ᠮᠤᠩᠭ᠋ᠤᠯ ᠦᠨ ᠤᠷᠤᠨ ᠰᠠᠭᠤᠴᠠ

ᠮᠤᠩᠭ᠋ᠤᠯ ᠳᠦ ᠬᠠᠮᠤᠭ ᠡᠴᠡ ᠪᠠᠢᠢᠩ᠋ᠭᠤ ᠬᠠᠷᠠᠭᠳᠠᠳᠠᠭ ᠪᠠᠷᠢᠯᠭ᠎ᠠ ᠭᠡᠪᠡᠯ ᠮᠤᠩᠭ᠋ᠤᠯ ᠬᠡᠷ᠃ ᠮᠤᠩᠭ᠋ᠤᠯ ᠢ ᠲᠡᠯᠡᠬᠡᠢ ᠲᠡᠭᠡᠷ᠎ᠠ ᠬᠠᠮᠤᠭ ᠤᠯᠠᠨ ᠮᠤᠩᠭ᠋ᠤᠯ ᠭᠡᠷ  ᠲᠠᠢ ᠤᠯᠤᠰ ᠭᠡᠮᠡᠨ ᠪᠠᠳᠦᠲᠠᠢ ᠬᠡᠯᠡᠵᠦ ᠴᠦ ᠪᠤᠯᠤᠨ᠎ᠠ᠃ᠨᠢᠳᠦ ᠠᠯᠳᠠᠮ᠎ᠠ ᠬᠡᠬᠡᠷ᠎ᠠ ᠲᠠᠯ᠎ᠠ ᠳᠦ ᠲᠡᠳᠦᠢ ᠦᠭᠡᠢ᠂ᠨᠡᠢᠢᠰᠯᠡᠯ ᠤᠯᠠᠭᠠᠨᠪᠠᠭᠠᠳᠤᠷ ᠦᠨ ᠤᠢᠢᠷ᠎ᠠ ᠲᠤᠭᠤᠷᠢᠨ ᠳᠦ ᠴᠦ ᠮᠤᠩᠭ᠋ᠤᠯ ᠬᠡᠷ ᠴᠠᠢᠢᠯᠵᠠᠬᠤ ᠨᠢ ᠲᠡᠯᠡᠬᠡᠢ ᠳᠦ ᠬᠤᠪᠤᠷᠬᠠᠨ ᠦᠵᠡᠮᠵᠢ᠃ᠬᠤᠳᠠ ᠵᠢᠨ ᠪᠤᠯᠤᠮᠵᠢ ᠨᠦᠬᠦᠴᠠᠯ ᠰᠠᠢᠢᠲᠠᠢ ᠬᠦᠷᠢᠶ᠎ᠠ ᠬᠠᠰᠢᠶᠠᠨ ᠳᠦ ᠪᠠᠨ ᠴᠦ ᠮᠤᠩᠭ᠋ᠤᠯᠴᠤᠳ ᠮᠤᠩᠭ᠋ᠤᠯ ᠬᠡᠷ ᠪᠠᠷᠢᠬᠤ ᠲᠤᠷᠠᠲᠠᠢ᠃ ᠮᠤᠩᠭ᠋ᠤᠯ ᠬᠡᠷ ᠦᠨ ᠰᠢᠨᠵᠢᠯᠡᠬᠦ ᠤᠬᠠᠭᠠᠨ ᠦ ᠠᠭᠤᠯᠭ᠎ᠠ ᠵᠢ ᠪᠢᠳᠡ ᠴᠦᠬᠡᠨ ᠪᠤᠰᠤ ᠤᠳᠠᠭ᠎ᠠ ᠲᠠᠨᠢᠯᠴᠠᠭᠤᠯᠵᠦ ᠪᠠᠢᠢᠭᠰᠠᠨ᠃ᠮᠡᠳᠡᠭᠡᠵᠢ᠂ ᠮᠤᠩᠭ᠋ᠤᠯ ᠭᠡᠷ ᠦᠨ ᠪᠠᠷᠢᠯᠭ᠎ᠠ ᠵᠢᠨ ᠤᠬᠠᠭᠠᠨ᠂ᠬᠦᠴᠦᠨ ᠦ ᠤᠬᠠᠭᠠᠨ᠂ᠭᠤᠣ᠎ᠠ ᠵᠦᠢ᠂ᠠᠵᠦ ᠠᠬᠤᠢ ᠵᠢᠨ ᠤᠬᠠᠭᠠᠨ ᠵᠡᠷᠭᠡ ᠲᠠᠯ᠎ᠠ ᠲᠠᠯ᠎ᠠ ᠵᠢᠨ ᠦᠨᠡ ᠦᠷᠳᠡᠭ ᠨᠢ ᠪᠠᠶᠠᠯᠢᠭ ᠪᠦᠬᠡᠳ ᠤᠳᠤ ᠵᠢᠨ ᠰᠢᠨᠵᠢᠯᠡᠬᠦ ᠤᠬᠠᠭᠠᠨ ᠲᠧᠩᠨᠢᠭ᠍ ᠮᠡᠷᠭᠡᠵᠢᠯ ᠦᠨ ᠨᠦᠬᠦᠴᠡᠯ ᠳᠦ ᠴᠦ ᠡᠳᠡᠬᠡᠷ ᠡᠯᠧᠮᠧᠨ᠋ᠲ ᠦᠳ ᠨᠢ ᠠᠭᠠᠵᠢᠮ ᠵᠢᠡᠷ ᠪᠠᠷᠢᠯᠭ᠎ᠠ ᠵᠢᠨ ᠦᠢᠯᠡᠰ ᠲᠦ ᠠᠰᠢᠭᠯᠠᠭᠳᠠᠬᠤ ᠪᠤᠯᠵᠠᠢ᠃

ᠮᠤᠩᠭ᠋ᠤᠯ ᠦᠨ ᠵᠡᠭᠦᠨ ᠪᠠᠷᠠᠭᠤᠨ᠂ᠡᠮᠦᠨ᠎ᠠ ᠬᠤᠢᠢᠨ᠎ᠠ ᠠᠯᠢ ᠴᠦ ᠨᠤᠲᠤᠭ ᠦᠳ ᠵᠢᠡᠷ ᠮᠤᠳᠤᠨ ᠪᠠᠢᠢᠰᠢᠩ ᠪᠠᠰᠠ ᠤᠯᠠᠨ ᠪᠤᠢ᠃ᠭᠤᠤᠯᠳᠠᠭᠤ ᠲᠤᠬᠠᠢ ᠵᠢᠨ ᠭᠠᠵᠠᠷ ᠦᠨ ᠨᠠᠷᠠᠰᠦ ᠪᠡᠷ ᠪᠠᠷᠢᠳᠠᠭ᠂ᠤᠷᠴᠢᠨ ᠠᠬᠤᠢ ᠳᠦ ᠬᠤᠤᠷ ᠨᠦᠯᠦᠭᠡ ᠦᠭᠡᠢ ᠮᠦᠷᠲᠡᠭᠡᠨ ᠰᠠᠭᠤᠬᠤ ᠳᠦ ᠲᠠᠭᠠᠯᠠᠮᠵᠢᠲᠠᠢ᠃ᠬᠠᠷᠢᠨ ᠰᠡᠭᠦᠯ ᠦᠨ ᠵᠢᠯ ᠦᠳ ᠡᠴᠡ ᠮᠤᠳᠤᠨ ᠪᠠᠢᠢᠰᠢᠩ ᠵᠢᠡᠨ ᠦᠩᠭᠡᠳᠦ ᠪᠤᠯᠤᠳ ᠬᠠᠪᠳᠠᠰᠦ ᠪᠡᠷ ᠲᠡᠭᠡᠪᠦᠷᠯᠡᠬᠦ ᠪᠤᠯᠤᠭᠰᠠᠨ ᠨᠢ ᠤᠳᠤ ᠦᠶ᠎ᠠ ᠵᠢᠨ ᠰᠤᠳᠤᠨ ᠤᠨᠴᠠᠯᠢᠭ ᠲᠠᠢ ᠪᠤᠯᠭᠠᠵᠠᠢ᠃ ᠮᠤᠩᠭ᠋ᠤᠯ ᠳᠦ ᠮᠤᠳᠤ ᠤᠨᠳᠤᠯᠬᠤ ᠳᠦ ᠴᠢᠩᠭ᠋᠎ᠠ ᠲᠤᠭᠳᠠᠭᠠᠯ ᠢ ᠵᠢᠷᠤᠮᠯᠠᠨ ᠲᠠᠭᠠᠬᠤ ᠬᠡᠷᠡᠭᠲᠡᠢ᠃ᠮᠠᠨ ᠦ ᠵᠠᠮ ᠳᠦ ᠬᠡᠳᠦᠨ ᠬᠦᠮᠦᠨ ᠲᠡᠪᠡᠷᠢᠵᠦ ᠪᠠᠭᠳᠠᠬᠤ ᠦᠭᠡᠢ ᠪᠦᠳᠦᠭᠦᠨ ᠮᠤᠳᠤ ᠤᠯᠠᠨ ᠬᠠᠷᠠᠭᠳᠠᠵᠦ ᠪᠠᠢᠢᠯ᠎ᠠ᠂ᠡᠪᠡᠰᠦ ᠴᠡᠴᠡᠭ ᠲᠦ ᠬᠦᠷᠳᠡᠯ᠎ᠠ ᠠᠷᠭ᠎ᠠ ᠦᠭᠡᠢ ᠬᠠᠢᠢᠷ᠎ᠠ ᠬᠠᠯᠠᠮᠵᠢ ᠲᠠᠢ ᠦᠨᠳᠦᠰᠦᠲᠡᠨ ᠤᠢ ᠮᠤᠳᠤᠨ ᠪᠠᠨ ᠬᠢᠮᠠᠭᠠᠳᠠᠨ ᠬᠠᠢᠢᠷᠠᠯᠠᠬᠤ ᠨᠢ ᠴᠦ ᠶᠠᠷᠢᠶᠠᠨ ᠦᠭᠡᠢ ᠪᠢᠵᠠ ᠡ᠃

ᠡᠩ ᠦᠨ ᠠᠢᠢᠯ ᠦᠨ ᠤᠷᠴᠢᠨ ᠰᠠᠭᠤᠴᠠ ᠵᠢᠨ ᠲᠤᠭᠤᠷᠢᠨ ᠳᠦ ᠪᠦᠷ ᠮᠤᠳᠤᠨ ᠬᠠᠰᠢᠶ᠎ᠠ ᠲᠠᠢ ᠪᠤᠯᠪᠠᠴᠦ  ᠲᠡᠳᠡ ᠬᠦᠷᠢᠶ᠎ᠠ ᠬᠠᠰᠢᠶᠠᠨ ᠳᠦ ᠪᠠᠨ ᠪᠠᠷᠤᠭ ᠨᠤᠭᠤᠭ᠎ᠠ ᠲᠠᠷᠢᠳᠠᠭ ᠦᠭᠡᠢ᠃ᠬᠡᠷ ᠦᠨ ᠲᠤᠳᠤᠷᠠᠬᠢ ᠲᠠᠪᠢᠯᠭ¬᠎ᠠ ᠲᠤᠨᠤᠭ ᠨᠢ ᠴᠦ ᠦᠪᠡᠷ ᠦᠪᠡᠷ ᠦᠨ ᠬᠢᠨᠢ ᠲᠤᠷ᠎ᠠ ᠰᠤᠨᠢᠷᠬᠠᠯ ᠵᠢᠡᠷ ᠠᠳᠠᠯᠢ ᠦᠭᠡᠢ᠂ᠭᠡᠳᠡᠯ᠎ᠠ ᠠᠢᠢᠯ ᠠᠢᠢᠯ ᠳᠦ ᠪᠦᠷ ᠴᠢᠩᠬᠢᠰ ᠬᠠᠭᠠᠨ ᠦ ᠬᠦᠷᠦᠭ ᠢ ᠨᠢ ᠬᠡᠷ ᠪᠦᠯᠢ ᠵᠢᠨ ᠵᠢᠡᠨ ᠬᠦᠮᠦᠰ ᠦᠨ ᠵᠢᠷᠤᠭ ᠦᠨ ᠲᠡᠭᠡᠳᠦ ᠲᠠᠯ᠎ᠠ ᠳᠦ ᠡᠯᠭᠦᠵᠦ ᠪᠠᠢᠢᠳᠠᠭ᠂ᠬᠦᠷᠳᠡᠭᠰᠡᠨ ᠤᠯᠠᠨ ᠮᠧᠳᠠᠯ ᠵᠢᠡᠨ ᠴᠦ ᠮᠠᠰᠢ ᠰᠠᠢᠢᠬᠠᠨ ᠬᠢᠮᠠᠭᠠᠳᠠᠨ ᠬᠠᠳᠠᠭᠠᠯᠠᠵᠦ ᠪᠤᠢ᠃ᠠᠢᠢᠯ ᠦᠳ ᠦᠨ ᠬᠡᠷ ᠪᠠᠢᠢᠰᠢᠩ ᠵᠢᠡᠨ ᠪᠦᠷ ᠬᠢᠯᠠᠢᠢᠵᠦ ᠲᠤᠯᠠᠢᠢᠲᠠᠯ᠎ᠠ ᠨᠢ ᠴᠡᠪ ᠴᠡᠪᠡᠷᠬᠡᠨ ᠪᠠᠢᠢᠯᠭᠠᠳᠠᠭ᠃

ᠮᠤᠩᠭ᠋ᠤᠯ ᠭᠡᠷ ᠦᠨ ᠲᠠᠪᠢᠯᠭ᠎ᠠ ᠲᠤᠨᠤᠭ ᠨᠢ ᠦᠪᠦᠷ ᠮᠤᠩᠭ᠋ᠤᠯ ᠦᠨ ᠬᠢ ᠲᠠᠢ ᠶᠡᠬᠡ ᠢᠯᠭᠠᠭ᠎ᠠ ᠪᠠᠢᠢᠬᠤ ᠦᠭᠡᠢ᠃ᠠᠢᠢᠯ ᠠᠢᠢᠯ ᠳᠦ ᠪᠦᠷ  ᠭᠡᠭᠦᠨ ᠦ ᠰᠦ᠋ ᠵᠢᠨ ᠬᠦᠨᠦᠭ ᠲᠠᠢ᠂ᠵᠠᠷᠢᠮ ᠨᠢ ᠠᠷᠠᠰᠦᠨ ᠦ᠂ᠵᠠᠷᠢᠮ ᠨᠢ ᠰᠦᠯᠢᠶᠤᠤ ᠵᠢᠨ᠂ᠵᠠᠷᠢᠮ ᠨᠢ ᠲᠡᠮᠦᠷᠯᠢᠭ ᠦᠨ᠃ ᠮᠤᠩᠭ᠋ᠤᠯ ᠳᠦ ᠠᠳᠤᠭᠤ ᠤᠯᠠᠨ ᠪᠤᠯᠬᠤᠷ ᠠᠢᠢᠷᠠᠭ ᠤᠤᠭᠤᠬᠤ ᠬᠦᠮᠦᠨ ᠴᠦ ᠤᠯᠠᠨ᠃ᠪᠢᠳᠡ ᠤᠯᠠᠭᠠᠨᠪᠠᠭᠠᠳᠤᠷ ᠡᠴᠡ ᠮᠠᠰᠢ ᠠᠯᠦᠰ ᠪᠠᠢᠢᠭ᠎ᠠ ᠮᠤᠩᠭ᠋ᠤᠯ ᠭᠡᠷ ᠦᠨ ᠵᠠᠬ᠎ᠠ ᠳᠦ ᠲᠧᠯᠧᠢᠰ ᠬᠦᠯᠢᠶᠡᠨ ᠠᠪᠤᠭᠴᠢ ᠪᠠ ᠬᠡᠷᠡᠯ ᠦᠨ ᠡᠨ᠋᠍ᠧᠷᠬᠢ ᠪᠡᠷ ᠴᠠᠭᠢᠯᠭᠠᠨ ᠭᠠᠷᠭᠠᠭᠴᠢ ᠵᠢ ᠤᠯᠵᠦ ᠬᠠᠷᠠᠭᠰᠠᠨ—ᠮᠤᠩᠭ᠋ᠤᠯ ᠦᠨ ᠪᠦᠬᠦᠢᠢᠯᠡ ᠮᠠᠯᠵᠢᠬᠤ ᠤᠷᠤᠨ ᠳᠦ ᠪᠦᠷ ᠤᠳᠤᠨ ᠲᠧᠯᠧᠢᠰ ᠦᠵᠡᠵᠦ ᠲᠡᠢᠢᠯᠳᠡᠭ ᠠᠵᠢ᠃

ᠮᠤᠩᠭ᠋ᠤᠯ ᠦᠨ ᠬᠤᠳᠠᠴᠢᠯᠠᠯᠲᠠ ᠲᠦᠷᠭᠡᠳᠬᠦ(ᠬᠠᠭᠠᠰ ᠢᠯᠡᠬᠦᠦ ᠬᠦᠮᠦᠨ ᠠᠮᠠ ᠨᠢ ᠬᠤᠳᠠ ᠳᠦ ᠪᠤᠢ) ᠵᠢ ᠲᠠᠭᠠᠯᠳᠤᠨ᠂ᠬᠤᠳᠠ ᠵᠢᠨ ᠪᠠᠷᠢᠯᠭ᠎ᠠ ᠨᠢ ᠴᠦ ᠤᠯᠠᠨ ᠤᠯᠤᠰ ᠦᠨ ᠬᠡᠪ ᠨᠠᠮᠪᠠ ᠲᠠᠢ ᠪᠤᠯᠵᠦ᠂ᠢᠵᠢᠯᠰᠢᠬᠦ ᠬᠠᠨᠳᠤᠰᠢ ᠲᠠᠢ ᠪᠤᠯᠤᠭᠰᠠᠨ ᠪᠠᠢᠢᠨ᠎ᠠ᠃ᠬᠤᠳᠠ ᠵᠢᠨ ᠤᠯᠠᠩᠬᠢ ᠰᠠᠭᠤᠭᠠᠯᠢ ᠠᠷᠠᠳ ᠦᠨ ᠠᠰᠠᠷ ᠪᠠᠢᠢᠰᠢᠩ᠂ᠬᠤᠳᠠᠯᠭᠤᠭᠠᠨ ᠦ ᠠᠰᠠᠷ ᠦᠳ ᠨᠢ ᠴᠦ ᠲᠡᠯᠡᠬᠡᠢ ᠵᠢᠨ ᠪᠤᠰᠤᠳ ᠬᠤᠳᠠ ᠵᠢᠨ ᠬᠢ ᠲᠠᠢ ᠪᠠᠷᠤᠭ ᠢᠯᠭᠠᠭ᠎ᠠ ᠦᠭᠡᠢ ᠪᠤᠯᠵᠠᠢ᠃ᠬᠤᠳᠠ ᠬᠦᠳᠡᠬᠡ ᠬᠡᠰᠡᠨ ᠦᠭᠡᠢ᠂ᠵᠠᠷᠢᠮ ᠠᠰᠠᠷ ᠪᠠᠢᠢᠰᠢᠩ ᠨᠢ ᠵᠦᠪᠯᠡᠯᠲᠦ ᠤᠷᠤᠰ ᠦᠨ ᠬᠡᠪ ᠨᠠᠮᠪᠠ ᠲᠠᠢ ᠠᠵᠠᠢ᠃ᠪᠦᠬᠡ ᠵᠢᠨ ᠦᠷᠭᠦᠭᠡ᠂ᠬᠤᠷᠢᠮ ᠦᠨ ᠤᠷᠳᠤᠨ ᠵᠡᠷᠭᠡ ᠤᠯᠠᠨ ᠨᠠᠢᠢᠳᠡ ᠵᠢᠨ ᠪᠠᠷᠢᠯᠭ᠎ᠠ ᠨᠢ ᠬᠠᠷᠢᠨ ᠲᠤᠳᠤᠬᠠᠨ ᠮᠤᠩᠭ᠋ᠤᠯ ᠬᠡᠪ ᠨᠡᠮᠪᠠ ᠲᠠᠢ᠃ ᠮᠤᠩᠭ᠋ᠤᠯ ᠪᠠᠷᠢᠯᠭ᠎ᠠ ᠵᠢᠨ  ᠬᠡᠪ ᠨᠠᠮᠪᠠ ᠵᠢ ᠬᠠᠮᠤᠭ ᠡᠴᠡ ᠢᠯᠡᠬᠦᠦ ᠲᠦᠯᠦᠭᠡᠯᠡᠵᠦ ᠴᠢᠳᠠᠬᠤ ᠪᠦᠬᠡᠳ ᠦᠨᠳᠦᠰᠦᠲᠡᠨ ᠦ ᠰᠤᠶᠤᠯ ᠦᠨ ᠪᠡᠯᠬᠡ ᠲᠡᠮᠳᠡᠭ ᠦᠨ ᠴᠢᠨᠠᠷᠲᠠᠢ ᠪᠠᠷᠢᠯᠭ᠎ᠠ ᠭᠡᠪᠡᠯ ᠮᠤᠩᠭ᠋ᠤᠯ ᠭᠡᠷ ᠡᠴᠡ ᠦᠭᠡᠷ᠎ᠠ ᠠᠯᠠᠭ᠎ᠠ᠃ᠬᠦᠪᠰᠦᠬᠦᠯ ᠠᠢᠢᠮᠠᠭ ᠦᠨ ᠨᠢᠭᠡᠨ ᠪᠠᠭ

ᠶᠡᠬᠡ ᠠᠭᠤᠯᠠ ᠰᠤᠮᠦ ᠵᠢᠨ ᠰᠠᠭᠤᠭᠠᠯᠢ ᠠᠷᠠᠳ ᠦᠨ ᠰᠢᠨ᠎ᠠ ᠪᠠᠢᠢᠰᠢᠩ

ᠶᠡᠬᠡ ᠴᠤᠭᠯᠠᠭᠠᠨ ᠨᠢ ᠮᠦᠨ ᠴᠦ ᠮᠤᠩᠭ᠋ᠤᠯ ᠬᠡᠷ ᠦᠨ ᠴᠤᠭᠯᠠᠭᠠᠨ

ᠪᠠᠢᠢᠰᠢᠩ ᠵᠢᠡᠨ ᠲᠡᠭᠡᠪᠦᠷᠯᠡᠭᠰᠡᠨ ᠪᠤᠯᠤᠳ ᠬᠠᠪᠳᠠᠰᠦ ᠨᠢ ᠤᠯᠤᠰ ᠦᠨ ᠲᠤᠭ ᠲᠠᠢ ᠪᠠᠨ ᠢᠵᠢᠯᠢᠬᠡᠨ ᠦᠩᠬᠡ ᠲᠠᠢ

ᠮᠤᠩᠭ᠋ᠤᠯᠴᠤᠳ ᠠᠷᠢᠭᠤᠨ ᠴᠡᠪᠡᠷ ᠢ ᠮᠠᠰᠢ ᠡᠷᠬᠢᠮᠯᠡᠳᠡᠭ

ᠵᠤᠭᠠᠴᠠᠯ ᠦᠨ ᠭᠠᠵᠠᠷ ᠲᠦ ᠪᠠᠢᠢᠳᠠᠭ ᠲᠡᠭᠡᠳᠦ ᠵᠡᠷᠭᠡᠯᠡᠯ ᠦᠨ ᠮᠤᠳᠤᠨ ᠪᠠᠢᠢᠰᠢᠩ

ᠬᠤᠳᠠ ᠡᠴᠡ ᠬᠡᠳᠦᠢ ᠬᠤᠯᠠ ᠪᠠᠢᠢᠭᠰᠠᠨ ᠴᠦ ᠮᠠᠯᠵᠢᠬᠤ ᠤᠷᠤᠨ ᠦ ᠬᠢᠨ ᠪᠦᠷ ᠲᠸᠯᠸᠢᠰ ᠦᠵᠡᠵᠦ ᠴᠢᠳᠠᠨ᠎ᠠ

ᠮᠤᠳᠤᠨ ᠬᠠᠰᠢᠶᠠᠨ ᠳᠦ ᠪᠠᠨ ᠮᠤᠩᠭ᠋ᠤᠯ ᠬᠡᠷ ᠲᠠᠢ

ᠮᠤᠩᠭ᠋ᠤᠯ ᠬᠡᠷ ᠲᠤᠳᠤᠷ᠎ᠠ ᠮᠠᠰᠢ ᠴᠡᠪᠡᠷᠬᠡᠨ ᠪᠠᠢᠢᠳᠠᠭ

ᠮᠤᠩᠭ᠋ᠤᠯ  ᠭᠡᠷ ᠲᠦ ᠡᠯᠭᠦᠵᠦ ᠪᠠᠢᠢᠭ᠎ᠠ ᠮᠤᠷᠢᠨ ᠲᠡᠯ ᠪᠤᠯ ᠮᠤᠷᠢ ᠨᠢ ᠡᠵᠡᠨ ᠦ ᠪᠠᠨ ᠲᠦᠯᠦᠬᠡ ᠤᠯᠠᠨ ᠵᠢᠯ ᠬᠦᠴᠦᠨ ᠴᠢᠳᠠᠯ ᠵᠢᠡᠨ ᠡᠷᠭᠦᠭᠰᠡᠨ ᠪᠤᠶᠤ ᠤᠷᠤᠯᠳᠤᠭᠠᠨ ᠳᠦ ᠱᠠᠩ ᠬᠦᠷᠳᠡᠵᠦ ᠪᠠᠢᠢᠭᠰᠠᠨ ᠦ ᠬᠢ ᠲᠤᠷᠠᠰᠬᠠᠯ

ᠶᠡᠬᠡ ᠴᠤᠭᠯᠠᠭᠠᠨ ᠳᠦ ᠰᠢᠨ᠎ᠠ ᠮᠠᠶᠢᠭ ᠦᠨ ᠮᠤᠩᠭ᠋ᠤᠯ ᠬᠡᠷ ᠲᠡᠯᠬᠡᠨ ᠦᠵᠡᠬᠦᠯᠵᠦ ᠪᠤᠢᠤᠯᠠᠭᠠᠨᠪᠠᠭᠠᠳᠤᠷ ᠦᠨ ᠦᠵᠡᠮᠵᠢ
ᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 575
ᠴᠠᠭ᠄ 2015 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁