠲᠦᠯᠦᠬᠡᠯᠡᠬᠦ ᠴᠢᠨᠠᠷᠲᠠᠢ ᠤᠯᠠᠮᠵᠢᠯᠠᠭᠴᠢ ᠨᠢ ᠪᠤᠯᠪᠠ᠃

ᠴᠤᠭᠤᠷ ᠦᠨ ᠤᠷᠠᠯᠢᠭ ᠢ ᠨᠡᠩ ᠬᠦᠨ ᠬᠠᠢᠵᠦ᠂ᠤᠯᠠᠮ ᠲᠦᠷᠭᠡᠨ ᠬᠦᠭᠵᠢᠬᠦᠯᠬᠦ ᠵᠢᠨ ᠲᠦᠯᠦᠬᠡ᠂ᠢᠥᠢ ᠪᠤᠤ ᠯᠢᠨ ᠡᠯ᠎ᠠ ᠲᠦᠷᠦᠯ ᠦᠨ ᠤᠷᠤᠯᠳᠤᠭᠠᠨ᠂ᠪᠤᠯᠪᠠᠰᠤᠷᠠᠯ᠂ᠲᠠᠢᠯᠤᠮᠵᠢ᠂ᠰᠤᠷᠪᠤᠯᠵᠢᠯᠠᠭ᠎ᠠ ᠵᠢ ᠵᠤᠬᠢᠶᠠᠨ ᠪᠠᠢᠭᠤᠯᠤᠭᠰᠠᠨ ᠪᠦᠬᠡᠳ ᠲᠡᠳᠡᠭᠡᠷ ᠠᠵᠢᠯᠯᠠᠭ᠎ᠠ ᠳᠦ ᠪᠡᠶᠡᠳᠡᠨ ᠤᠷᠤᠯᠴᠠᠵᠠᠢ᠃2008 ᠤᠨ ᠳᠦ᠂ᠬᠤᠷᠴᠢᠨ ᠦ ᠴᠤᠭᠤᠷᠴᠢᠳ ᠦᠨ ᠡᠪᠯᠡᠯ ᠨᠢ ᠲᠦᠩᠯᠢᠶᠤᠤ ᠬᠤᠳᠠ ᠵᠢᠨ ᠠᠩᠬᠠᠳᠠᠭᠴᠢ ᠬᠤᠭᠤᠴᠠᠭᠠᠨ ᠦ《ᠮᠤᠩᠭᠤᠯ ᠶᠤᠸᠠᠨ》ᠬᠤᠨᠳᠠᠭᠠᠳᠦ ᠴᠤᠭᠤᠷ ᠦᠨ ᠶᠡᠬᠡ ᠤᠷᠤᠯᠳᠤᠭᠠᠨ ᠡᠷᠬᠢᠯᠡᠵᠦ᠂2009 ᠤᠨ ᠳᠦ ᠦᠪᠦᠷ ᠮᠤᠩᠭᠤᠯ ᠦᠨ ᠨᠠᠮ ᠦᠨ ᠬᠤᠷᠢᠶ᠎ᠠ ᠵᠢᠨ ᠤᠬᠠᠭᠤᠯᠬᠤ ᠬᠡᠯᠳᠡᠰ ᠭᠤᠤᠯᠯᠠᠨ ᠡᠷᠬᠢᠯᠡᠵᠦ᠂ᠦᠪᠦᠷ ᠮᠤᠩᠭᠤᠯ ᠦᠨ ᠶᠡᠬᠡ ᠰᠤᠷᠭᠠᠭᠤᠯᠢ ᠵᠢᠨ ᠤᠷᠠᠯᠢᠭ ᠦᠨ ᠲᠡᠭᠡᠳᠦ ᠰᠤᠷᠭᠠᠭᠤᠯᠢ ᠲᠠᠭᠠᠭᠠᠴᠢᠯᠠᠨ ᠡᠷᠬᠢᠯᠡᠭᠰᠡᠨ ᠴᠤᠭᠤᠷ ᠦᠨ ᠤᠯᠠᠮᠵᠢᠯᠠᠭᠴᠢᠳ ᠦᠨ 40 ᠬᠤᠨᠤᠭ ᠦᠨ ᠪᠤᠯᠪᠠᠰᠤᠷᠠᠯ ᠦᠨ ᠠᠩᠬᠢ ᠡᠷᠬᠢᠯᠡᠪᠡ᠃2011 ᠤᠨ ᠦ 11 ᠰᠠᠷ᠎ᠠ ᠳᠦ᠂ᠦᠪᠦᠷ ᠮᠤᠩᠭᠤᠯ ᠦᠨ ᠦᠪᠡᠷᠲᠡᠭᠡᠨ ᠵᠠᠰᠠᠬᠤ ᠤᠷᠤᠨ ᠦ ᠰᠤᠶᠤᠯ ᠦᠨ ᠲᠢᠩᠬᠢᠮ ᠡᠴᠡ ᠬᠤᠷᠴᠢᠨ ᠵᠡᠭᠦᠨ ᠭᠠᠷᠤᠨ ᠲᠤᠮᠳᠠᠳᠦ ᠬᠤᠰᠢᠭᠤ ᠵᠢ《ᠴᠤᠭᠤᠷ ᠦᠨ ᠤᠷᠠᠯᠢᠭ ᠦᠨ ᠨᠤᠲᠤᠭ》ᠬᠡᠮᠡᠨ ᠨᠡᠷᠡᠢᠳᠴᠦ᠂2012 ᠤᠨ ᠦ 1ᠰᠠᠷ᠎ᠠ ᠳᠦ᠂ᠬᠤᠷᠴᠢᠨ ᠵᠡᠬᠦᠨ ᠭᠠᠷᠤᠨ ᠲᠤᠮᠳᠠᠳᠦ ᠬᠤᠰᠢᠭᠤ ᠠᠩᠬᠠᠳᠠᠭᠴᠢ ᠬᠤᠭᠤᠴᠠᠭᠠᠨ ᠦ 《ᠰᠸᠷᠠᠰᠢ》ᠬᠤᠳᠠᠭᠠᠳᠦ ᠴᠤᠭᠤᠷ ᠦᠨ ᠶᠡᠬᠡ ᠤᠷᠤᠯᠳᠤᠭᠠᠨ ᠬᠢᠪᠡ᠃2012ᠤᠨ ᠦ 5ᠰᠠᠷ᠎ᠠ ᠳᠦ᠂ᠦᠪᠦᠷ ᠮᠤᠩᠭᠤᠯ ᠦᠨ ᠦᠨᠳᠦᠰᠦᠲᠡᠨ ᠦ ᠶᠡᠬᠡ ᠰᠤᠷᠭᠠᠭᠤᠯᠢ ᠵᠢᠨ ᠮᠤᠩᠭᠤᠯ ᠰᠤᠳᠤᠯᠤᠯ ᠦᠨ ᠲᠡᠭᠡᠳᠦ ᠰᠤᠷᠭᠠᠭᠤᠯᠢ ᠴᠤᠭᠤᠷ ᠦᠨ ᠡᠷᠳᠡᠮ ᠰᠢᠨᠵᠢᠯᠡᠬᠡᠨ ᠦ ᠮᠡᠳᠡᠬᠦᠯᠦᠯᠲᠡ ᠵᠢᠨ ᠬᠤᠷᠠᠯ ᠬᠢᠪᠡ᠃20 14 ᠤᠨ ᠦ 11 ᠰᠠᠷ᠎ᠠ ᠳᠦ᠂ᠲᠦᠩᠯᠢᠶᠤᠤ ᠳᠦ ᠢᠥᠢ ᠪᠤᠤ ᠯᠢᠨ ᠦ 《ᠵᠡᠭᠦᠳᠦᠨ ᠳᠦ ᠠᠮᠢᠯᠠᠭᠰᠠᠨ ᠴᠤᠭᠤᠷ》ᠨᠡᠷᠡᠮᠵᠢᠲᠦ ᠪᠠᠭᠰᠢ ᠰᠤᠷᠤᠭᠴᠢᠳ ᠦᠨ ᠬᠦᠭᠵᠢᠮ ᠦᠨ ᠺᠤᠨᠼᠸᠷᠲ ᠢ ᠡᠷᠬᠢᠯᠡᠪᠡ᠃ᠬᠡᠳᠦᠨ ᠵᠢᠯ ᠦᠨ ᠲᠤᠷᠰᠢ᠂ᠲᠡᠷᠡ ᠪᠡᠷ ᠤᠯᠠᠨ ᠡᠷᠳᠡᠮᠲᠡᠨ ᠮᠡᠷᠭᠡᠵᠢᠯᠲᠡᠡ᠂ᠠᠷᠠᠳ ᠦᠨ ᠤᠷᠠᠨ ᠰᠠᠢᠬᠠᠨᠴᠢᠳ ᠢ ᠰᠤᠷᠪᠤᠯᠵᠢᠯᠠᠭᠰᠠᠨ ᠦ ᠬᠠᠮᠳᠦ ᠵᠠᠭᠤᠭᠠᠳ ᠴᠤᠭᠤᠷ ᠦᠨ ᠠᠶ᠎ᠠ ᠪᠠ ᠬᠡᠳᠦᠨ ᠵᠠᠭᠤᠨ ᠲᠦᠷᠪᠡᠨ ᠤᠲᠠᠰᠤᠳᠦ ᠬᠤᠭᠤᠷ ᠦᠨ ᠠᠶ᠎ᠠ ᠵᠢ ᠴᠤᠭᠯᠠᠭᠤᠯᠵᠠᠢ᠃

《ᠴᠤᠭᠤᠷ ᠦᠨ ᠤᠷᠠᠯᠢᠭ ᠢ ᠤᠯᠠᠮ ᠪᠦᠷᠢᠨ ᠬᠦᠢᠴᠡᠳ ᠤᠯᠠᠮᠵᠢᠯᠠᠵᠦ᠂ᠨᠡᠩ ᠤᠯᠠᠨ ᠵᠠᠯᠠᠭᠤᠴᠤᠳ ᠢ ᠡᠨᠡ ᠲᠠᠯ᠎ᠠ ᠵᠢᠨ ᠮᠡᠷᠭᠡᠵᠢᠯᠲᠡᠡ ᠪᠤᠯᠭᠠᠬᠤ ᠪᠤᠯ ᠮᠢᠨᠦ ᠬᠦᠰᠡᠯ ᠮᠦᠷᠦᠬᠡᠳᠦᠯ ᠶᠤᠮ》ᠭᠡᠵᠦ ᠢᠥᠢ ᠪᠤᠤ ᠯᠢᠨ ᠬᠡᠯᠡᠵᠦ ᠪᠠᠢᠪᠠ᠃ᠦᠨᠳᠦᠰᠦᠲᠡᠨ ᠦ ᠰᠤᠶᠤᠯ ᠳᠦ ᠪᠠᠨ ᠬᠠᠢᠷᠠᠲᠠᠢ ᠢᠥᠢ ᠪᠤᠤ ᠯᠢᠨ ᠴᠤᠭᠤᠷ ᠦᠨ ᠤᠷᠠᠯᠢᠭ ᠦᠨ ᠰᠤᠷᠭᠠᠨ ᠬᠦᠮᠦᠵᠢᠯ ᠪᠠ ᠴᠤᠭᠤᠷ ᠦᠨ ᠤᠷᠠᠯᠢᠭ ᠢ ᠤᠯᠠᠮᠵᠢᠯᠠᠨ ᠲᠡᠯᠭᠡᠷᠡᠬᠦᠯᠬᠦ ᠦᠢᠯᠡᠰ ᠲᠦ ᠤᠷᠳᠦ ᠬᠤᠭᠤᠴᠠᠭ᠎ᠠ ᠪᠠᠷ ᠵᠢᠳᠭᠦᠨ᠂ᠬᠤᠷᠴᠢᠨ ᠦ ᠴᠤᠭᠤᠷ ᠦᠨ ᠤᠷᠠᠯᠢᠭ ᠢ ᠠᠪᠤᠷᠠᠬᠤ ᠡᠮᠬᠢᠯᠡᠬᠦ ᠲᠠᠯ᠎ᠠ ᠪᠡᠷ ᠴᠢᠬᠤᠯᠠ ᠬᠤᠪᠢ ᠨᠡᠮᠡᠷᠢ ᠦᠵᠡᠬᠦᠯᠦᠭᠰᠡᠨ ᠶᠤᠮ᠃

ᠢᠥᠢ ᠪᠤᠤ ᠯᠢᠨ

ᠢᠥᠢ ᠪᠤᠤ ᠯᠢᠨ ᠦ《ᠵᠡᠭᠦᠳᠦᠨ ᠳᠦ ᠠᠮᠢᠯᠠᠭᠰᠠᠨ ᠴᠤᠭᠤᠷ》ᠨᠡᠷᠡᠮᠵᠢᠲᠦ ᠪᠠᠭᠰᠢ ᠰᠤᠷᠤᠭᠴᠢᠳ ᠦᠨ ᠬᠦᠭᠵᠢᠮ ᠦᠨ ᠺᠤᠨᠼᠸᠷᠲ

ᠢᠥᠢ ᠪᠤᠤ ᠯᠢᠨ ᠦ ᠤᠮᠪᠤᠯᠤ ᠨᠢ ᠴᠦ ᠴᠤᠭᠤᠷ ᠰᠤᠷᠳᠠᠭ

ᠬᠦᠳᠡᠭᠡ ᠨᠤᠲᠤᠭ ᠲᠦ ᠰᠤᠷᠪᠤᠯᠵᠢᠯᠠᠨ᠎ᠠ

ᠴᠤᠭᠤᠷ ᠬᠦᠭᠵᠢᠮᠳᠡᠬᠦ ᠵᠢ ᠵᠢᠯᠤᠭᠤᠳᠴᠦ ᠪᠤᠢ

ᠵᠠᠷᠤᠳ ᠬᠤᠰᠢᠭᠤᠨ ᠦ ᠯᠦᠪᠸᠢ ᠵᠢᠨ ᠮᠤᠩᠭ᠋ᠤᠯ ᠦᠨᠳᠦᠰᠦᠲᠡᠨ ᠦ ᠲᠤᠷᠰᠢᠯᠲᠠ ᠵᠢᠨ ᠪᠠᠭ᠎ᠠ ᠰᠤᠷᠭᠠᠭᠤᠯᠢ ᠳᠦ ᠬᠢᠭ᠌ᠰᠡᠨ ᠴᠤᠭᠤᠷ ᠦᠨ ᠲᠠᠢᠢᠯᠤᠮᠵᠢ ᠵᠢᠨ ᠬᠢᠴᠢᠶᠡᠯ
ᠵᠤᠬᠢᠶᠠᠭᠴᠢ᠄ ᠪᠠᠶᠠᠨᠴᠠᠭᠠᠨ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 650
ᠴᠠᠭ᠄ 2015 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁