ᠤᠷᠠᠳ ᠦᠨ ᠲᠤᠮᠳᠠᠳᠦ ᠬᠤᠰᠢᠭᠤᠨ ᠦ ᠤᠷᠠᠨ ᠴᠢᠯᠠᠭᠤᠳ

ᠪᠠᠶᠠᠨᠨᠠᠭᠤᠷ ᠬᠤᠳᠠ ᠵᠢᠨ ᠤᠷᠠᠳ ᠦᠨ ᠲᠤᠮᠳᠠᠳᠦ ᠬᠤᠰᠢᠭᠤᠨ ᠳᠦ ᠬᠦᠷᠬᠦ ᠪᠡᠷ ᠬᠦᠳᠡᠭᠡ ᠲᠠᠯ᠎ᠠ᠂ᠲᠠᠷᠢᠶᠠᠯᠠᠩ ᠠᠭᠤᠷᠬᠠᠢ᠂ᠠᠮᠢᠵᠢᠷᠠᠯ ᠬᠦᠭᠵᠢᠶᠡᠨᠲᠡᠢ ᠬᠢᠯᠢ ᠵᠢᠨ ᠪᠤᠭᠤᠮᠳᠠ ᠵᠢᠨ ᠠᠵᠦ ᠠᠬᠤᠢ ᠬᠠᠷᠠᠭᠳᠠᠳᠠᠭ ᠪᠤᠯᠪᠠᠴᠦ᠂ᠮᠠᠨ ᠳᠦ ᠬᠦᠨᠵᠡᠬᠡᠢ ᠰᠠᠭᠤᠭᠳᠠᠯ ᠦᠯᠡᠳᠡᠭᠡᠭᠰᠡᠨ ᠨᠢ ᠬᠠᠷᠢᠨ ᠡᠨᠳᠡᠬᠢ ᠵᠢᠨ ᠴᠢᠯᠠᠭᠤ᠎ — ᠪᠠᠢᠢᠭᠠᠯᠢ ᠵᠢᠨ ᠴᠢᠯᠠᠭᠤᠳ ᠪᠠ ᠬᠦᠮᠦᠨᠯᠢᠭ᠌ ᠦᠨ ᠴᠢᠯᠠᠭᠤᠳ ᠪᠠᠢᠢᠪᠠ᠃

ᠬᠤᠰᠢᠭᠤᠨ ᠦ ᠡᠮᠦᠨ᠎ᠠ ᠪᠡᠶ᠎ᠠ ᠳᠦ《ᠰᠠᠯᠬᠢ ᠮᠦᠰᠦᠳᠦᠯᠬᠡ ᠵᠢᠨ ᠢᠳᠡᠭᠳᠡᠯ ᠦᠨ ᠭᠠᠵᠠᠷ ᠰᠢᠨᠵᠢᠯᠡᠭᠡᠨ ᠦ ᠴᠡᠴᠡᠷᠯᠢᠭ》ᠪᠠᠢᠢᠳᠠᠭ᠂18 ᠲᠦᠮᠡᠨ ᠬᠠᠪᠲᠠᠭᠠᠢ ᠲᠦᠷᠪᠡᠯᠵᠢᠨ ᠮᠸᠲ᠋ᠷ  ᠲᠠᠯᠠᠪᠠᠢ ᠲᠠᠢ ᠡᠨᠡ ᠴᠡᠴᠡᠷᠯᠢᠭ ᠲᠤᠳᠤᠷᠠᠬᠢ ᠡᠯᠳᠡᠪ ᠬᠠᠴᠢᠨ ᠬᠡᠯᠪᠡᠷᠢ ᠲᠦᠷᠰᠦ ᠲᠠᠢ ᠴᠢᠯᠠᠭᠤᠳ ᠨᠢ ᠤᠷᠭᠤᠭᠤᠯᠤᠨ ᠪᠤᠳᠤᠯᠲᠠ ᠵᠢᠨ ᠠᠭᠤᠳᠠᠮ ᠵᠠᠢ ᠲᠠᠢ᠃ᠨᠢᠬᠡ ᠴᠢᠯᠠᠭᠤ ᠵᠢ ᠠᠳᠠᠯᠢ ᠪᠤᠰᠤ ᠲᠠᠯ᠎ᠠ ᠡᠴᠡ ᠨᠢ ᠪᠤᠶᠤ ᠠᠳᠠᠯᠢ ᠪᠤᠰᠤ ᠴᠠᠭ ᠮᠦᠴᠡ ᠳᠦ᠂ᠡᠰᠡᠭᠦᠯ᠎ᠠ ᠠᠳᠠᠯᠢ ᠪᠤᠰᠤ ᠬᠡᠷᠡᠯ ᠳᠦ ᠬᠠᠷᠠᠬᠤ ᠳᠦ ᠪᠦᠷ ᠠᠳᠠᠯᠢ ᠪᠤᠰᠤ ᠰᠡᠳᠭᠢᠭᠳᠡᠯ ᠦᠭᠴᠦ᠂ᠬᠦᠮᠦᠨ ᠦ ᠭᠠᠷ ᠵᠢᠡᠷ ᠱᠤᠭᠤᠵᠦ ᠰᠢᠢᠯᠦᠭᠰᠡᠨ ᠡᠴᠡ ᠴᠦ ᠤᠷᠠᠨ ᠭᠠᠢᠢᠬᠠᠮᠰᠢᠭᠲᠠᠢ ᠬᠠᠷᠠᠭᠳᠠᠨ᠎ᠠ᠃

ᠤᠷᠠᠳ ᠦᠨ ᠲᠤᠮᠳᠠᠳᠦ ᠬᠤᠰᠢᠭᠤᠨ ᠦ ᠰᠤᠶᠤᠯ ᠦᠨ ᠲᠠᠯᠠᠪᠠᠢ᠂ ᠶᠦᠨ ᠶᠢᠩ ᠴᠡᠴᠡᠷᠯᠢᠭ᠂ᠬᠠᠪᠤᠳᠦ ᠬᠠᠰᠠᠷ ᠠᠭᠤᠳᠠᠮ ᠲᠠᠯᠠᠪᠠᠢ᠂ᠬᠤᠨ ᠭᠠᠯᠠᠭᠤ ᠰᠤᠶᠤᠯ ᠦᠨ ᠲᠠᠯᠠᠪᠠᠢ᠂ᠲᠡᠯᠬᠡᠷ ᠬᠠᠩᠭ᠋ᠠᠢ ᠤᠷᠠᠳ ᠰᠤᠶᠤᠯ ᠦᠨ ᠬᠦᠷᠢᠶᠡᠯᠡᠩ᠂ ᠵᠦᠯᠬᠡᠲᠡᠢ ᠴᠢᠯᠠᠭᠤᠨ ᠰᠤᠶᠤᠯ ᠦᠨ ᠠᠵᠦ ᠤᠢᠢᠯᠡᠰ ᠦᠨ ᠬᠦᠷᠢᠶᠡᠯᠡᠩ ᠵᠡᠷᠬᠡ ᠨᠢ ᠬᠤᠰᠢᠭᠤᠨ ᠦ ᠲᠦᠪ ᠬᠠᠯᠢᠭᠤᠳᠤ ᠪᠠᠯᠭᠠᠰᠦ ᠪᠠᠨ ᠰᠠᠷᠠᠭᠤᠯ ᠠᠭᠤᠵᠢᠮ ᠪᠤᠯᠭᠠᠭᠰᠠᠨ ᠪᠦᠬᠡᠳ ᠴᠢᠯᠠᠭᠤᠨ ᠱᠤᠭᠤᠮᠠᠯ ᠦᠳ ᠨᠢ ᠨᠡᠩ ᠴᠦ ᠠᠳᠠᠯᠢ ᠲᠡᠰ ᠦᠨ ᠤᠷᠤᠨ ᠨᠤᠲᠤᠭ ᠲᠦ ᠬᠤᠪᠤᠷᠬᠠᠨ ᠵᠦᠢᠯᠡᠰ ᠲᠦ ᠲᠤᠭᠠᠴᠠᠭᠳᠠᠨ᠎ᠠ᠃

ᠴᠢᠯᠠᠭᠤ ᠪᠡᠷ ᠰᠡᠢᠢᠯᠵᠦ ᠱᠤᠭᠤᠭᠰᠠᠨ ᠮᠤᠩᠭ᠋ᠤᠯ ᠬᠡᠷ᠂ᠲᠠᠪᠤᠨ ᠬᠤᠰᠢᠭᠤ ᠮᠠᠯ᠂ᠮᠤᠩᠭ᠋ᠤᠯ ᠰᠢᠲᠠᠷ᠎ᠠ᠂ᠨᠡᠭᠦᠳᠡᠯ ᠮᠠᠯᠵᠢᠯ ᠦᠨ ᠵᠢᠷᠤᠭ᠂ᠬᠠᠪᠤᠳᠤ ᠬᠠᠰᠠᠷ ᠦᠨ ᠬᠦᠷᠦᠭ᠂ᠦᠨᠳᠦᠰᠦᠲᠡᠨ ᠦ ᠡᠮᠡᠭᠲᠡᠢ ᠪᠠᠭᠠᠲᠤᠷ ᠪᠠ ᠶᠦᠨ ᠶᠢᠩ ᠦᠨ ᠬᠦᠷᠦᠭ ᠵᠡᠷᠬᠡ ᠵᠢ ᠰᠤᠨᠢᠷᠬᠠᠬᠤ ᠳᠦ《ᠵᠠᠳᠠᠭᠠᠢ ᠮᠦᠽᠸᠢ》 ᠳᠦ ᠲᠤᠭᠤᠷᠢᠵᠦ ᠪᠠᠢᠢᠮᠠᠷ ᠰᠠᠨᠠᠭᠳᠠᠭᠤᠯᠤᠨ᠎ᠠ᠃ᠡᠨᠳᠡ ᠮᠠᠨ ᠦ ᠶᠡᠷᠦ ᠵᠢᠨ ᠮᠡᠳᠡᠯᠬᠡ ᠪᠠ ᠪᠠᠢᠢᠩᠭ᠋ᠤ ᠲᠤᠬᠢᠶᠠᠯᠳᠤᠳᠠᠭ ᠵᠢᠷᠤᠭ ᠲᠦᠷᠰᠦ ᠵᠢ ᠴᠢᠯᠠᠭᠤᠨ᠎ᠠ ᠰᠡᠢᠢᠯᠦᠭᠰᠡᠨ ᠨᠢ ᠴᠠᠭᠠᠰᠦ ᠠᠷᠠᠰᠦ ᠵᠡᠷᠬᠡ ᠤᠯᠠᠮᠵᠢᠯᠠᠯᠲᠦ ᠮᠠᠲ᠋ᠸᠷᠢᠶᠠᠯ ᠲᠡᠭᠡᠷ᠎ᠠ ᠤᠷᠠᠯᠠᠭᠰᠠᠨ ᠡᠴᠡ ᠨᠡᠩ ᠢᠯᠡᠬᠦᠦ ᠤᠢ ᠰᠠᠨᠠᠮᠵᠢ ᠵᠢᠨ ᠬᠦᠨ ᠳᠦ ᠦᠨᠢ ᠤᠳᠠᠭᠠᠨ ᠰᠠᠭᠤᠭᠳᠠᠬᠤ ᠪᠤᠯᠭᠠᠵᠠᠢ᠃ᠦᠨᠳᠦᠰᠦᠲᠡᠨ ᠦ ᠰᠤᠶᠤᠯ ᠵᠢᠡᠨ ᠤᠯᠠᠮᠵᠢᠯᠠᠭᠰᠠᠨ ᠮᠦᠷᠲᠡᠭᠡᠨ ᠲᠤᠬᠠᠢ ᠵᠢᠨ ᠤᠷᠤᠨ ᠦ ᠮᠠᠲ᠋ᠸᠷᠢᠶᠠᠯ ᠵᠢᠡᠨ ᠠᠰᠢᠭᠯᠠᠭᠰᠠᠨ ᠵᠢᠡᠷ ᠪᠠᠢᠢᠭᠠᠯᠢ ᠬᠦᠮᠦᠨᠯᠢᠭ ᠢ ᠲᠡᠭᠦᠯᠳᠡᠷ ᠤᠶᠠᠯᠳᠤᠭᠤᠯᠵᠦ᠂ᠬᠤᠰᠢᠭᠤ ᠨᠤᠲᠤᠭ  ᠦᠨ ᠵᠢᠡᠨ ᠲᠦᠷᠢ ᠲᠦᠷᠬᠦ ᠰᠢᠳᠢ ᠬᠦᠴᠦᠨ ᠢ ᠦᠷ᠎ᠠ ᠪᠦᠳᠦᠮᠵᠢᠲᠡᠢ ᠢᠯᠡᠷᠡᠭᠦᠯᠵᠦ ᠴᠢᠳᠠᠭᠰᠠᠨ ᠪᠠᠢᠢᠨ᠎ᠠ᠃




ᠵᠤᠬᠢᠶᠠᠭᠴᠢ᠄ ᠪᠠᠶᠠᠷ᠂ᠢᠩᠬᠡᠷ᠂ᠦᠨᠠᠨᠴᠢ᠂ᠬᠠᠰᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 416
ᠴᠠᠭ᠄ 2015 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁